ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭᠠᠨ᠎ᠤ ᠶᠠᠪᠤᠳᠠᠯ᠎ᠤᠨ ᠲᠢᠩᠬᠢᠮ᠎ᠦᠨ ᠮᠡᠳᠡᠭᠡ᠎ᠶ᠋ᠢ ᠦᠨᠳᠦᠰᠦᠯᠡᠪᠡᠯ᠂ 11 ᠰᠠᠷ᠎ᠠ᠎ᠶ᠋ᠢᠨ 1 ᠤ᠋ ᠡᠳᠦᠷ᠎ᠡᠴᠡ ᠡᠬᠢᠯᠡᠨ᠂ ᠥᠪᠥᠷ ᠮᠣᠩᠭᠣᠯ ᠬᠢᠯᠢ᠎ᠡᠴᠡ ᠭᠠᠷᠬᠤ ᠡᠴᠡ ᠡᠮᠤᠨᠠᠬᠢ ᠭᠠᠢᠯᠢ ᠪᠤᠴᠠᠭᠠᠬᠤ ᠲᠦᠷᠦ᠍᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠵᠦ᠍᠂ ᠣᠳᠣᠬᠠᠨ ᠪᠣᠯᠲᠠᠯ᠎ᠠ ᠬᠥᠬᠡᠬᠣᠲᠠ᠎ᠶ᠋ᠢᠨ ᠴᠠᠭᠠᠨ ᠰᠤᠪᠤᠷᠭ᠎ᠠ ᠤᠯᠠᠨ ᠤᠯᠤᠰ᠎ᠤᠨ ᠨᠢᠰᠭᠡᠯ᠎ᠦᠨ ᠪᠠᠭᠤᠳᠠᠯ᠂ ᠮᠠᠨᠵᠤᠤᠷ᠎ᠤᠨ ᠪᠠᠷᠠᠭᠤᠨ ᠲᠡᠬᠦᠷᠭᠡ᠎ᠶ᠋ᠢᠨ ᠤᠯᠠᠨ ᠤᠯᠤᠰ᠎ᠤᠨ ᠨᠢᠰᠭᠡᠯ᠎ᠦᠨ ᠪᠠᠭᠤᠳᠠᠯ᠂ ᠮᠠᠨᠵᠤᠤᠷ᠎ᠤᠨ ᠵᠠᠰᠠᠮᠠᠯ ᠵᠠᠮ᠎ᠤᠨ ᠬᠢᠯᠢ᠎ᠶ᠋ᠢᠨ ᠪᠣᠭᠣᠮᠲᠠ᠂ ᠡᠷᠢᠶᠡᠨ ᠬᠤᠳᠠ᠎ᠶ᠋ᠢᠨ ᠰᠠᠢ᠌ᠠᠠᠤᠰᠤ ᠤᠯᠠᠨ ᠤᠯᠤᠰ᠎ᠤᠨ ᠨᠢᠰᠭᠡᠯ᠎ᠦᠨ ᠪᠠᠭᠤᠳᠠᠯ᠂ ᠡᠷᠢᠶᠡᠨ ᠬᠤᠳᠠ᠎ᠶ᠋ᠢᠨ ᠵᠠᠰᠠᠮᠠᠯ ᠵᠠᠮ᠎ᠤᠨ ᠬᠢᠯᠢ᠎ᠶ᠋ᠢᠨ ᠪᠣᠭᠣᠮᠲᠠ᠎ᠶ᠋ᠢᠨ ᠬᠢᠨ ᠴᠥᠮ ᠬᠢᠯᠢ᠎ᠡᠴᠡ ᠭᠠᠷᠬᠤ ᠡᠴᠡ ᠡᠮᠤᠨᠠᠬᠢ ᠭᠠᠢᠯᠢᠪᠤᠴᠠᠭᠠᠬᠤ ᠲᠤᠬᠠᠢᠯᠠᠭ᠍ᠰᠠᠨ ᠠᠵᠢᠯ᠎ᠢ ᠭᠦᠢᠴᠡᠳᠭᠡᠬᠦ᠌ ᠲᠤᠰᠭᠠᠢ ᠲᠠᠯᠠᠪᠤᠷ ᠭᠠᠷᠭᠠᠭ᠍ᠰᠠᠨ ᠪᠠᠢᠨ᠎ᠠ᠃
ᠬᠢᠯᠢ᠎ᠡᠴᠡ ᠭᠠᠷᠬᠤ᠌ ᠡᠴᠡ ᠡᠮᠤᠨᠠᠬᠢ ᠭᠠᠢᠯᠢ ᠪᠤᠴᠠᠭᠠᠬᠤ ᠲᠥᠷᠥ᠎ᠶ᠋ᠢᠨ ᠪᠣᠳᠣᠯᠭ᠎ᠠ ᠭᠡᠳᠡᠭ ᠨᠢ ᠬᠢᠯᠢ᠎ᠶ᠋ᠢᠨ ᠭᠠᠳᠠᠨᠠᠬᠢ ᠠᠶᠠᠨᠴᠢᠳ ᠬᠢᠯᠢ᠎ᠡᠴᠡ ᠭᠠᠷᠬᠤ ᠦᠶᠡᠰ ᠲᠡᠭᠦᠨ᠎ᠦ ᠭᠠᠢᠯᠢ ᠪᠤᠴᠠᠭᠠᠬᠤ ᠳᠡᠯᠭᠡᠭᠦᠷ᠎ᠡᠴᠡ ᠬᠤᠳᠠᠯᠳᠤᠨ ᠠᠪᠤᠭ᠍ᠰᠠᠨ ᠭᠠᠢᠯᠢ ᠪᠤᠴᠠᠭᠠᠬᠤ ᠲᠠᠸᠠᠷ᠎ᠤᠨ ᠥᠷᠲᠡᠭ ᠨᠡᠮᠡᠭ᠌ᠳᠡᠯᠤᠨᠭᠠᠢᠯᠢ ᠵᠢ ᠪᠤᠴᠠᠭᠠᠬᠤ᠎ᠶ᠋ᠢ ᠵᠢᠭᠠᠵᠤ ᠪᠣᠶ᠃ 11 ᠰᠠᠷ᠎ᠠ᠎ᠶ᠋ᠢᠨ 1᠎ᠤ᠋ ᠡᠳᠦᠷ᠂ ᠮᠣᠩᠭᠣᠯ ᠤᠯᠤᠰ᠎ᠠᠴᠠ ᠢᠷᠡᠭ᠌ᠰᠡᠨ ᠠᠶᠠᠨᠴᠢᠨ ᠮᠢᠬᠮᠠᠰᠦ᠋ᠷᠦᠩ ᠡᠷᠢᠶᠡᠨ ᠬᠣᠲᠠ᠎ᠶ᠋ᠢᠨ ᠾᠧᠩ ᠶᠤᠸᠠᠨ ᠣᠯᠠᠨ ᠤᠯᠤᠰ᠎ᠤᠨ ᠬᠤᠳᠠᠯᠳᠤᠭᠠᠨ᠎ᠤ ᠬᠣᠲᠠ᠎ᠠᠴᠠ 450 ᠲᠥᠭᠥᠷᠢᠭ᠎ᠦᠨ ᠮᠧᠶ ᠯᠢᠩ ᠲᠡᠮᠳᠡᠭᠳᠤ ᠴᠡᠪᠡᠷᠰᠢᠬᠦᠯᠦᠭᠰᠡᠨ ᠤᠤᠭᠤᠬᠤ ᠤᠰᠤᠨ᠎ᠤ ᠮᠠᠱᠢᠨ ᠬᠤᠳᠠᠯᠳᠤᠨ ᠠᠪᠴᠤ᠌᠂ ᠣᠷᠣᠰ᠎ᠠᠴᠠ ᠢᠷᠡᠭ᠌ᠰᠡᠨ ᠫᠢᠷᠢ· ᠪᠢᠶᠠᠨᠺᠸ ᠰᠸᠢᠲᠷᠠᠨᠠ ᠮᠠᠨᠵᠤᠤᠷ ᠬᠣᠲᠠ᠎ᠠᠴᠠ 459 ᠲᠥᠭᠥᠷᠢᠭ᠎ᠦᠨ ᠱᠠᠬᠠᠶ ᠬᠤᠳᠠᠯᠳᠤᠨ ᠠᠪᠴᠠᠶ᠂ ᠲᠠᠳᠠ ᠴᠥᠮ ᠲᠣᠰ ᠡᠳᠦᠷ᠎ᠦᠨ ᠦᠳᠡ᠎ᠶ᠋ᠢᠨ ᠡᠮᠦᠨ᠎ᠡ ᠬᠤᠳᠠᠯᠳᠤᠨ ᠠᠪᠤᠭ᠍ᠰᠠᠨ ᠭᠠᠢᠯᠢ ᠪᠤᠴᠠᠭᠠᠬᠤ ᠲᠠᠸᠠᠷ᠎ᠢᠶᠠᠨ ᠪᠣᠭᠣᠮᠲᠠ᠎ᠳᠤ ᠲᠤᠱᠢᠶᠠᠵᠤ ᠬᠢᠨᠠᠨ ᠰᠢᠯᠭᠠᠭᠤᠯᠤᠬᠰᠠᠨᠤ ᠲᠠᠷᠠᠭ᠎ᠠ ᠬᠢᠯᠢ᠎ᠡᠴᠡ ᠭᠠᠷᠬᠤ ᠡᠴᠡ ᠡᠮᠤᠨᠠᠬᠢ ᠭᠠᠢᠯᠢ ᠪᠤᠴᠠᠭᠠᠬᠤ ᠭᠤᠶᠤᠴᠢᠯᠠᠯ᠎ᠤᠨ ᠬᠠᠭᠤᠳᠠᠰᠤ ᠪᠠ ᠪᠠᠷᠢᠮᠲᠠ᠎ᠪᠠᠨ ᠠᠪᠴᠤ᠌ ᠭᠠᠢᠯᠢ ᠪᠤᠴᠠᠭᠠᠬᠤ᠎ᠶ᠋ᠢ ᠣᠷᠣᠯᠠᠬᠤ ᠪᠠᠢᠭᠤᠯᠤᠮᠵᠢ᠎ᠳᠤ ᠭᠤᠶᠤᠴᠢᠯᠠᠨ ᠮᠡᠳᠡᠭᠦᠯᠵᠦ᠍᠂ ᠬᠢᠯᠢ᠎ᠡᠴᠡ ᠭᠠᠷᠬᠤ ᠡᠴᠡ ᠡᠮᠤᠨᠠᠬᠢ ᠭᠠᠢᠯᠢ ᠪᠤᠴᠠᠭᠠᠬᠤ ᠭᠠᠷᠳᠠᠮ ᠵᠢᠡᠨ ᠤᠷᠤᠭ᠍ᠰᠢᠲᠠᠶ ᠬᠦᠢᠴᠡᠳᠬᠡᠵᠦ᠂ ᠭᠠᠢᠯᠢ ᠪᠤᠴᠠᠭᠠᠬᠤ ᠬᠠᠷᠠᠭᠠᠯᠵᠠᠯ ᠭᠥᠷᠳᠡᠪᠡ᠃
ᠡᠨᠡ ᠵᠢᠯ᠎ᠡᠴᠡ ᠨᠠᠭᠠᠰᠢ᠂ ᠥᠪᠥᠷ ᠮᠣᠩᠭᠣᠯ ᠬᠢᠯᠢ᠎ᠶ᠋ᠢᠨ ᠭᠠᠳᠠᠨᠠᠬᠢ ᠠᠶᠠᠨᠴᠢᠳ᠎ᠤᠨ ᠬᠢᠯᠢ᠎ᠡᠴᠡ ᠭᠠᠷᠬᠤ ᠡᠴᠡ ᠡᠮᠤᠨᠠᠬᠢ ᠭᠠᠢᠯᠢ ᠪᠤᠴᠠᠭᠠᠬᠤ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠬᠤ᠎ᠶ᠋ᠢ ᠪᠥᠬᠥ᠌ ᠬᠦᠴᠦᠨ᠎ᠢᠶᠡᠷ ᠠᠬᠢᠭᠤᠯᠵᠤ᠂ ᠣᠳᠣᠬᠠᠨ᠎ᠳᠤ ᠳᠤᠮᠳᠠᠳᠤ ᠤᠯᠤᠰ᠎ᠤᠨ ᠪᠠᠩᠬᠢ᠎ᠶ᠋ᠢᠨ ᠥᠪᠥᠷ ᠮᠣᠩᠭᠣᠯ᠎ᠤᠨ ᠬᠤᠪᠢᠶᠠᠷᠢ ᠪᠠᠡᠭᠭᠢ ᠥᠪᠥᠷ ᠮᠣᠩᠭᠣᠯ᠎ᠤᠨ ᠭᠠᠢᠯᠢ ᠪᠤᠴᠠᠭᠠᠬᠤ ᠣᠷᠣᠯᠠᠭ᠍ᠴᠢ ᠪᠠᠢᠭᠤᠯᠤᠮᠵᠢ ᠪᠤᠯᠵᠦ᠂ ᠬᠥᠬᠡᠬᠣᠲᠠ᠎ᠶ᠋ᠢᠨ ᠸᠠᠩ ᠹᠦ᠋ ᠵᠢᠩ ᠤ᠌ᠦ ᠯᠠᠶ ᠠᠷᠠᠯᠵᠢᠶ᠎ᠠ ᠬᠤᠳᠠᠯᠳᠤᠭᠠᠨ᠎ᠤ ᠬᠢᠵᠠᠭᠠᠷᠲᠤ ᠺᠣᠮᠫᠠᠨᠢ᠂ ᠮᠠᠨᠵᠤᠤᠷ᠎ᠤᠨ ᠶᠢᠸ᠋ ᠢ ᠠᠷᠠᠯᠵᠢᠶ᠎ᠠ ᠬᠤᠳᠠᠯᠳᠤᠭᠠᠨ᠎ᠤ ᠬᠢᠵᠠᠭᠠᠷᠲᠤ ᠺᠣᠮᠫᠠᠨᠢ᠂ ᠡᠷᠢᠶᠡᠨ ᠬᠣᠲᠠ᠎ᠶ᠋ᠢᠨ ᠯᠦᠩ ᠶᠤᠸᠠᠨ ᠠᠷᠠᠯᠵᠢᠶᠠᠨ᠎ᠤ ᠬᠢᠵᠠᠭᠠᠷᠲᠤ ᠺᠣᠮᠫᠠᠨᠢ (ᠾᠧᠩ ᠶᠤᠸᠠᠨ ᠬᠤᠳᠠᠯᠳᠤᠭᠠᠨ᠎ᠤ ᠬᠣᠲᠠ) ᠵᠡᠷᠭᠡ 7 ᠭᠠᠢᠯᠢ ᠪᠤᠴᠠᠭᠠᠬᠤ ᠳᠡᠯᠭᠡᠭᠦᠷ ᠳᠠᠩᠰᠠᠯᠠᠭᠤᠯᠪᠠ᠃ ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭᠠᠨ᠎ᠤ ᠶᠠᠪᠤᠳᠠᠯ᠎ᠤᠨ ᠲᠢᠩᠬᠢᠮ᠎ᠦᠨ ᠬᠠᠮᠢᠶ᠎ᠠ ᠪᠥᠬᠥᠶ ᠬᠠᠷᠢᠭᠤᠴᠠᠯᠭᠠᠲᠠᠨ᠎ᠤ ᠲᠠᠨᠢᠯᠴᠠᠭᠤᠯᠬᠤ ᠪᠡᠷ᠂ ᠬᠢᠯᠢ᠎ᠡᠴᠡ ᠭᠠᠷᠬᠤ᠌ ᠡᠴᠡ ᠡᠮᠤᠨᠠᠬᠢ ᠭᠠᠢᠯᠢ ᠪᠤᠴᠠᠭᠠᠬᠤ ᠲᠦᠷᠤ ᠵᠢᠨ ᠪᠤᠳᠤᠯᠭ᠎ᠠ᠎ᠶ᠋ᠢ ᠥᠪᠥᠷ ᠮᠣᠩᠭᠣᠯ᠎ᠳᠤ ᠬᠡᠷᠡᠭ᠌ᠵᠢᠭᠦᠯᠦᠭ᠌ᠰᠡᠨ ᠶᠠᠪᠤᠳᠠᠯ ᠪᠣᠯ ᠥᠪᠥᠷ ᠮᠣᠩᠭᠣᠯ᠎ᠤᠨ ᠤᠯᠤᠰ᠎ᠤᠨ ᠳᠣᠲᠣᠭᠠᠳᠤ ᠳ᠋ᠡᠬᠢ ᠬᠡᠷᠡᠭ᠌ᠴᠡᠭᠡ᠎ᠶ᠋ᠢ ᠥᠷᠭᠡᠳᠭᠡᠬᠦ᠌᠂ ᠬᠡᠷᠡᠭ᠌ᠯᠡᠭᠡ᠎ᠶ᠋ᠢ ᠠᠬᠢᠭᠤᠯᠬᠤ ᠲᠥᠷᠥ᠎ᠶ᠋ᠢᠨ ᠪᠣᠳᠣᠯᠭ᠎ᠠ᠎ᠶ᠋ᠢ ᠢᠳᠡᠪᠬᠢᠲᠡᠶ ᠨᠠᠢᠳᠠᠪᠤᠷᠢᠵᠢᠭᠤᠯᠤᠭ᠍ᠰᠠᠨ ᠪᠣᠳᠠᠲᠠᠶ ᠦᠶ᠋ᠯᠡᠳᠦᠯᠭᠡ ᠪᠣᠯᠤᠨ᠎ᠠ᠃ ᠬᠢᠯᠢ᠎ᠡᠴᠡ ᠭᠠᠷᠬᠤ᠌ ᠡᠴᠡ ᠡᠮᠤᠨᠠᠬᠢ ᠭᠠᠢᠯᠢ ᠪᠤᠴᠠᠭᠠᠬᠤ ᠲᠥᠷᠥ᠎ᠶ᠋ᠢᠨ ᠪᠣᠳᠣᠯᠭ᠎ᠠ᠎ᠶ᠋ᠢ ᠭᠦᠨᠵᠡᠭᠡᠶ ᠬᠡᠷᠡᠭ᠌ᠵᠢᠭᠦᠯᠬᠦ᠌᠎ᠶ᠋ᠢ ᠳᠠᠭᠠᠯᠳᠤᠨ᠂ ᠥᠪᠥᠷ ᠮᠣᠩᠭᠣᠯ ᠨᠠᠩ ᠣᠯᠠᠨ ᠬᠢᠯᠢ᠎ᠶ᠋ᠢᠨ ᠭᠠᠳᠠᠨᠠᠬᠢ ᠵᠢᠭᠤᠯᠴᠢᠯᠠᠭ᠍ᠰᠠᠳ᠎ᠢ ᠲᠡᠳᠡᠨ ᠬᠡᠷᠡᠭ᠌ᠯᠡᠭᠡ ᠬᠢᠯᠭᠡᠵᠦ᠍᠂ ᠬᠣᠲᠠ᠎ᠶ᠋ᠢᠨ ᠠᠵᠤ ᠠᠬᠤᠶ᠎ᠶ᠋ᠢᠨ ᠨᠡᠮᠡᠭ᠌ᠳᠡᠯ᠎ᠳᠦ ᠱᠢᠨ᠎ᠡ ᠬᠥᠳᠡᠯᠭᠡᠬᠦ᠌ ᠬᠦᠴᠤᠨ ᠨᠡᠮᠡᠷᠢᠯᠡᠬᠦ᠌ ᠪᠣᠯᠤᠨ᠎ᠠ᠃