ᠰᠢᠯᠢ ᠶ᠋ᠢᠨ ᠭᠤᠤᠯ ᠠᠢᠮᠠᠭ ᠪᠤᠯ ᠦᠪᠦᠷ ᠮᠤᠩᠭᠤᠯ ᠤ᠋ᠨ ᠮᠠᠯ ᠠᠵᠤ ᠠᠬᠤᠢ ᠶ᠋ᠢᠨ ᠴᠢᠬᠤᠯᠠ ᠰᠠᠭᠤᠷᠢᠨ ᠪᠠᠢᠵᠤ᠂ ᠰᠢᠯᠢᠩᠬᠤᠳᠠ ᠪᠤᠯ ᠰᠢᠯᠢ ᠶ᠋ᠢᠨ ᠭᠤᠤᠯ ᠠᠢᠮᠠᠭ ᠤ᠋ᠨ ᠮᠠᠯ ᠠᠵᠤ ᠠᠬᠤᠢ ᠶ᠋ᠢᠨ ᠬᠦᠭᠵᠢᠯᠳᠡ ᠶ᠋ᠢ ᠤᠢᠯᠠᠭᠠᠬᠤ ᠴᠢᠬᠤᠯᠠ ᠴᠤᠩᠬᠤ ᠮᠦᠨ᠃ ᠤᠢᠷ᠎ᠠ ᠵᠢᠨ ᠵᠢᠯ ᠳ᠋ᠤ ᠰᠢᠯᠢᠩᠬᠤᠳᠠ ᠤᠷᠤᠨ ᠪᠠᠢᠷᠢ ᠶ᠋ᠢᠨ ᠳᠠᠪᠠᠭᠤᠯᠢᠭ᠂ ᠡᠬᠢ ᠪᠠᠶᠠᠯᠢᠭ ᠤ᠋ᠨ ᠳᠠᠪᠠᠭᠤᠯᠢᠭ ᠪᠠ ᠠᠵᠤ ᠦᠢᠯᠡᠰ ᠤ᠋ᠨ ᠰᠠᠭᠤᠷᠢ ᠶ᠋ᠢᠨ ᠳᠠᠪᠠᠭᠤᠯᠢᠭ ᠶ᠋ᠢᠡᠨ ᠭᠦᠢᠴᠡᠳ ᠪᠠᠳᠠᠷᠠᠭᠤᠯᠤᠨ᠂ ᠵᠠᠬ᠎ᠠ ᠳᠡᠯᠭᠡᠭᠦᠷ ᠦ᠋ᠨ ᠬᠡᠷᠡᠭ᠌ᠴᠡᠭᠡ ᠱᠠᠭᠠᠷᠳᠠᠯᠭ᠎ᠠ ᠪᠤᠯᠤᠨ ᠬᠤᠪᠢᠷᠠᠯᠲᠠ ᠶ᠋ᠢᠨ ᠬᠠᠨᠳᠤᠰᠢ ᠵᠢ ᠰᠢᠨᠵᠢᠯᠡᠬᠦ ᠤᠬᠠᠭᠠᠨᠴᠢ ᠪᠡᠷ ᠮᠦᠷᠳᠡᠨ ᠲᠠᠭᠠᠵᠦ᠂ ᠤᠯᠤᠰ ᠤ᠋ᠨ ᠴᠢᠬᠤᠯᠠ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠦᠢᠯᠡᠳᠪᠦᠷᠢᠯᠡᠯ ᠤ᠋ᠨ ᠰᠠᠭᠤᠷᠢᠨ ᠢ᠋ ᠪᠦᠲᠦᠭᠡᠨ ᠪᠠᠢᠭᠤᠯᠬᠤ ᠶᠡᠬᠡ ᠴᠢᠭᠯᠡᠯ ᠶ᠋ᠢᠡᠷ ᠮᠢᠬ᠎ᠠ᠂ ᠰᠦ᠂ ᠡᠪᠡᠰᠦ ᠳ᠋ᠤ ᠰᠠᠭᠤᠷᠢᠯᠠᠭᠰᠠᠨ ᠠᠵᠤ ᠦᠢᠯᠡᠰ ᠤ᠋ᠨ ᠬᠡᠯᠬᠢᠶ᠎ᠠ ᠪᠡᠨ ᠪᠦᠷᠢᠨᠰᠢᠭᠦᠯᠦᠨ ᠤᠷᠳᠤᠳᠬᠠᠵᠤ᠂ ᠤᠳᠤ ᠦᠶ᠎ᠠ ᠶ᠋ᠢᠨ ᠮᠠᠯ ᠠᠵᠤ ᠠᠬᠤᠶ ᠶ᠋ᠢᠨ ᠴᠢᠨᠠᠷ ᠰᠠᠢᠲᠠᠶ ᠬᠥᠭ᠌ᠵᠢᠯᠲᠡ ᠵᠢᠨ ᠵᠠᠮ ᠢ᠋ ᠰᠦᠪᠡᠭᠴᠢᠯᠡᠨ ᠨᠡᠭᠡᠭᠡᠪᠡ᠃
ᠡᠨᠳᠡᠬᠢ ᠮᠠᠯᠴᠢᠳ 《ᠴᠦᠬᠡᠨ ᠪᠦᠭᠡᠳ ᠴᠢᠨᠠᠷᠯᠢᠭ ᠮᠠᠯᠵᠢᠬᠤ》 ᠶ᠋ᠢ ᠡᠷᠬᠢᠮᠯᠡᠵᠤ ᠪᠠᠢᠨ᠎ᠠ
ᠴᠣᠠᠠᠠᠠᠭᠤᠯᠠ ᠰᠤᠮᠤ ᠪᠤᠯ ᠰᠢᠯᠢᠩᠬᠤᠳᠠ ᠶ᠋ᠢᠨ ᠦᠵᠦᠮᠦᠴᠢᠨ ᠬᠤᠨᠢ ᠲᠡᠵᠢᠭᠡᠨ ᠦᠷᠡᠵᠢᠭᠦᠯᠬᠦ ᠭᠤᠤᠯᠯᠠᠬᠤ ᠤᠷᠤᠨ ᠪᠠᠢᠵᠤ᠂ ᠤᠳᠤᠬᠠᠨ ᠳ᠋ᠤ 13 ᠲᠦᠮᠡ ᠤᠷᠴᠢᠮ ᠦᠵᠦᠮᠤᠴᠢᠨ ᠬᠤᠨᠢ ᠮᠠᠯᠵᠢᠵᠤ ᠪᠤᠢ᠃ ᠲᠦᠷᠦᠭᠦᠬᠡᠨ ᠲᠤᠰ ᠰᠤᠮᠤ ᠳ᠋ᠤ ᠶᠠᠪᠤᠭᠳᠠᠭᠰᠠᠨ ᠦᠵᠦᠮᠦᠴᠢᠨ ᠬᠤᠨᠢ ᠶ᠋ᠢᠨ ᠠᠳᠠᠯᠢᠳᠬᠠᠨ ᠰᠢᠯᠭᠠᠷᠠᠭᠤᠯᠤᠯᠳᠠ ᠳ᠋ᠤ ᠲᠤᠰ ᠰᠤᠮᠤ ᠶ᠋ᠢᠨ ᠵᠠᠯᠠᠭᠤ ᠮᠠᠯᠴᠢᠨ ᠡᠡᠭᠭᠡᠮᠡᠨᠳᠤ ᠵᠢᠨ ᠬᠢᠨ ᠤ᠋ ᠰᠦᠷᠦᠭ ᠤ᠋ᠨ ᠰᠢᠳᠤᠯᠠᠡᠭ ᠡᠮ᠎ᠡ ᠬᠤᠨᠢ ᠨᠢ ᠪᠦᠬᠦ ᠠᠢᠮᠠᠭ ᠤ᠋ᠨ ᠡᠯ᠎ᠠ ᠭᠠᠵᠠᠷ ᠡᠴᠡ ᠢᠷᠡᠭᠰᠡᠨ ᠦᠵᠦᠮᠦᠴᠢᠨ ᠬᠤᠨᠢ ᠮᠠᠯᠵᠢᠬᠤ ᠲᠤᠮᠤ ᠡᠷᠦᠬᠡ ᠶ᠋ᠢᠨ ᠰᠦᠷᠦᠭ ᠤ᠋ᠳ ᠤ᠋ᠨ ᠳᠤᠮᠳᠠ ᠮᠠᠩᠯᠠᠢᠯᠠᠵᠤ ᠨᠢᠭᠡᠳᠦᠭᠡᠷ ᠲᠡᠰ ᠲᠤ᠌ ᠲᠤᠳᠤᠷᠠᠪᠠ᠃ 《ᠮᠠᠨ ᠤ᠋ ᠮᠠᠯᠴᠢᠳ ᠬᠤᠴᠠ ᠲᠠᠯᠪᠢᠬᠤ ᠳ᠋ᠠᠭᠠᠨ ᠬᠣᠲᠠ ᠶ᠋ᠢᠨ ᠦᠷᠡᠵᠢᠭᠦᠯᠦᠨ ᠪᠣᠢᠵᠢᠭᠤᠯᠬᠤ ᠲᠥᠪ ᠡᠴᠡ ᠬᠤᠴᠠ ᠰᠤᠡᠭᠭᠤᠬᠤ ᠨᠢ ᠤᠯᠠᠰᠢᠷᠠᠪᠠ᠃ ᠢᠡᠭᠭᠢᠬᠦ ᠨᠢ ᠰᠠᠢᠨ ᠡᠭᠦᠯᠳᠡᠷ ᠤ᠋ᠨ ᠬᠤᠴᠠ ᠵᠢ ᠰᠤᠩᠭᠤᠵᠤ ᠲᠡᠢᠯᠬᠦ ᠮᠦᠷᠳᠡᠬᠡᠨ ᠪᠠᠰᠠ ᠵᠠᠰᠠᠭ ᠤ᠋ᠨ ᠤᠷᠳᠤᠨ ᠤ᠋ ᠨᠦᠬᠦᠪᠦᠷᠢ ᠵᠢ ᠬᠦᠷᠳᠡᠳᠡᠭ ᠶᠤᠮ᠃ ᠡᠳᠦᠭᠡ ᠮᠠᠨ ᠤ᠋ ᠮᠠᠯᠴᠢᠳ ᠡᠭᠦᠯᠳᠡᠷ ᠴᠢᠨᠠᠷ ᠢ᠋ ᠲᠦᠷᠦᠭᠦᠨ ᠳ᠋ᠤ ᠲᠠᠯᠪᠢᠵᠦ᠂ ᠨᠤᠲᠤᠭ ᠪᠡᠯᠴᠢᠭᠡᠷ ᠤ᠋ᠨ ᠶ᠋ᠢᠡᠨ ᠲᠠᠭᠠᠭᠠᠴᠠ ᠵᠢ ᠤᠨᠴᠠ ᠠᠡᠭᠬᠠᠷᠳᠠᠭ ᠪᠤᠯᠤᠭᠰᠠᠨ ᠰᠢᠦ!》 ᠭᠡᠵᠤ ᠡᠩᠬᠡᠮᠡᠨᠳᠤ ᠶᠠᠷᠢᠵᠤ ᠪᠠᠢᠯ᠎ᠠ᠃ ᠡᠨᠡ ᠬᠦ᠌ ᠦᠬᠡ ᠨᠢ ᠲᠤᠬᠠᠢ ᠶ᠋ᠢᠨ ᠭᠠᠵᠠᠷ ᠤ᠋ᠨ ᠮᠠᠯᠴᠢᠳ 《ᠴᠥᠭᠡᠨ ᠪᠦᠭᠡᠳ ᠴᠢᠨᠠᠷᠯᠢᠭ ᠮᠠᠯᠵᠢᠬᠤ》 ᠶ᠋ᠢ ᠡᠷᠬᠢᠮᠯᠡᠬᠦ ᠪᠤᠯᠤᠭᠰᠠᠨ ᠮᠠᠯᠵᠢᠯ ᠤ᠋ᠨ ᠠᠷᠭ᠎ᠠ ᠪᠠᠷᠢᠯ ᠤ᠋ᠨ ᠬᠤᠪᠢᠷᠠᠯᠳᠠ ᠵᠢ ᠬᠠᠷᠠᠭᠤᠯᠤᠨ᠎ᠠ᠃

ᠬᠤᠸᠠᠰᠢ ᠦᠬᠡᠷ
ᠤᠢᠷ᠎ᠠ ᠵᠢᠨ ᠠᠷᠪᠠᠭᠠᠳ ᠵᠢᠯ ᠤ᠋ᠨ ᠲᠤᠷᠰᠢ᠂ ᠰᠢᠯᠢᠡᠭᠬᠣᠲᠠ ᠦᠷ᠎ᠡ ᠶ᠋ᠢᠨ ᠮᠠᠯ ᠢ᠋ ᠮᠠᠯ ᠠᠵᠤ ᠠᠬᠤᠢ ᠶ᠋ᠢ ᠬᠥᠭ᠌ᠵᠢᠭᠦᠯᠦᠨ ᠮᠠᠨᠳᠤᠭᠤᠯᠬᠤ ᠴᠢᠬᠤᠯᠠ ᠭᠠᠷᠳᠠᠴᠠ ᠪᠣᠯᠭᠠᠨ ᠠᠳᠬᠤᠵᠤ᠂ ᠮᠢᠬᠠᠨ ᠤ᠋ ᠦᠢᠯᠡᠰ ᠤ᠋ᠨ ᠬᠦᠭᠵᠢᠯᠳᠡ ᠶ᠋ᠢᠨ ᠰᠠᠭᠤᠷᠢ ᠶ᠋ᠢ ᠡᠷᠴᠢᠮᠳᠠᠢ ᠪᠡᠬᠢᠵᠢᠭᠦᠯᠪᠡ᠃ ᠦᠵᠦᠮᠦᠴᠢᠨ ᠬᠣᠨᠢ ᠭᠡᠬᠦ ᠡᠨᠡ ᠬᠦ᠌ ᠤᠷᠤᠨ ᠨᠤᠲᠤᠭ ᠤ᠋ᠨ ᠱᠢᠯᠢᠳᠡᠭ ᠡᠭᠦᠯᠳᠡᠷ ᠢ᠋ ᠬᠠᠮᠠᠭᠠᠯᠠᠬᠤᠶ᠋ᠢᠨ ᠲᠥᠯᠥᠭᠡ᠂ 《ᠦᠵᠦᠮᠦᠴᠢᠨ ᠬᠣᠨᠢᠨ ᠤ᠋ ᠡᠭᠦᠯᠳᠡᠷ ᠤ᠋ᠨ ᠤᠯᠤᠰ ᠤ᠋ᠨ ᠪᠠᠷᠢᠮᠵᠢᠶ᠎ᠠ (GB / T3822-2008)》 ᠳ᠋ᠤ ᠰᠠᠭᠤᠷᠢᠯᠠᠨ᠂ 2022 ᠣᠨ ᠳ᠋ᠤ ᠳᠦᠷᠢᠮᠵᠢᠭᠦᠨ ᠡᠭᠦᠯᠳᠡᠷ ᠪᠣᠢᠵᠢᠭᠤᠯᠬᠤ ᠠᠵᠢᠯ ᠢ᠋ ᠡᠬᠢᠯᠡᠭᠦᠯᠵᠦ᠍᠂ ᠪᠥᠬᠥ᠌ ᠬᠣᠲᠠ ᠶ᠋ᠢᠨ 200 ᠭᠠᠷᠤᠶ ᠮᠠᠯᠵᠢᠬᠤ ᠡᠷᠦᠬᠡ ᠶ᠋ᠢᠨ ᠦᠵᠦᠮᠦᠴᠢᠨ ᠬᠣᠨᠢ ᠳ᠋ᠤ ᠲᠤᠰᠭᠠᠶ ᠮᠡᠷᠭᠡᠵᠢᠯ ᠤ᠋ᠨ ᠬᠢᠨᠠᠨ ᠲᠣᠭ᠍ᠲᠠᠭᠠᠯᠲᠠ ᠬᠢᠭᠰᠡᠨ ᠤᠷᠢᠳᠠᠯ ᠲᠤᠤᠷ᠎ᠠ 《ᠦᠷᠡᠵᠢᠭᠦᠯᠦᠨ ᠪᠣᠢᠵᠢᠭᠤᠯᠬᠤ ᠲᠥᠪ + ᠥᠷᠭᠡᠳᠭᠡᠨ ᠦᠷᠡᠵᠢᠭᠦᠯᠬᠦ᠌ ᠲᠠᠯᠠᠪᠠᠶ + ᠦᠵᠦᠮᠦᠴᠢᠨ ᠬᠤᠨᠢ ᠵᠢᠨ ᠭᠤᠤᠯᠳᠠᠯᠭᠠᠲᠤ ᠰᠦᠷᠦᠭ》 ᠭᠤᠷᠪᠠ ᠶ᠋ᠢ ᠤᠶᠠᠯᠳᠤᠭᠤᠯᠤᠭᠰᠠᠨ ᠡᠭᠦᠯᠳᠡᠷ ᠪᠣᠢᠵᠢᠭᠤᠯᠬᠤ ᠱᠢᠰᠲ᠋ᠧᠮ ᠢ᠋ ᠪᠠᠢᠭᠤᠯᠪᠠ᠃ ᠣᠳᠣᠬᠠᠨ ᠳ᠋ᠤ ᠲᠣᠰ ᠬᠣᠲᠠ ᠶ᠋ᠢᠨ ᠦᠷ᠎ᠡ ᠶ᠋ᠢᠨ ᠮᠠᠯ ᠦᠷᠡᠵᠢᠭᠦᠯᠦᠨ ᠪᠣᠢᠵᠢᠭᠤᠯᠬᠤ ᠲᠥᠪ 1᠂ ᠥᠷᠭᠡᠳᠭᠡᠨ ᠦᠷᠡᠵᠢᠭᠦᠯᠬᠦ᠌ ᠲᠠᠯᠠᠪᠠᠶ 12᠂ ᠭᠤᠤᠯᠳᠠᠯᠭᠠᠲᠤ ᠰᠦᠷᠦᠭ 78 ᠪᠤᠯᠵᠦ᠂ ᠵᠢᠯ ᠦ᠋ᠨ ᠦᠷ᠎ᠡ ᠵᠢᠨ ᠮᠠᠯ ᠬᠠᠩᠭᠠᠬᠤ ᠴᠢᠳᠠᠪᠤᠷᠢ ᠨᠢ 3000 ᠶ᠋ᠢ ᠳᠠᠪᠠᠵᠤ᠂ ᠦᠵᠦᠮᠦᠴᠢᠨ ᠬᠤᠨᠢᠨ ᠤ᠋ ᠡᠭᠦᠯᠳᠡᠷ ᠴᠢᠨᠠᠷ ᠵᠢᠯ ᠲᠤᠳᠤᠮ ᠰᠠᠢᠵᠢᠷᠠᠵᠠᠢ᠃
ᠰᠢᠯᠢᠡᠭᠬᠤᠳᠠ ᠦᠵᠦᠮᠦᠴᠢᠨ ᠬᠣᠨᠢ ᠵᠢᠨ ᠠᠵᠤ ᠦᠶ᠋ᠯᠡᠰ ᠢ᠋ ᠯᠠᠪᠳᠠᠭᠤᠨ ᠵᠢᠠᠷ ᠠᠬᠢᠭᠤᠯᠬᠤ ᠶ᠋ᠢᠨ ᠵᠡᠷᠭᠡ ᠪᠡᠷ ᠮᠢᠬᠠᠨ ᠤ᠋ ᠦᠬᠡᠷ ᠦ᠋ᠨ ᠡᠭᠦᠯᠳᠡᠷ ᠰᠠᠢᠵᠢᠷᠠᠭᠤᠯᠬᠤ ᠠᠵᠢᠯ ᠢ᠋ ᠴᠤ᠌ ᠵᠡᠷᠭᠡ ᠪᠡᠷ ᠠᠳᠬᠤᠵᠦ ᠢᠯᠡᠳᠲᠡ ᠦᠷ᠎ᠡ ᠪᠦᠲᠦᠮᠵᠢ ᠤᠯᠵᠠᠢ᠃ ᠣᠳᠣᠬᠠᠨ ᠳ᠋ᠤ ᠪᠦᠬᠦ ᠬᠤᠳᠠ ᠳ᠋ᠤ ᠪᠤᠬ᠎ᠠ ᠶ᠋ᠢᠨ ᠲᠠᠯᠠᠪᠠᠶ 2 ᠢ᠋ ᠪᠠᠢᠭᠤᠯᠵᠤ᠂ ᠱᠢᠮᠧᠨ᠋ᠳ᠋ᠠᠷ ᠦᠬᠡᠷ ᠦ᠋ᠨ ᠭᠤᠤᠯᠳᠠᠯᠭᠠᠲᠤ ᠰᠦᠷᠦᠭ 14 ᠪᠠᠢᠬᠤ ᠪᠦᠭᠡᠳ ᠬᠤᠸᠠᠰᠢ ᠦᠬᠡᠷ ᠦ᠋ᠨ ᠡᠭᠦᠯᠳᠡᠷ ᠪᠣᠢᠵᠢᠭᠤᠯᠬᠤ ᠰᠦᠷᠦᠭ 5 ᠪᠠᠢᠵᠤ᠂ ᠥᠰᠥᠯᠲᠡ ᠨᠢ ᠲᠦᠷᠭᠡᠨ ᠪᠦᠭᠡᠳ ᠮᠢᠬ᠎ᠠ ᠭᠠᠷᠬᠤ ᠨᠢ ᠰᠠᠢᠨ 《ᠰᠠᠢᠨ ᠡᠭᠦᠯᠳᠡᠷ ᠦ᠋ᠨ ᠮᠢᠬᠠᠨ ᠤ᠋ ᠦᠬᠡᠷ》 ᠢ᠋ ᠮᠠᠯᠴᠢᠳ ᠦ᠋ᠨ 《 ᠴᠢᠨᠠᠷᠯᠢᠬ ᠮᠠᠯᠵᠢᠵᠦ ᠤᠷᠤᠯᠭ᠎ᠠ ᠪᠡᠨ ᠨᠡᠮᠡᠭᠳᠡᠭᠦᠯᠬᠦ》 ᠲᠡᠷᠢᠭᠦᠨ ᠰᠣᠩᠭᠣᠯᠲᠠ ᠪᠣᠯᠭᠠᠨ᠂ ᠮᠢᠬᠠᠨ ᠤ᠋ ᠦᠬᠡᠷ ᠦ᠋ᠨ ᠠᠵᠤ ᠦᠶ᠋ᠯᠡᠰ ᠦ᠋ᠨ ᠬᠡᠯᠬᠢᠶ᠎ᠡ ᠶ᠋ᠢ ᠭᠤᠤᠯᠳᠠᠯᠭᠠᠲᠤ ᠰᠦᠷᠦᠭ ᠡᠴᠡ ᠨᠢᠳᠤᠯᠵᠦ ᠪᠣᠯᠪᠠᠰᠤᠷᠠᠭᠤᠯᠬᠤ ᠭᠣᠭ᠍ᠴᠣᠭᠠ ᠲᠡᠢᠰᠢ ᠲᠠᠰ ᠳᠡᠪᠱᠢᠭᠦᠯᠬᠦ ᠶ᠋ᠢ ᠠᠬᠢᠭᠤᠯᠪᠠ᠃
ᠲᠣᠰ ᠬᠣᠲᠠ ᠶ᠋ᠢᠨ ᠪᠠᠶᠠᠨᠪᠤᠯᠠᠭ ᠰᠤᠮᠤ ᠶ᠋ᠢᠨ ᠮᠠᠯᠴᠢᠨ ᠡᠷᠳᠡᠨᠢᠰᠦ᠋ᠬᠡ 2015 ᠣᠨ ᠡᠴᠡ ᠡᠬᠢᠯᠡᠨ ᠱᠢᠮᠧᠨ᠋ᠳ᠋ᠠᠷ ᠦᠬᠡᠷ ᠮᠠᠯᠵᠢᠵᠤ ᠪᠠᠢᠭᠰᠠᠨ ᠶ᠋ᠢᠡᠨ ᠣᠳᠣ 30 ᠴᠡᠪᠡᠷ ᠡᠭᠦᠯᠳᠡᠷ ᠦ᠋ᠨ ᠬᠤᠸᠠᠰᠢ ᠦᠬᠡᠷ ᠮᠠᠯᠵᠢᠵᠤ ᠪᠠᠢᠨ᠎ᠠ᠃ 《 ᠨᠢᠳᠤᠨᠤᠨ ᠦᠬᠡᠷ ᠦ᠋ᠨ ᠦᠨ᠎ᠡ ᠬᠠᠩᠰᠢ ᠪᠠᠭᠤᠷᠠᠬᠤ ᠦᠶ᠎ᠡ ᠳ᠋ᠤ 20 ᠬᠤᠸᠠᠰᠢ ᠦᠭᠡᠷ ᠦ᠋ᠨ ᠳᠤᠮᠳᠠᠴᠢ ᠦᠨ᠎ᠡ ᠮᠥᠨ ᠬᠦ᠌ 1 ᠲᠦᠮᠡᠨ ᠲᠥᠭᠥᠷᠢᠭ ᠢ᠋ ᠳᠠᠪᠠᠵᠠᠶ᠃ ᠡᠨᠡ ᠵᠢᠯ ᠦ᠋ᠨ ᠳᠤᠮᠳᠠᠴᠢ ᠦᠨ᠎ᠡ ᠨᠢ 1.8 ᠲᠦᠮᠡᠨ ᠲᠥᠭᠥᠷᠢᠭ ᠪᠣᠯᠲᠠᠯ᠎ᠠ ᠥᠰᠴᠦ᠍᠂ ᠠᠱᠢᠭ ᠣᠷᠣᠯᠭ᠎ᠠ ᠬᠠᠷᠢᠴᠠᠡᠭᠭᠤᠢ ᠲᠤᠭᠳᠠᠭᠤᠨ ᠪᠦᠭᠡᠳ ᠨᠤᠲᠤᠭ ᠪᠡᠯᠴᠢᠭᠡᠷ ᠴᠦ᠍ ᠢᠳᠡᠭ ᠢᠳᠡᠭ ᠵᠢᠠᠷ ᠰᠡᠷᠭᠦᠵᠦ ᠢᠷᠡᠪᠡ》 ᠭᠡᠵᠦ ᠡᠷᠳᠡᠨᠢᠰᠦ᠋ᠬᠡ ᠶᠠᠷᠢᠵᠤ ᠪᠠᠢᠯ᠎ᠠ᠃
ᠱᠢᠯᠢᠡᠭᠬᠣᠲᠠ ᠤᠳᠤ ᠬᠤᠳᠠ ᠵᠢᠨ ᠤᠮᠠᠷᠠᠲᠤ ᠬᠡᠰᠡᠭ ᠲᠤ᠌ ᠴᠡᠪᠡᠷ ᠡᠭᠦᠯᠳᠡᠷ ᠤ᠋ᠨ ᠮᠢᠬᠠᠨ ᠤ᠋ ᠬᠤᠨᠢ ᠶ᠋ᠢ ᠦᠷᠡᠵᠢᠭᠦᠯᠦᠨ ᠪᠣᠢᠵᠢᠭᠤᠯᠬᠤ ᠭᠤᠤᠯᠯᠠᠬᠤ ᠣᠷᠣᠨ ᠢ᠋ ᠪᠠᠢᠭᠤᠯᠵᠤ᠂ ᠡᠮᠦᠨᠡᠲᠦ ᠬᠡᠰᠡᠭ ᠲᠤ᠌ ᠮᠢᠬᠠᠨ ᠤ᠋ ᠬᠣᠨᠢ ᠶ᠋ᠢᠨ ᠡᠷᠯᠢᠰᠡᠵᠢᠭᠦᠯᠦᠯᠲᠡ ᠶ᠋ᠢᠨ ᠵᠢᠱ᠌ᠢᠶ᠎ᠡ ᠦᠵᠡᠭᠦᠯᠬᠦ᠌ ᠰᠠᠭᠤᠷᠢᠨ ᠢ᠋ ᠪᠠᠢᠭᠤᠯᠤᠨ᠂ ᠱᠢᠯᠢ ᠶ᠋ᠢᠨ ᠭᠤᠤᠯ ᠤ᠋ᠨ ᠰᠠᠪᠠ ᠭᠠᠵᠠᠷ ᠲᠤ᠌ ᠮᠢᠬᠠᠨ ᠤ᠋ ᠦᠬᠡᠷ ᠲᠡᠵᠢᠭᠡᠨ ᠦᠷᠡᠵᠢᠭᠦᠯᠬᠦ᠌ ᠳᠡᠭᠡᠳᠦ ᠲᠠᠰ ᠤ᠋ᠨ ᠠᠵᠤ ᠦᠶ᠋ᠯᠡᠰ ᠤ᠋ᠨ ᠪᠦᠰᠡ ᠵᠢ ᠪᠠᠢᠭᠤᠯᠵᠤ᠂ ᠬᠣᠲᠠ ᠶ᠋ᠢᠨ ᠲᠡᠭᠦᠷᠭᠡ ᠳ᠋ᠤ ᠮᠠᠯ ᠤ᠋ᠨ ᠠᠱᠢᠭ ᠰᠢᠮ᠎ᠠ ᠲᠠᠷᠢᠶᠠᠯᠠᠩ ᠤ᠋ᠨ ᠪᠦᠲᠦᠭᠡᠭ᠌ᠳᠡᠬᠦᠨ ᠢ᠋ ᠨᠠᠷᠢᠯᠢᠭ ᠡᠳ᠋ᠱᠢᠭᠦᠯᠤᠨ ᠪᠤᠯᠪᠠᠰᠤᠷᠠᠭᠤᠯᠬᠤ ᠭᠤᠤᠯᠯᠠᠬᠤ ᠣᠷᠣᠨ ᠢ᠋ ᠪᠠᠢᠷᠢᠱᠢᠭᠤᠯᠬᠤ ᠪᠡᠷ ᠲᠦᠯᠦᠪᠯᠡᠵᠦ ᠪᠠᠢᠨ᠎ᠠ᠃
ᠡᠨᠳᠡᠬᠢ ᠠᠵᠤ ᠠᠬᠤᠢᠯᠠᠯ 《ᠨᠠᠷᠢᠯᠢᠭ ᠡᠳ᠋ᠰᠢᠭᠦᠯᠤᠨ ᠪᠤᠯᠪᠠᠰᠤᠷᠠᠭᠤᠯᠬᠤ》 ᠶ᠋ᠢ ᠰᠦᠪᠡᠭᠴᠢᠯᠡᠵᠤ ᠪᠠᠢᠨ᠎ᠠ
ᠱᠢᠯᠢᠳᠡᠭ ᠡᠭᠦᠯᠳᠡᠷ ᠤ᠋ᠨ ᠪᠠᠶᠠᠨ ᠰᠦᠷᠦᠭ ᠤ᠋ᠨ ᠬᠡᠰᠢᠭ ᠪᠤᠯᠤᠭᠰᠠᠨ ᠴᠢᠨᠠᠷᠯᠢᠭ ᠪᠦᠲᠦᠭᠡᠭᠳᠡᠭᠦᠨ ᠶ᠋ᠢᠡᠨ ᠬᠡᠷᠬᠢᠨ ᠬᠡᠷᠡᠭᠯᠡᠭᠴᠢᠳ ᠲᠤ᠌ ᠰᠠᠢᠳᠦᠷ ᠲᠠᠨᠢᠭᠤᠯᠬᠤ ᠪᠤᠢ? ᠱᠢᠯᠢᠡᠭᠬᠣᠲᠠ ᠠᠵᠤ ᠦᠶ᠋ᠯᠡᠰ ᠦ᠋ᠨ ᠬᠦᠷᠢᠶᠡᠯᠡᠩ ᠲᠣᠭᠣᠷᠢᠭ ᠶ᠋ᠢᠡᠷ ᠠᠴᠢᠶᠠᠯᠠᠪᠤᠷᠢ ᠪᠣᠯᠭᠠᠨ᠂ ᠦᠩᠭᠡᠷᠡᠭᠰᠡᠨ ᠤ᠋ 《ᠠᠮᠢᠳᠤ ᠮᠠᠯ ᠬᠤᠳᠠᠯᠳᠤᠵᠦ᠂ ᠱᠢᠨ᠎ᠡ ᠰᠦ ᠪᠤᠷᠤᠯᠠᠭᠤᠯᠬᠤ》 ᠪᠡᠷ ᠭᠤᠤᠯᠯᠠᠵᠤ ᠪᠠᠢᠭ᠍ᠰᠠᠨ ᠮᠠᠯ ᠠᠵᠤ ᠠᠬᠤᠢ ᠪᠡᠨ 《ᠨᠠᠷᠢᠯᠢᠭ ᠡᠳ᠋ᠱᠢᠭᠦᠯᠤᠨ ᠪᠤᠯᠪᠠᠰᠤᠷᠠᠭᠤᠯᠤᠭᠰᠠᠨ ᠪᠦᠲᠦᠭᠡᠭ᠌ᠳᠡᠬᠦᠨ ᠬᠤᠳᠠᠯᠳᠤᠬᠤ》 ᠲᠡᠢᠰᠢ ᠬᠤᠪᠢᠷᠠᠭᠤᠯᠤᠭᠰᠠᠨ ᠪᠦᠭᠡᠳ ᠰᠣᠶᠣᠯ ᠵᠢᠭᠤᠯᠴᠢᠯᠠᠯ ᠲᠠᠢ ᠠᠭᠤᠰᠤᠯᠴᠠᠭᠤᠯᠬᠤ ᠲᠤᠷᠰᠢᠴᠠ ᠬᠢᠵᠦ᠂ ᠠᠵᠤ ᠦᠶ᠋ᠯᠡᠰ ᠤ᠋ᠨ ᠬᠡᠯᠬᠢᠶ᠎ᠡ ᠶ᠋ᠢᠨ ᠭᠣᠭ᠍ᠴᠣᠭᠠ ᠪᠤᠯᠭᠠᠨ ᠢ᠋ 《ᠠᠮᠢ ᠠᠬᠤᠶ》 ᠪᠠ 《ᠠᠰᠢᠬ ᠤᠷᠤᠯᠭ᠎ᠠ》 ᠲᠠᠢ ᠬᠤᠯᠪᠤᠨ᠂ ᠮᠠᠯ ᠠᠵᠤ ᠠᠬᠤᠢ ᠶ᠋ᠢ ᠪᠦᠬᠦ ᠠᠵᠤ ᠦᠢᠯᠡᠰ ᠤ᠋ᠨ ᠬᠡᠯᠬᠢᠶ᠎ᠠ ᠪᠡᠷ ᠦᠷᠳᠡᠭ ᠨᠡᠮᠡᠭᠳᠡᠬᠦᠯᠬᠦ ᠰᠢᠨ᠎ᠡ ᠵᠠᠮ ᠢ᠋ ᠨᠡᠭᠡᠭᠡᠯᠠ᠃

ᠮᠤᠳᠤᠨ ᠮᠠᠯᠵᠢᠯ ᠤ᠋ᠨ ᠲᠠᠯᠠᠪᠠᠢ ᠵᠢᠨ ᠬᠠᠳᠤᠯᠠᠡᠭ
《ᠬᠦᠳᠡᠭᠡ ᠨᠤᠲᠤᠭ ᠤ᠋ᠨ ᠵᠢᠵᠢᠭ ᠦᠢᠯᠡᠳᠭᠡᠯ ᠤ᠋ᠨ ᠭᠠᠵᠠᠷ ᠲᠠᠭᠠᠨ ᠴᠠᠭᠠᠨ ᠢᠳᠡᠭᠡᠨ ᠬᠢᠵᠦ ᠪᠠᠢᠭᠰᠠᠨ ᠡᠴᠡ ᠪᠡᠨ ᠤᠳᠤ ᠬᠦᠷᠢᠶᠡᠯᠡᠩ ᠲᠣᠭᠣᠷᠢᠭ ᠤ᠋ᠨ ᠪᠠᠷᠢᠮᠵᠢᠶᠠᠲᠤ ᠦᠢᠯᠡᠳᠬᠡᠯ ᠳ᠋ᠤ ᠰᠢᠯᠵᠢᠵᠤ᠂ ᠬᠤᠷᠤᠳ ᠪᠠ ᠥᠷᠥᠮ᠎ᠡ ᠪᠡᠨ ᠨᠠᠷᠢᠯᠢᠭ ᠡᠳ᠋ᠱᠢᠭᠦᠯᠦᠨ ᠪᠤᠭᠤᠳᠠᠯᠯᠠᠭᠠᠳ ᠬᠤᠯᠠ ᠤᠢ᠍ᠢᠷᠠ ᠳ᠋ᠠᠭᠠᠨ ᠠᠯᠳᠠᠷᠱᠢᠭ᠍ᠰᠠᠨ ᠨᠡᠷᠡᠲᠤ ᠦᠢᠯᠡᠳᠬᠦᠨ ᠪᠤᠯᠭᠠᠯ᠎ᠠ》 ᠭᠡᠵᠦ ᠱᠢᠯᠢᠡᠭᠬᠣᠲᠠ ᠶ᠋ᠢᠨ ᠴᠠᠭᠠᠨ ᠢᠳᠡᠭᠡᠨ ᠤ᠋ ᠰᠣᠶᠣᠯ ᠤ᠋ᠨ ᠠᠵᠤ ᠦᠶ᠋ᠯᠡᠰ ᠤ᠋ᠨ ᠬᠦᠷᠢᠶᠡᠯᠡᠩ ᠤ᠋ᠨ ᠰᠢᠮ᠎ᠡ ᠰᠠᠢᠨ ᠠᠷᠠᠯᠵᠢᠶ᠎ᠠ ᠬᠤᠳᠠᠯᠳᠤᠭᠠᠨ ᠤ᠋ ᠬᠢᠵᠠᠭᠠᠷᠲᠤ ᠺᠣᠮᠫᠠᠨᠢ ᠶ᠋ᠢᠨ ᠶᠡᠷᠦᠩᠬᠡᠶ ᠳᠠᠭᠠᠭᠠᠮᠠᠯ ᠦᠷᠴᠠᠢᠬᠤ ᠪᠠᠶᠠᠷᠲᠠᠢ ᠲᠠᠨᠢᠯᠴᠠᠭᠤᠯᠤᠨ᠎ᠠ᠃
ᠰᠢᠮ᠎ᠠ ᠰᠠᠢᠲᠠᠶ ᠰᠦ ᠪᠡᠨ ᠨᠠᠩ ᠥᠨᠳᠥᠷ ᠦᠨ᠎ᠠ ᠦᠷᠳᠡᠭ ᠲᠠᠢ ᠪᠤᠯᠭᠠᠬᠤ ᠶ᠋ᠢᠨ ᠲᠥᠯᠥᠭᠡ᠂ ᠱᠢᠯᠢᠩᠬᠣᠲᠠ 2018 ᠣᠨ ᠡᠴᠡ ᠡᠬᠢᠯᠡᠨ ᠨᠡᠢᠲᠡ 1.5 ᠳ᠋ᠦᠩᠱᠢᠭᠤᠷ ᠲᠥᠭᠥᠷᠢᠭ ᠦ᠋ᠨ ᠪᠡᠯᠡ ᠣᠷᠣᠭᠤᠯᠤᠨ ᠱᠸᠤ ᠹᠠᠡᠭ ᠢᠳᠡᠭᠡᠨ ᠤ᠋ ᠠᠵᠤ ᠦᠢᠯᠡᠰ ᠤ᠋ᠨ ᠬᠦᠷᠢᠶᠡᠯᠡᠩ ᠲᠣᠭᠣᠷᠢᠭ ᠢ᠋ ᠪᠠᠢᠭᠤᠯᠵᠤ᠂ 5.9 ᠲᠦᠮᠡᠨ ᠲᠡᠭ᠌ᠰᠢ ᠳᠥᠷᠪᠡᠯᠵᠢᠨ ᠮᠧᠲᠷ ᠪᠦᠬᠦᠢ ᠦᠢᠯᠡᠳᠪᠦᠷᠢᠯᠡᠯ ᠦ᠋ᠨ ᠲᠤᠭᠤᠷᠢᠭ ᠢ᠋ ᠪᠦᠲᠦᠭᠡᠨ ᠪᠠᠢᠭᠤᠯᠪᠠ᠃ 2022 ᠣᠨ ᠳ᠋ᠤ ᠴᠠᠭᠠᠨ ᠢᠳᠡᠭᠡᠨ ᠤ᠋ ᠰᠣᠶᠣᠯ ᠤ᠋ᠨ ᠠᠵᠤ ᠦᠶ᠋ᠯᠡᠰ ᠦ᠋ᠨ ᠬᠦᠷᠢᠶᠡᠯᠡᠩ ᠦ᠋ᠨ ᠪᠥᠲᠥᠭᠡᠨ ᠪᠠᠢᠭᠤᠯᠤᠯᠲᠠ ᠶ᠋ᠢ ᠠᠬᠢᠭᠤᠯᠵᠤ᠂ ᠪᠠᠷᠢᠮᠵᠢᠶᠠᠵᠢᠭᠤᠯᠤᠭ᠍ᠰᠠᠨ ᠲᠥᠬᠥᠭᠡᠷᠦᠮᠵᠢ ᠪᠠ ᠤᠷ᠎ᠠ ᠮᠡᠷᠭᠡᠰᠢᠯ ᠢ᠋ ᠣᠷᠣᠭᠤᠯᠵᠤ ᠠᠪᠴᠢᠷᠠᠨ᠂ ᠴᠠᠭᠠᠨ ᠢᠳᠡᠭᠡᠨ ᠤ᠋ ᠤᠯᠠᠮᠵᠢᠯᠠᠯᠲᠤ ᠦᠨᠦᠷ ᠠᠮᠲᠠ ᠶ᠋ᠢ ᠬᠠᠳᠠᠭᠠᠯᠠᠭ᠍ᠰᠠᠨ ᠰᠠᠭᠤᠷᠢᠨ ᠳᠡᠭᠡᠷ᠎ᠡ ᠳᠤᠤᠷ᠎ᠠ ᠳᠤᠯᠠᠭᠠᠨ ᠶ᠋ᠢᠡᠷ ᠪᠠᠺᠲ᠋ᠧᠷᠢ ᠠᠯᠠᠬᠤ ᠵᠢᠴᠢ ᠠᠱᠢᠭ᠍ᠲᠤ ᠪᠠᠺᠲ᠋ᠧᠷᠢ ᠨᠡᠮᠡᠬᠦ᠌ ᠵᠡᠷᠭᠡ ᠮᠡᠷᠭᠡᠵᠢᠯ ᠶ᠋ᠢᠡᠷ ᠶᠠᠰᠤ ᠴᠢᠨᠠᠷ ᠢ᠋ ᠨᠢ ᠳᠡᠭᠡᠭ᠌ᠰᠢᠯᠡᠭᠦᠯᠪᠡ᠃ ᠣᠳᠣᠬᠠᠨ ᠳ᠋ᠤ ᠲᠤᠰ ᠬᠦᠷᠢᠶᠡᠯᠡᠩ ᠲᠣᠭᠣᠷᠢᠭ ᠵᠢᠯ ᠳ᠋ᠡᠭᠡᠨ ᠡᠯ᠎ᠡ ᠲᠥᠷᠥᠯ ᠤ᠋ᠨ ᠴᠠᠭᠠᠨ ᠢᠳᠡᠭᠡᠨ ᠢ᠋ 2.8 ᠲᠦᠮᠡᠨ ᠲᠣᠨ ᠤᠷᠴᠢᠮ ᠡᠳ᠋ᠰᠢᠭᠦᠯᠦᠨ ᠪᠤᠯᠪᠠᠰᠤᠷᠠᠭᠤᠯᠵᠤ᠂ 13 ᠲᠥᠷᠥᠯ ᠤ᠋ᠨ 30 ᠭᠠᠷᠤᠶ ᠵᠦᠶ᠋ᠯ ᠤ᠋ᠨ ᠪᠦᠲᠦᠭᠡᠭ᠌ᠳᠡᠬᠦᠨ ᠲᠠᠢ ᠪᠤᠯᠵᠠᠢ᠃
ᠠᠵᠤ ᠦᠢᠯᠡᠰ ᠦ᠋ᠨ ᠬᠡᠯᠬᠢᠶ᠎ᠡ ᠶ᠋ᠢ ᠤᠷᠲᠤᠳᠭᠠᠬᠤ ᠨᠢ ᠭᠠᠭᠴᠠ ᠪᠣᠯᠪᠠᠰᠤᠷᠠᠭᠤᠯᠬᠤ ᠭᠣᠭ᠍ᠴᠣᠭᠠ ᠪᠠᠷ ᠵᠣᠭ᠍ᠰᠣᠬᠤ ᠦᠬᠡᠢ ᠶᠤᠮ᠃ ᠰᠢᠯᠢᠩᠬᠤᠳᠠ ᠵᠢᠨ ᠴᠠᠭᠠᠨ ᠢᠳᠡᠭᠡᠨ ᠤ᠋ ᠰᠣᠶᠣᠯ ᠤ᠋ᠨ ᠠᠵᠤ ᠦᠶ᠋ᠯᠡᠰ ᠤ᠋ᠨ ᠬᠦᠷᠢᠶᠡᠯᠡᠩ ᠦ᠋ᠨ ᠵᠢᠭᠤᠯᠴᠢᠯᠠᠭᠰᠠᠳ ᠲᠤ᠌ ᠦᠶ᠋ᠯᠡᠴᠢᠯᠡᠬᠦ᠌ ᠲᠥᠪ ᠪᠤᠯᠤᠨ ᠴᠠᠭᠠᠨ ᠢᠳᠡᠭᠡᠨ ᠤ᠋ ᠨᠡᠷᠡᠳᠤ ᠪᠦᠲᠦᠭᠡᠭᠳᠡᠬᠦᠨ ᠤ᠋ ᠳᠡᠯᠭᠡᠭᠦᠷ ᠨᠢ ᠲᠤᠰ ᠬᠦᠷᠢᠶᠡᠯᠡᠩ ᠲᠣᠭᠣᠷᠢᠭ ᠢ᠋ ᠤᠯᠤᠰ ᠤ᠋ᠨ 3A ᠲᠠᠰ ᠤ᠋ᠨ ᠠᠵᠤ ᠦᠶ᠋ᠯᠡᠳᠪᠦᠷᠢ ᠶ᠋ᠢᠨ ᠵᠢᠭᠤᠯᠴᠢᠯᠠᠯ ᠤ᠋ᠨ ᠬᠦᠷᠢᠶᠡᠯᠡᠩ ᠲᠣᠭᠣᠷᠢᠭ ᠪᠣᠯᠭᠠᠵᠤ᠂ ᠵᠢᠯ ᠳ᠋ᠤ 5 ᠲᠦᠮᠡ ᠭᠠᠷᠤᠢ ᠵᠢᠭᠤᠯᠴᠢᠯᠠᠭᠴᠢ ᠶ᠋ᠢ ᠭᠥᠯᠢᠶᠡᠨ ᠠᠪᠴᠤ᠌᠂ ᠮᠠᠯ ᠠᠵᠤ ᠠᠬᠤᠶ ᠪᠠ ᠰᠣᠶᠣᠯ ᠵᠢᠭᠤᠯᠴᠢᠯᠠᠯ ᠤ᠋ᠨ ᠦᠢᠯᠡᠰ ᠤ᠋ᠨ ᠭᠦᠨᠵᠡᠭᠡᠶ ᠠᠭᠤᠰᠤᠯᠴᠠᠯ ᠢ᠋ ᠪᠡᠶᠡᠯᠡᠭᠦᠯᠪᠡ᠃
ᠣᠳᠣᠬᠠᠨ ᠳ᠋ᠤ ᠡᠨᠡ ᠬᠣᠶᠠᠷ ᠬᠦᠷᠢᠶᠡᠯᠡᠩ ᠲᠣᠭᠣᠷᠢᠭ ᠲᠦ᠍ ᠣᠷᠣᠨ ᠨᠤᠲᠤᠭ ᠤ᠋ᠨ ᠣᠨᠴᠠᠯᠢᠭ᠍ᠲᠤ ᠴᠠᠭᠠᠨ ᠢᠳᠡᠭᠡᠨ ᠪᠤᠯᠪᠠᠰᠤᠷᠠᠭᠤᠯᠬᠤ 10 ᠠᠵᠤ ᠠᠬᠤᠢᠯᠠᠯ ᠢ᠋ ᠪᠠᠭᠳᠠᠭᠠᠭᠰᠠᠨ 18 ᠠᠵᠦ ᠠᠬᠤᠢᠯᠠᠯ ᠰᠠᠭᠤᠷᠢᠰᠢᠵᠤ᠂ 2024 ᠣᠨ ᠳ᠋ᠤ 8000 ᠲᠦᠮᠡᠨ ᠲᠥᠭᠥᠷᠢᠭ ᠤᠷᠴᠢᠮ ᠤ᠋ᠨ ᠦᠶ᠋ᠯᠡᠳᠬᠦᠨ ᠤ᠋ ᠥᠷᠲᠡᠭ ᠡᠭᠦᠳᠴᠤ᠂ ᠡᠨᠡ ᠵᠢᠯ ᠤ᠋ᠨ ᠲᠦᠷᠦᠭᠦᠦ 8 ᠰᠠᠷ᠎ᠠ ᠳ᠋ᠤ 6400 ᠲᠦᠮᠡᠨ ᠲᠥᠭᠥᠷᠢᠭ ᠤ᠋ᠨ ᠦᠢᠯᠡᠳᠭᠦᠨ ᠤ᠋ ᠦᠷᠳᠡᠭ ᠡᠭᠦᠳᠴᠠᠢ᠃

ᠴᠠᠭᠠᠨ ᠢᠳᠡᠭᠡᠨ ᠤ᠋ ᠲᠡᠯᠭᠡᠨ ᠪᠤᠷᠤᠯᠠᠭᠤᠯᠭ᠎ᠠ
ᠠᠵᠤ ᠦᠢᠯᠡᠰ ᠦ᠋ᠨ ᠬᠦᠷᠢᠶᠡᠯᠡᠩ ᠲᠣᠭᠣᠷᠢᠭ ᠡᠴᠠ ᠭᠠᠳᠠᠨ᠎ᠠ᠂ ᠦᠨᠳᠦᠰᠦᠨ ᠱᠠᠲᠤᠨ ᠤ᠋ ᠨᠠᠮ ᠤ᠋ᠨ ᠵᠣᠬᠢᠶᠠᠨ ᠪᠠᠢᠭᠤᠯᠤᠯᠲᠠ ᠪᠠᠷ ᠬᠦᠳᠦᠯᠥᠨ ᠳᠠᠭᠠᠭᠤᠯᠤᠭ᠍ᠰᠠᠨ ᠬᠠᠮᠲᠤᠷᠠᠯᠴᠠᠭᠠᠨ ᠤ᠋ ᠵᠠᠭ᠍ᠪᠤᠷ ᠨᠢ ᠪᠠᠰᠠ ᠰᠢᠯᠢᠡᠭᠬᠤᠳᠠ ᠵᠢᠨ ᠰᠦ ᠶ᠋ᠢᠨ ᠦᠢᠯᠡᠰ ᠡᠵᠡᠩᠨᠡᠬᠦ ᠳᠤᠮᠳᠠ ᠪᠠᠭ᠎ᠠ ᠠᠵᠤ ᠠᠬᠤᠢᠯᠠᠯ ᠳ᠋ᠤ ᠠᠰᠢᠬ ᠣᠷᠣᠯᠭ᠎ᠠ ᠪᠡᠨ ᠨᠡᠮᠡᠭ᠌ᠳᠡᠭᠦᠯᠬᠦ᠌ ᠬᠥᠭᠥᠷᠭᠡ ᠪᠠᠢᠭᠤᠯᠵᠤ ᠦᠭᠭᠦᠭᠰᠡᠨ ᠪᠠᠢᠨ᠎ᠠ᠃ ᠲᠤᠰ ᠬᠤᠳᠠ ᠵᠢᠨ ᠪᠤᠯᠠᠭᠠᠨ ᠰᠤᠮᠤ ᠶ᠋ᠢᠨ 9 ᠭᠠᠴᠠᠭᠠᠨ ᠤ᠋ ᠬᠠᠮᠲᠤ ᠶ᠋ᠢᠨ ᠠᠵᠤ ᠠᠬᠤᠢ ᠶ᠋ᠢᠨ ᠲᠤᠰᠬᠠᠢ ᠬᠤᠷᠰᠢᠶ᠎ᠠ ᠨᠢ 225 ᠲᠦᠮᠡᠨ ᠲᠥᠭᠥᠷᠢᠭ ᠦ᠋ᠨ ᠪᠡᠯᠡ ᠭᠠᠷᠭᠠᠵᠤ᠂ 2024 ᠣᠨ ᠤ᠋ 7 ᠰᠠᠷ᠎ᠠ ᠳ᠋ᠤ ᠱᠢᠯᠢ ᠶ᠋ᠢᠨ ᠭᠣᠣᠯ ᠠᠢᠮᠠᠭ ᠤ᠋ᠨ ᠪᠤᠯᠠᠭᠠᠨ ᠮᠠᠯ ᠠᠵᠤ ᠠᠬᠤᠢ ᠲᠠᠷᠢᠶᠠᠯᠠᠩ ᠤ᠋ᠨ ᠬᠢᠵᠠᠭᠠᠷᠲᠤ ᠺᠣᠮᠫᠠᠨᠢ ᠶ᠋ᠢ ᠳᠠᠩᠰᠠᠯᠠᠨ ᠪᠠᠢᠭᠤᠯᠵᠦ᠂ 《ᠠᠮᠢ ᠠᠬᠤᠢ ᠶ᠋ᠢᠨ ᠮᠠᠯ ᠠᠵᠤ ᠠᠬᠤᠶ + ᠰᠣᠶᠣᠯ ᠵᠢᠭᠤᠯᠴᠢᠯᠠᠯ》 ᠂ 《ᠨᠢᠭᠡᠳᠦᠯᠲᠡᠶ ᠪᠤᠷᠤᠯᠠᠭᠤᠯᠤᠨ ᠱᠢᠭᠤᠳ ᠪᠣᠷᠣᠯᠠᠭᠤᠯᠬᠤ + ᠡᠯᠧᠺᠲ᠋ᠷᠣᠨ ᠬᠤᠳᠠᠯᠳᠤᠭ᠎ᠠ》 ᠵᠢᠨ ᠬᠡᠯᠪᠡᠷᠢ ᠪᠡᠷ ᠡᠵᠡᠡᠭᠨᠡᠯᠳᠡ ᠬᠢᠵᠤ ᠂ ᠮᠠᠯᠵᠢᠬᠤ ᠣᠷᠣᠨ ᠤ᠋ ᠴᠠᠭᠠᠨ ᠢᠳᠡᠭᠡᠨ ᠤ᠋ ᠵᠢᠵᠢᠭ ᠦᠶ᠋ᠯᠡᠳᠭᠡᠯ ᠦ᠋ᠨ ᠭᠠᠵᠠᠷ ᠤ᠋ᠨ 《ᠪᠣᠷᠣᠯᠠᠭᠤᠯᠬᠤ ᠳ᠋ᠤ ᠬᠦᠴᠢᠷ᠂ ᠦᠨ᠎ᠠ ᠬᠠᠡᠭᠰᠢ ᠲᠤᠤᠷ᠎ᠠ》 ᠪᠠᠢᠬᠤ ᠠᠰᠠᠭᠤᠳᠠᠯ ᠢ᠋ ᠭᠤᠤᠯᠳᠠᠯᠭ᠎ᠠ ᠲᠠᠢ ᠰᠢᠢᠳᠪᠤᠷᠢᠯᠡᠨ᠂ ᠣᠲᠣᠬᠠᠨ ᠪᠣᠯᠲᠠᠯ᠎ᠠ ᠴᠠᠭᠠᠨ ᠢᠳᠡᠭᠡᠨ ᠪᠤᠯᠪᠠᠰᠤᠷᠠᠭᠤᠯᠬᠤ 5 ᠵᠢᠵᠢᠭ ᠦᠶ᠋ᠯᠡᠳᠭᠡᠯ ᠦ᠋ᠨ ᠡᠷᠦᠬᠡ ᠶ᠋ᠢᠨ 30 ᠭᠠᠷᠤᠶ ᠲᠦᠮᠡᠨ ᠲᠥᠭᠥᠷᠢᠭ ᠦ᠋ᠨ ᠪᠦᠲᠦᠭᠡᠭ᠌ᠳᠡᠬᠦᠨ ᠢ᠋ ᠵᠠᠬ᠎ᠠ ᠳᠡᠯᠭᠡᠭᠦᠷ ᠲᠤ᠌ ᠪᠣᠷᠣᠯᠠᠭᠤᠯᠬᠤ ᠳ᠋ᠤ ᠲᠤᠰᠠᠯᠠᠵᠤ᠂ ᠡᠷᠦᠬᠡ ᠳᠤᠮᠳᠠᠴᠢ ᠶ᠋ᠢᠨ ᠣᠷᠣᠯᠭ᠎ᠠ ᠶ᠋ᠢ ᠨᠢ 5 ᠲᠦᠮᠡ ᠭᠠᠷᠤᠶ ᠲᠥᠭᠥᠷᠢᠭ ᠲᠤ᠌ ᠬᠦᠷᠭᠡᠨ᠂ ᠴᠢᠨᠠᠷ ᠰᠠᠢᠲᠠᠶ ᠪᠦᠲᠦᠭᠡᠭ᠌ᠳᠡᠬᠦᠨ ᠶ᠋ᠢᠡᠨ ᠬᠡᠷᠡᠭᠯᠡᠭᠴᠢᠳ ᠦ᠋ᠨ ᠭᠠᠷ ᠲᠤ᠌ ᠰᠢᠭᠤᠳ ᠬᠦᠷᠭᠡᠭᠰᠡᠨ ᠪᠠᠢᠨ᠎ᠠ᠃
ᠣᠢᠯᠠᠭᠠᠭ᠍ᠰᠠᠨ ᠶ᠋ᠢᠡᠷ᠂ ᠱᠢᠯᠢᠡᠭᠬᠣᠲᠠ 2025 ᠣᠨ ᠡᠴᠡ 2027 ᠣᠨ ᠪᠣᠯᠲᠠᠯ᠎ᠠ 3 ᠳ᠋ᠦᠩᠱᠢᠭᠤᠷ ᠲᠥᠭᠥᠷᠢᠭ ᠦ᠋ᠨ ᠪᠠᠯᠠ ᠣᠷᠣᠭᠤᠯᠵᠤ᠂ ᠦᠢᠯᠡᠳᠪᠤᠷᠢᠯᠡᠯ ᠵᠢᠭᠠᠨ ᠰᠤᠷᠭᠠᠯᠳᠠ ᠰᠤᠳᠤᠯᠭᠠᠨ ᠪᠠ ᠦᠵᠡᠰᠭᠦᠯᠡᠩ ᠴᠤᠭᠯᠠᠭᠠᠨ ᠢ᠋ ᠬᠠᠮᠤᠷᠤᠭᠰᠠᠨ 200 ᠮᠥ᠍ ᠶ᠋ᠢᠨ ᠲᠠᠯᠠᠪᠠᠢ ᠪᠦᠬᠦᠢ ᠴᠠᠭᠠᠨ ᠢᠳᠡᠭᠡᠨ ᠤ᠋ ᠠᠵᠤ ᠦᠶ᠋ᠯᠡᠰ ᠢ᠋ ᠲᠦᠪᠯᠡᠷᠡᠭᠦᠯᠦᠭᠰᠡᠨ ᠣᠷᠣᠨ ᠲᠤᠭᠤᠷᠢᠭ ᠢ᠋ ᠪᠥᠲᠥᠭᠡᠨ ᠪᠠᠢᠭᠤᠯᠬᠤ ᠪᠡᠷ ᠲᠦᠯᠦᠪᠯᠡᠵᠦ ᠪᠠᠢᠨ᠎ᠠ᠃
ᠡᠪᠡᠰᠤ ᠪᠤᠯ ᠮᠠᠯ ᠠᠵᠤ ᠠᠬᠤᠢ ᠶ᠋ᠢᠨ ᠠᠮᠢᠨ ᠰᠤᠳᠠᠰᠤ ᠶᠤᠮ᠃ ᠨᠤᠲᠤᠭ ᠪᠡᠯᠴᠢᠬᠡᠷ ᠤ᠋ᠨ ᠠᠮᠢ ᠠᠬᠤᠶ ᠶ᠋ᠢ ᠬᠠᠮᠠᠭᠠᠯᠠᠬᠤ ᠶ᠋ᠢᠨ ᠬᠠᠮᠲᠤ ᠲᠡᠵᠢᠭᠡᠯ ᠡᠪᠡᠰᠦ ᠶ᠋ᠢᠨ ᠬᠠᠩᠭᠠᠯᠭ᠎ᠠ ᠶ᠋ᠢ ᠰᠠᠢᠳᠦᠷ ᠪᠠᠳᠤᠯᠠᠬᠤ ᠶ᠋ᠢᠨ ᠲᠥᠯᠥᠭᠡ᠂ ᠱᠢᠯᠢᠩᠬᠣᠲᠠ 《ᠪᠣᠬᠢᠷᠲᠤᠯ ᠥᠬᠡᠶ ᠡᠪᠡᠰᠦᠨ ᠤ᠋ ᠲᠥᠪ》 ᠢ᠋ ᠪᠠᠢᠭᠤᠯᠬᠤ ᠪᠡᠷ ᠬᠠᠷᠠᠯᠳᠠ ᠪᠤᠯᠭᠠᠨ᠂ ᠠᠮᠢ ᠠᠬᠤᠶ ᠶ᠋ᠢᠨ ᠬᠠᠮᠠᠭᠠᠯᠠᠯᠲᠠ ᠬᠢᠭᠡᠳ ᠮᠠᠯ ᠠᠵᠤ ᠠᠬᠤᠢ ᠶ᠋ᠢᠨ ᠬᠥᠭ᠌ᠵᠢᠯᠲᠡ ᠶ᠋ᠢ ᠭᠦᠨᠵᠡᠭᠡᠶ ᠠᠭᠤᠰᠤᠯᠴᠠᠭᠤᠯᠵᠤ᠂ ᠨᠤᠳᠤᠭ ᠪᠡᠯᠴᠢᠭᠡᠷ ᠢ᠋ ᠱᠢᠨᠵᠢᠯᠡᠬᠦ᠌ ᠤᠬᠠᠭᠠᠨᠴᠢ ᠪᠠᠷ ᠬᠠᠮᠠᠭᠠᠯᠠᠨ᠂ 《ᠡᠪᠡᠰᠦᠨ ᠤ᠋ ᠲᠥᠪ》 ᠤ᠋ᠨ ᠪᠥᠲᠥᠭᠡᠨ ᠪᠠᠢᠭᠤᠯᠤᠯᠲᠠ ᠶ᠋ᠢᠨ ᠰᠠᠭᠤᠷᠢ ᠪᠡᠨ ᠠᠯᠬᠤᠮ ᠠᠯᠬᠤᠮ ᠶ᠋ᠢᠡᠷ ᠪᠡᠬᠢᠵᠢᠭᠦᠯᠵᠠᠢ᠃
《ᠤᠳᠤ ᠡᠪᠡᠰᠦ ᠬᠠᠳᠤᠵᠦ ᠬᠤᠷᠢᠶᠠᠬᠤ ᠠᠵᠢᠯ ᠪᠦᠷ ᠮᠠᠱᠢᠨᠴᠢᠯᠠᠵᠠᠢ᠂ ᠬᠤᠤᠰ ᠬᠢᠲᠤᠭ᠎ᠠ ᠲᠠᠢ ᠡᠪᠡᠰᠦ ᠬᠠᠳᠤᠬᠤ ᠮᠠᠱᠢᠨ᠂ ᠥᠨᠳᠥᠷ ᠨᠢᠭ᠍ᠲᠠᠴᠠ ᠲᠠᠶ ᠡᠪᠡᠰᠦ ᠪᠣᠭᠣᠵᠢᠯᠠᠬᠤ ᠮᠠᠱᠢᠨ᠂ ᠠᠦ᠋ᠲ᠋ᠣ᠋ ᠡᠪᠡᠰᠦ ᠠᠴᠢᠶᠠᠯᠠᠬᠤ ᠮᠠᠱᠢᠨ ᠢᠵᠢ ᠪᠦᠷᠢᠳᠤᠨ᠂ ᠬᠠᠳᠤᠬᠤ ᠡᠴᠠ ᠪᠣᠭᠣᠵᠢᠯᠠᠬᠤ᠂ ᠤᠪᠤᠭᠠᠯᠠᠬᠤ᠂ ᠬᠤᠷᠢᠶᠠᠵᠤ ᠨᠦᠭᠡᠴᠡᠯᠡᠬᠦ ᠪᠤᠯᠳᠡᠯ᠎ᠠ ᠪᠥᠬᠥ᠌ ᠶᠠᠪᠤᠴᠠ ᠪᠡᠷ ᠮᠠᠱᠢᠨᠴᠢᠯᠡᠵᠤ᠂ ᠠᠵᠢᠯ ᠤ᠋ᠨ ᠦᠷ᠎ᠡ ᠪᠦᠲᠦᠮᠵᠢ ᠶᠡᠬᠡ ᠪᠡᠷ ᠳᠡᠭᠡᠭ᠌ᠰᠢᠯᠡᠪᠡ》 ᠭᠡᠵᠦ᠍ ᠰᠢᠯᠢᠡᠭᠬᠤᠳᠠ ᠵᠢᠨ ᠮᠤᠳᠤᠨ ᠮᠠᠯᠵᠢᠯ ᠤ᠋ᠨ ᠲᠠᠯᠠᠪᠠᠶ ᠶ᠋ᠢᠨ ᠠᠵᠢᠯᠴᠢᠨ ᠸᠠᠩ ᠴᠢᠶᠠᠩ ᠬᠠᠳᠤᠯᠠᠡᠭ ᠲᠡᠭᠡᠷ᠎ᠡ ᠶᠠᠭᠠᠷᠠᠯᠲᠠᠢ ᠠᠵᠢᠯᠯᠠᠬᠤ ᠮᠠᠱᠢᠨ ᠢ᠋ ᠵᠢᠭᠠᠵᠤ ᠬᠡᠯᠡᠨ᠎ᠠ᠃ 9 ᠰᠠᠷ᠎ᠠ ᠵᠢᠨ ᠰᠡᠭᠦᠯᠴᠢ ᠪᠡᠷ ᠪᠢᠳᠡ ᠮᠤᠳᠤᠨ ᠮᠠᠯᠵᠢᠯ ᠤ᠋ᠨ ᠲᠠᠯᠠᠪᠠᠢ ᠵᠢᠨ 43 ᠲᠦᠮᠡᠨ ᠮᠦ᠍ ᠶ᠋ᠢᠨ ᠠᠮᠢ ᠠᠬᠤᠢ ᠶ᠋ᠢᠨ ᠬᠦᠷᠢᠶᠡᠯᠡᠩ ᠲᠣᠭᠣᠷᠢᠭ ᠲᠤ᠌ ᠬᠦᠷᠬᠦ ᠳ᠋ᠤ᠂ 7 ᠡᠪᠡᠰᠦ ᠬᠠᠳᠤᠬᠤ ᠮᠠᠱᠢᠨ 《ᠮᠥᠩᠭᠥᠨ ᠬᠠᠳᠤᠭᠤᠷ》 ᠵᠢᠡᠨ ᠭᠢᠯᠠᠯᠵᠠᠭᠤᠯᠤᠨ ᠰᠦᠯᠵᠢᠯᠳᠦᠵᠦ᠍᠂ ᠪᠣᠭᠣᠵᠢᠯᠠᠬᠤ ᠮᠠᠱᠢᠨ ᠱᠢᠨ᠎ᠡ ᠰᠣᠷᠭᠣᠭ ᠡᠪᠡᠰᠦ ᠶ᠋ᠢ ᠴᠢᠩᠭ᠎ᠠ ᠳᠠᠷᠤᠱᠢᠭᠤᠯᠤᠨ ᠪᠣᠭᠣᠵᠤ᠂ 《ᠪᠣᠬᠢᠷᠲᠤᠯ ᠦᠭᠡᠢ ᠡᠪᠡᠰᠦᠨ ᠤ᠋ ᠲᠥᠪ》 ᠤ᠋ᠨ ᠪᠠᠶᠠᠨ ᠨᠠᠮᠤᠷ ᠤ᠋ᠨ ᠡᠯᠪᠡᠭ ᠬᠤᠷᠢᠶᠠᠯᠳᠠ ᠵᠢᠨ ᠵᠢᠷᠤᠭ ᠬᠠᠷᠠᠭᠠᠨ ᠳ᠋ᠤ ᠲᠤᠳᠤᠷᠠᠨ᠎ᠠ᠃
ᠱᠢᠯᠢᠡᠭᠬᠣᠲᠠ ᠶ᠋ᠢᠨ ᠡᠪᠡᠰᠦ ᠪᠣᠷᠳᠣᠭ᠎ᠠ ᠦᠶ᠋ᠯᠡᠳᠪᠦᠷᠢᠯᠡᠵᠦ ᠨᠥᠭᠡᠴᠡᠯᠡᠬᠦ᠌ ᠴᠢᠬᠤᠯᠠ ᠰᠠᠭᠤᠷᠢᠨ ᠪᠣᠯᠤᠭ᠍ᠰᠠᠨ ᠤ᠋ ᠬᠤᠪᠢ ᠳ᠋ᠤ᠂ ᠮᠣᠳᠣᠨ ᠮᠠᠯᠵᠢᠯ ᠤ᠋ᠨ ᠲᠠᠯᠠᠪᠠᠶ ᠶ᠋ᠢᠨ ᠬᠥᠭ᠌ᠵᠢᠯᠲᠡ ᠶ᠋ᠢᠨ ᠵᠠᠮ ᠨᠢ ᠮᠠᠰᠢ ᠰᠠᠢᠨ ᠵᠢᠱ᠌ᠢᠶ᠎ᠡ ᠦᠵᠡᠭᠦᠯᠬᠦ᠌ ᠠᠴᠢ ᠬᠣᠯᠪᠣᠭ᠍ᠳᠠᠯ ᠲᠠᠶ ᠶᠤᠮ᠃ 2003 ᠣᠨ ᠡᠴᠡ ᠡᠬᠢᠯᠡᠨ᠂ ᠲᠤᠰ ᠮᠠᠯᠵᠢᠯ ᠤ᠋ᠨ ᠲᠠᠯᠠᠪᠠᠶ ᠨᠢ ᠤᠯᠤᠰ ᠤ᠋ᠨ ᠮᠠᠯᠵᠢᠯ ᠤ᠋ᠨ ᠪᠤᠰᠤ ᠦᠢᠯᠡᠳᠪᠦᠷᠢᠯᠡᠯ ᠢ᠋ ᠴᠡᠪᠡᠷᠯᠡᠬᠦ ᠲᠥᠷᠥ ᠶ᠋ᠢᠨ ᠪᠣᠳᠣᠯᠭ᠎ᠠ ᠪᠤᠯᠤᠨ ᠪᠡᠭᠡᠵᠢᠩ ᠲᠢᠶᠠᠨᠵᠢᠨ ᠤ᠋ ᠡᠷᠬᠢᠨ ᠲᠤᠭᠤᠷᠢᠨ ᠤ᠋ ᠰᠠᠯᠬᠢ ᠡᠯᠡᠰᠦᠨ ᠤ᠋ ᠡᠬᠢ ᠶ᠋ᠢ ᠵᠠᠰᠠᠬᠤ ᠲᠥᠷᠥᠯ ᠵᠦᠶ᠋ᠯ ᠳ᠋ᠤ ᠲᠦᠱᠢᠭ᠌ᠯᠡᠨ᠂ 36 ᠲᠦᠮᠡᠨ ᠮᠥ᠍ ᠶ᠋ᠢᠨ ᠬᠠᠮᠠᠭᠠᠯᠠᠯᠲᠠ ᠶ᠋ᠢᠨ ᠴᠢᠨᠠᠷᠲᠠᠶ ᠠᠮᠢ ᠠᠬᠤᠶ ᠶ᠋ᠢᠨ ᠬᠦᠷᠢᠶᠡᠯᠡᠩ ᠲᠣᠭᠣᠷᠢᠭ ᠢ᠋ ᠪᠥᠲᠥᠭᠡᠨ ᠪᠠᠢᠭᠤᠯᠵᠤ᠂ ᠬᠥᠮᠦᠨ ᠮᠠᠯ ᠥᠬᠡᠶ ᠬᠠᠮᠢᠶᠠᠷᠤᠯᠲᠠ ᠶ᠋ᠢ ᠬᠡᠷᠡᠭ᠌ᠵᠢᠭᠦᠯᠦᠨ᠂ ᠡᠪᠡᠰᠦᠨ ᠤ᠋ ᠠᠵᠤ ᠦᠶ᠋ᠯᠡᠰ ᠢ᠋ ᠭᠤᠤᠯᠳᠠᠯᠭ᠎ᠠ ᠲᠠᠶ ᠬᠥᠭ᠌ᠵᠢᠭᠦᠯᠵᠦ᠍᠂ 《ᠠᠮᠢ ᠠᠬᠤᠶ ᠶ᠋ᠢ ᠤᠷᠢᠳ ᠶ᠋ᠢᠡᠷ ᠪᠣᠳᠣᠯᠬᠢᠯᠠᠬᠤ᠂ ᠪᠣᠬᠢᠷᠲᠤᠯ ᠥᠬᠡᠶ ᠪᠠᠭ᠎ᠠ ᠨᠡᠭᠦᠷᠡᠰᠦᠲᠥ᠋ᠷᠥᠭ᠌ᠴᠢᠲᠦ》 ᠴᠢᠨᠠᠷ ᠰᠠᠢᠲᠠᠶ ᠬᠥᠭ᠌ᠵᠢᠯᠲᠡ ᠶ᠋ᠢᠨ ᠠᠷᠭ᠎ᠠ ᠵᠠᠮ ᠢ᠋ ᠰᠦᠪᠡᠭ᠌ᠴᠢᠯᠡᠪᠡ᠃ 20 ᠭᠠᠷᠤᠶ ᠵᠢᠯ ᠦ᠋ᠨ ᠲᠤᠷᠰᠢ᠂ ᠲᠤᠰ ᠬᠦᠷᠢᠶᠡᠯᠡᠩ ᠲᠣᠭᠣᠷᠢᠭ ᠨᠢ ᠪᠥᠬᠥ᠌ ᠲᠠᠯ᠎ᠠ ᠪᠠᠷ ᠪᠢᠲᠡᠭᠦᠮᠵᠢᠯᠡᠨ ᠬᠠᠮᠢᠶᠠᠷᠬᠤ ᠶ᠋ᠢ ᠪᠠᠷᠢᠮᠲᠠᠯᠠᠬᠤ ᠶ᠋ᠢᠨ ᠬᠠᠮᠳᠤ 19 ᠲᠦᠮᠡᠨ ᠮᠥ᠍ ᠤᠷᠴᠢᠮ ᠤ᠋ᠨ ᠪᠠᠢᠭᠠᠯᠢ ᠵᠢᠨ ᠬᠠᠳᠤᠯᠠᠩ ᠪᠡᠯᠴᠢᠭᠡᠷ ᠦ᠋ᠨ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠢ᠋ ᠨᠢ ᠨᠡᠮᠡᠭ᠌ᠳᠡᠭᠦᠯᠬᠦ᠌ ᠲᠥᠷᠥᠯ ᠵᠦᠶ᠋ᠯ ᠢ᠋ ᠵᠡᠷᠭᠡ ᠪᠡᠷ ᠬᠡᠷᠡᠭ᠌ᠵᠢᠭᠦᠯᠵᠦ᠍᠂ ᠨᠤᠲᠤᠭ ᠪᠡᠯᠴᠢᠭᠡᠷ ᠤ᠋ᠨ ᠠᠮᠢ ᠠᠬᠤᠶ ᠶ᠋ᠢ ᠰᠡᠷᠭᠦᠭᠡᠪᠡ᠃ ᠡᠨᠳᠡᠬᠢ ᠤᠷᠭᠤᠮᠠᠯ ᠤ᠋ᠨ ᠪᠦᠷᠬᠦᠴᠡ ᠨᠢ ᠦᠡᠭᠭᠡᠷᠡᠭᠰᠡᠨ ᠤ᠋ 30% ᠪᠠᠢᠭ᠍ᠰᠠᠨ ᠡᠴᠡ ᠪᠡᠨ ᠤᠳᠤ 62% ᠪᠤᠯᠵᠦ ᠂ ᠡᠪᠡᠰᠦ ᠤᠷᠭᠤᠮᠠᠯ ᠤ᠋ᠨ ᠲᠥᠷᠥᠯ ᠵᠦᠶ᠋ᠯ ᠨᠢ 50 ᠪᠠᠢᠭ᠍ᠰᠠᠨ ᠡᠴᠠ ᠪᠡᠨ ᠤᠳᠤ 200 ᠭᠠᠷᠤᠶ ᠵᠦᠶ᠋ᠯ ᠪᠣᠯᠤᠨ ᠤᠯᠠᠰᠢᠷᠠᠵᠠᠢ᠃
ᠡᠨᠳᠡᠬᠢ ᠡᠪᠡᠰᠦ 《ᠪᠤᠬᠢᠷᠳᠦᠯ ᠦᠭᠡᠢ》 ᠪᠡᠷ ᠠᠯᠳᠠᠷᠰᠢᠵᠤ ᠪᠠᠢᠨ᠎ᠠ
ᠡᠨᠡ ᠵᠢᠯ ᠮᠣᠳᠣᠨ ᠮᠠᠯᠵᠢᠯ ᠤ᠋ᠨ ᠲᠠᠯᠠᠪᠠᠶ 1.6 ᠲᠦᠮᠡ ᠭᠠᠷᠤᠢ ᠲᠣᠨ ᠡᠪᠡᠰᠦ ᠬᠠᠳᠤᠵᠤ ᠬᠤᠷᠢᠶᠠᠪᠠ᠃ 《ᠭᠠᠷᠤᠯᠲᠠ ᠨᠡᠮᠡᠭ᠌ᠳᠡᠪᠡᠯ ᠤᠷᠤᠯᠭ᠎ᠠ ᠨᠡᠮᠡᠭᠳᠡᠨ᠎ᠡ᠂ ᠠᠵᠦ ᠠᠮᠢᠳᠤᠷᠠᠯ ᠶᠠᠪᠤᠬᠤ ᠲᠤᠳᠤᠮ ᠥᠭᠡᠳᠡ ᠲᠡᠶ ᠪᠣᠯᠤᠨ᠎ᠠ》 ᠭᠡᠵᠦ ᠸᠠᠩ ᠴᠢᠶᠠᠩ ᠶᠠᠷᠢᠨ᠎ᠠ᠃

ᠦᠵᠦᠮᠦᠴᠢᠨ ᠬᠤᠨᠢᠨ ᠤ᠋ ᠠᠳᠠᠯᠢᠳᠬᠠᠨ ᠰᠢᠯᠭᠠᠷᠠᠭᠤᠯᠤᠯᠳᠠ
ᠪᠠᠢᠭᠠᠯᠢ ᠶ᠋ᠢᠨ ᠰᠡᠷᠭᠦᠭᠡᠯᠳᠡ ᠡᠴᠡ ᠭᠠᠳᠠᠨ᠎ᠠ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠨᠢ ᠪᠠᠰᠠ ᠰᠢᠯᠢᠩᠬᠤᠳᠠ ᠶ᠋ᠢᠨ 《ᠪᠣᠬᠢᠷᠲᠤᠯ ᠦᠭᠡᠢ ᠡᠪᠡᠰᠦᠨ ᠤ᠋ ᠲᠦᠪ》 ᠤ᠋ᠨ ᠰᠢᠨ᠎ᠡ ᠰᠦᠪᠡᠭᠴᠢᠯᠡᠯᠳᠡ ᠰᠢᠪᠳᠤᠯᠤᠯᠳᠠ ᠵᠢᠨ ᠴᠢᠬᠤᠯᠠ ᠭᠠᠷᠳᠠᠴᠠ ᠪᠤᠯᠵᠦ ᠪᠤᠢ᠃ ᠪᠠᠶᠠᠨᠱᠢᠯᠢ ᠮᠠᠯᠵᠢᠯ ᠤ᠋ᠨ ᠲᠠᠯᠠᠪᠠᠢ ᠶ᠋ᠢᠨ ᠤᠰᠤᠨ ᠳ᠋ᠤ ᠪᠤᠢᠵᠢᠭᠤᠯᠬᠤ ᠡᠪᠡᠰᠤᠨ ᠤ᠋ ᠬᠦᠯᠡᠮᠵᠢ ᠳ᠋ᠤ ᠲᠠᠷᠢᠮᠠᠯ ᠤ᠋ᠨ ᠵᠢᠶᠠᠰᠠ ᠵᠢᠭᠳᠡᠷᠡᠨ᠂ ᠰᠦᠷᠴᠢᠨ ᠤᠰᠤᠯᠠᠬᠤ᠂ ᠵᠣᠬᠢᠶᠠᠮᠠᠯ ᠬᠡᠷᠡᠯ ᠲᠤᠰᠬᠠᠬᠤ ᠵᠡᠷᠭᠡ ᠲᠣᠨᠣᠭ ᠲᠥᠬᠥᠭᠡᠷᠦᠮᠵᠢ ᠨᠢ ᠤᠰᠤᠨ ᠳ᠋ᠤ ᠪᠤᠢᠵᠢᠭᠤᠯᠬᠤ ᠡᠪᠡᠰᠦ ᠶ᠋ᠢᠨ ᠤᠷᠭᠤᠯᠳᠠ ᠶ᠋ᠢᠨ ᠣᠷᠴᠢᠨ ᠨᠦᠬᠦᠴᠡᠯ ᠢ᠋ ᠲᠤᠢᠯ ᠤ᠋ᠨ ᠣᠨᠣᠪᠴᠢᠲᠠᠶ ᠪᠠᠷ ᠳᠣᠭᠢᠷᠠᠭᠤᠯᠤᠨ ᠡᠵᠡᠮᠳᠡᠵᠦ᠍ ᠂ ᠰᠤᠷᠭᠤᠭ ᠨᠣᠭᠣᠭᠠᠨ ᠡᠪᠡᠰᠤ ᠶ᠋ᠢᠨ ᠤᠷᠭᠤᠴᠠ ᠨᠢ ᠤᠨᠴᠠ ᠰᠠᠢᠬᠠᠨ ᠪᠠᠢᠯ᠎ᠠ᠃ 《ᠥᠩᠭᠡᠷᠡᠭᠰᠡᠨ ᠳ᠋ᠤ ᠡᠪᠦᠯ ᠶ᠋ᠢᠡᠷ ᠬᠣᠨᠢ ᠪᠡᠨ ᠪᠦᠷ ᠬᠦᠬᠡ ᠲᠠᠷᠤᠰᠢ ᠪᠤᠶᠤ ᠬᠠᠳᠤᠵᠦ ᠬᠤᠷᠢᠶᠠᠭᠰᠠᠨ ᠬᠠᠭᠤᠷᠠᠢ ᠡᠪᠡᠰᠤ ᠪᠡᠷ ᠲᠡᠵᠢᠭᠡᠵᠦ ᠪᠠᠢᠪᠠ᠃ ᠡᠨᠡ ᠬᠦᠯᠡᠮᠵᠢ ᠶ᠋ᠢᠨ ᠤᠰᠤᠨ ᠳ᠋ᠤ ᠲᠠᠷᠢᠭᠰᠠᠨ ᠲᠡᠵᠢᠭᠡᠯ ᠡᠪᠡᠰᠦ ᠨᠢ ᠴᠠᠭ ᠠᠭᠤᠷ ᠤ᠋ᠨ ᠨᠥᠯᠥᠭᠡ ᠶ᠋ᠢ ᠭᠥᠷᠳᠡᠬᠦ᠌ ᠥᠬᠡᠶ᠂ ᠡᠳᠦᠷ ᠪᠦᠷᠢ ᠰᠢᠨ᠎ᠡ ᠰᠤᠷᠭᠤᠭ ᠡᠪᠡᠰᠤ ᠬᠤᠷᠢᠶᠠᠵᠤ ᠪᠤᠯᠬᠤ ᠪᠦᠭᠡᠳ ᠲᠡᠵᠢᠭᠡᠵᠦ᠍ ᠠᠷᠠᠴᠢᠯᠠᠬᠤ ᠥᠪᠡᠷ ᠦ᠋ᠨ ᠥᠷᠲᠡᠭ ᠢ᠋ ᠬᠠᠭᠠᠰ ᠶ᠋ᠢᠡᠷ ᠠᠷᠪᠢᠯᠠᠵᠤ ᠳᠡᠢᠯᠦᠨ᠎ᠠ》 ᠭᠡᠵᠦ ᠮᠠᠯᠴᠢᠨ ᠢᠦᠢ ᠬᠠᠢ ᠵᠢᠶᠦ᠋ᠨ ᠠᠦ᠋ᠲ᠋ᠣᠴᠢᠯᠠᠭ᠍ᠰᠠᠨ ᠲᠥᠬᠥᠭᠡᠷᠦᠮᠵᠢ ᠵᠢ ᠵᠢᠭᠠᠵᠤ ᠶᠠᠷᠢᠪᠠ᠃
ᠮᠣᠳᠣᠨ ᠮᠠᠯᠵᠢᠯ ᠤ᠋ᠨ ᠲᠠᠯᠠᠪᠠᠢ ᠶ᠋ᠢᠨ ᠠᠮᠢ ᠠᠬᠤᠢ ᠵᠢᠨ ᠡᠪᠡᠰᠤᠨ ᠤ᠋ ᠲᠠᠯᠠᠪᠠᠢ ᠨᠢ ᠨᠤᠲᠤᠭ ᠪᠡᠯᠴᠢᠭᠡᠷ ᠦ᠋ᠨ ᠰᠠᠭᠤᠷᠢ ᠶ᠋ᠢ ᠬᠠᠮᠠᠭᠠᠯᠠᠨ᠂ ᠪᠠᠶᠠᠨᠱᠢᠯᠢ ᠮᠠᠯᠵᠢᠯ ᠤ᠋ᠨ ᠲᠠᠯᠠᠪᠠᠢ ᠶ᠋ᠢᠨ ᠤᠰᠤᠨ ᠳ᠋ᠤ ᠪᠤᠢᠵᠢᠭᠤᠯᠬᠤ ᠡᠪᠡᠰᠦ ᠨᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠶ᠋ᠢᠡᠷ ᠮᠠᠯ ᠠᠵᠤ ᠠᠬᠤᠢ ᠶ᠋ᠢᠨ ᠲᠡᠵᠢᠭᠡᠯ ᠡᠪᠡᠰᠦᠨ ᠤ᠋ ᠬᠡᠷᠡᠭᠴᠡᠭᠡ ᠵᠢ ᠨᠥᠬᠥᠪᠦᠷᠢᠯᠡᠵᠤ᠂ ᠱᠢᠯᠢᠩᠬᠣᠲᠠ 《ᠪᠠᠢᠭᠠᠯᠢ ᠶ᠋ᠢᠨ ᠪᠡᠯᠴᠢᠭᠡᠷ ᠶ᠋ᠢᠡᠷ ᠭᠣᠣᠯ ᠪᠣᠯᠭᠠᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠲᠡᠵᠢᠭᠡᠯ ᠡᠪᠡᠰᠦ ᠪᠡᠷ ᠬᠠᠪᠰᠤᠷᠤᠮᠵᠢ ᠪᠣᠯᠭᠠᠭᠰᠠᠨ》 ᠲᠡᠵᠢᠭᠡᠯ ᠡᠪᠡᠰᠦᠨ ᠤ᠋ ᠬᠠᠩᠭᠠᠯᠭ᠎ᠠ ᠶ᠋ᠢᠨ ᠱᠢᠰᠲ᠋ᠧᠮ ᠢ᠋ ᠠᠯᠬᠤᠮ ᠠᠯᠬᠤᠮ ᠶ᠋ᠢᠡᠷ ᠪᠠᠢᠭᠤᠯᠵᠦ ᠪᠠᠢᠨ᠎ᠠ᠃
ᠤᠢᠷ᠎ᠠ ᠳ᠋ᠤ ᠦᠪᠦᠷ ᠮᠤᠩᠭᠤᠯ ᠤ᠋ᠨ ᠴᠦ ᠸᠠᠩ ᠠᠮᠢᠳᠤ ᠪᠤᠳᠠᠰ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠳᠦ ᠺᠤᠮᠫᠠᠨᠢ ᠶ᠋ᠢᠨ 2000 ᠲᠦᠮᠡᠨ ᠲᠦᠭᠦᠷᠢᠭ ᠤ᠋ᠨ ᠪᠡᠯᠡ ᠤᠷᠤᠭᠤᠯᠵᠤ ᠪᠦᠲᠦᠭᠡᠨ ᠪᠠᠢᠭᠤᠯᠤᠭᠰᠠᠨ ᠰᠦᠨ ᠲᠠᠯᠬ᠎ᠠ ᠶ᠋ᠢ ᠨᠠᠷᠢᠯᠢᠭ ᠡᠳ᠋ᠰᠢᠭᠦᠯᠦᠨ ᠪᠤᠯᠪᠠᠰᠤᠷᠠᠭᠤᠯᠬᠤ ᠦᠢᠯᠡᠳᠪᠤᠷᠢᠯᠡᠯ ᠤ᠋ᠨ ᠱᠤᠭᠤᠮ ᠰᠢᠯᠢᠩᠬᠤᠳᠠ ᠶ᠋ᠢᠨ ᠴᠠᠭᠠᠨ ᠢᠳᠡᠭᠡᠨ ᠤ᠋ ᠰᠣᠶᠣᠯ ᠤ᠋ᠨ ᠠᠵᠤ ᠦᠶ᠋ᠯᠡᠰ ᠦ᠋ᠨ ᠬᠦᠷᠢᠶᠡᠯᠡᠩ ᠳ᠋ᠤ ᠠᠰᠢᠭᠯᠠᠯᠳᠠ ᠳ᠋ᠤ ᠤᠷᠤᠪᠠ᠃ ᠮᠠᠯ ᠠᠵᠤ ᠠᠬᠤᠶ ᠶ᠋ᠢᠨ ᠮᠠᠱᠢᠨᠴᠢᠯᠠᠯᠲᠠ ᠶ᠋ᠢᠨ ᠨᠣᠷᠮ᠎ᠠ᠂ ᠮᠠᠯ ᠤ᠋ᠨ ᠠᠱᠢᠭ ᠱᠢᠮ᠎ᠡ ᠶ᠋ᠢ ᠨᠠᠷᠢᠯᠢᠭ ᠡᠳ᠋ᠱᠢᠭᠦᠯᠦᠨ ᠪᠣᠯᠪᠠᠰᠤᠷᠠᠭᠤᠯᠬᠤ ᠨᠣᠷᠮ᠎ᠠ ᠦᠷᠭᠦᠯᠵᠢᠯᠡᠨ ᠳᠡᠭᠡᠭ᠌ᠰᠢᠯᠡᠬᠦ᠌ ᠶ᠋ᠢ ᠳᠠᠭᠠᠯᠳᠤᠨ᠂ 《ᠴᠦᠬᠡᠨ ᠪᠦᠭᠡᠳ ᠴᠢᠨᠠᠷᠯᠢᠭ ᠮᠠᠯᠵᠢᠬᠤ》 ᠪᠡᠷ ᠴᠢᠭᠯᠡᠯ ᠪᠤᠯᠭᠠᠵᠤ᠂ ᠮᠢᠬ᠎ᠠ᠂ ᠰᠦ᠂ ᠡᠪᠡᠰᠦᠨ ᠳ᠋ᠤ ᠰᠠᠭᠤᠷᠢᠯᠠᠭᠰᠠᠨ ᠰᠢᠯᠢᠩᠬᠤᠳᠠ ᠶ᠋ᠢᠨ ᠮᠠᠯ ᠠᠵᠤ ᠠᠬᠤᠢ ᠶ᠋ᠢᠨ ᠴᠢᠨᠠᠷ ᠰᠠᠢᠳᠠᠢ ᠬᠦᠭᠵᠢᠯᠳᠡ ᠶ᠋ᠢᠨ ᠵᠠᠮ ᠤᠯᠠᠮ ᠡᠴᠡ ᠤᠯᠠᠮ ᠳᠠᠷᠳᠠᠩ ᠪᠤᠯᠵᠤ ᠪᠠᠢᠨ᠎ᠠ᠃