ᠬᠢᠩᠭᠠᠨ ᠠᠢᠮᠠᠭ᠎ᠤᠨ ᠲᠦᠴᠢᠦᠸᠠᠨ ᠱᠢᠶᠠᠨ᠎ᠤ ᠰᠣᠶᠣᠯ᠎ᠤᠨ ᠣᠷᠳᠣᠨ᠎ᠳᠤ ᠬᠦᠷᠬᠦ᠌᠎ᠳᠤ᠂ ᠦᠵᠡᠭᠦᠯᠭᠡ᠎ᠶ᠋ᠢᠨ ᠲᠠᠢᠰᠠᠨ ᠳᠡᠭᠡᠷ᠎ᠡ ᠳᠡᠯᠭᠡᠨ ᠦᠵᠡᠭᠦᠯᠵᠦ ᠪᠠᠢᠭ᠎ᠠ ᠱᠢᠪᠠᠷ ᠱᠤᠭᠤᠮᠠᠯ ᠬᠤᠷᠣᠮ ᠵᠠᠭᠤᠷ᠎ᠠ ᠣᠯᠠᠨ᠎ᠤ ᠠᠩᠬᠠᠷᠤᠯ᠎ᠢ ᠲᠠᠲᠠᠯ᠎ᠠ᠄ ᠳᠡᠪᠢᠭᠦᠷ᠎ᠢᠶᠠᠷ ᠲᠡᠪᠢᠭᠦᠷᠳᠡᠭᠦ ᠲᠠᠷᠢᠶᠠᠴᠢᠨ ᠪᠦᠰᠡᠭᠦᠢ᠂ ᠭᠡᠨᠡᠨ ᠴᠠᠢᠯᠭᠠᠨ ᠪᠢᠴᠢᠬᠠᠨ ᠬᠡᠦᠬᠡᠨ᠂ ᠨᠢᠳᠦ᠍᠎ᠪᠠᠷ᠎ᠢᠶᠠᠨ ᠢᠨᠢᠶᠡᠮᠰᠦᠭ᠌ᠯᠡᠭ᠌ᠰᠡᠨ ᠲᠠᠯ᠎ᠠ ᠨᠤᠲᠤᠭ᠎ᠤᠨ ᠡᠵᠢ ᠁ ᠡᠲᠡᠭᠡᠷ ᠠᠮᠢᠵᠢᠷᠠᠯ᠎ᠤᠨ ᠬᠦᠴᠦᠨ ᠵᠢᠡᠷ ᠪᠢᠯᠬᠠᠭᠰᠠᠨ ᠨᠤᠲᠤᠭ᠎ᠤᠨ ᠤᠨᠴᠠᠯᠢᠬ ᠲᠠᠢ ᠪᠦᠲᠦᠭᠡᠯ᠎ᠤᠳ᠎ᠢ ᠴᠥᠮ ᠬᠢᠩᠭᠠᠨ ᠠᠢᠮᠠᠭ᠎ᠤᠨ ᠠᠢᠮᠠᠬ᠎ᠤᠨ ᠲᠠᠰ᠎ᠤᠨ ᠪᠣᠳᠠᠰ᠎ᠤᠨ ᠪᠤᠰᠤ ᠰᠣᠶᠣᠯ ᠤᠨ ᠥᠪ᠎ᠪᠤᠯᠬᠤ ᠲᠦᠴᠢᠦᠸᠠᠨ᠎ᠤ ᠱᠢᠪᠠᠷ ᠱᠤᠭᠤᠮᠠᠯ᠎ᠤᠨ ᠤᠯᠠᠮᠵᠢᠯᠠᠭ᠍ᠴᠢ ᠯᠢᠦ ᠱᠦ᠍ ᠴᠢᠨ ᠱᠤᠭᠤᠵᠤ ᠤᠷᠠᠯᠠᠵᠠᠢ᠃
ᠱᠢᠪᠠᠷ ᠱᠤᠭᠤᠮᠠᠯ ᠪᠤᠯ ᠡᠷᠲᠡᠨ᠎ᠤ ᠦᠷᠭᠦᠯᠵᠢ ᠬᠠᠷᠠᠭᠳᠠᠳᠠᠭ ᠠᠷᠠᠳ᠎ᠤᠨ ᠤᠷᠠᠯᠢᠬ ᠪᠤᠯᠤᠨ᠎ᠠ᠂ ᠱᠢᠪᠠᠷ ᠱᠢᠷᠣᠶ᠎ᠪᠠᠷ ᠲᠦᠭᠦᠬᠡᠢ ᠮᠠᠲ᠋ᠧᠷᠢᠶᠠᠯ ᠪᠣᠯᠭᠠᠵᠤ᠂ ᠭᠠᠷ᠎ᠢᠶᠠᠷ ᠪᠠᠷᠢᠵᠦ ᠬᠡᠯᠪᠡᠷᠢ ᠳᠦᠷᠰᠦ ᠵᠢ ᠪᠦᠲᠦᠭᠡᠨ᠎ᠡ᠂ ᠤᠯᠠᠩᠬᠢ ᠳ᠋ᠠᠭᠠᠨ ᠬᠥᠮᠥᠨ ᠠᠮᠢᠲᠠᠨ᠎ᠢᠶᠠᠷ ᠰᠡᠳᠦᠪᠯᠡᠳᠡᠭ᠃
ᠡᠨᠡ ᠬᠦ᠌ ᠤᠷ᠎ᠠ ᠮᠡᠷᠭᠡᠵᠢᠯ ᠵᠢᠡᠷ ᠵᠢᠡᠨ ᠯᠢᠦ ᠱᠦ᠍ ᠴᠢᠨᠤ ᠲᠠᠷᠢᠶᠠᠨ ᠭᠠᠵᠠᠷ᠎ᠲᠦ ᠱᠢᠪᠠᠷ ᠱᠤᠭᠤᠮᠠᠯ ᠪᠦᠲᠦᠭᠡᠵᠦ ᠪᠠᠢᠬᠰᠠᠨ ᠲᠠᠷᠢᠶᠠᠴᠢᠨ ᠬᠡᠦᠬᠡᠨ ᠡᠴᠡ ᠪᠠᠨ ᠬᠦᠳᠡᠭᠡ ᠨᠤᠲᠤᠭ᠎ᠤᠨ ᠠᠮᠢᠳᠤᠷᠠᠯ ᠪᠣᠯᠤᠨ ᠴᠠᠭ ᠦᠶ᠎ᠡ᠎ᠶ᠋ᠢᠨ ᠳᠤᠷᠠᠰᠤᠮᠵᠢ᠎ᠶ᠋ᠢ ᠱᠤᠭᠤᠵᠤ ᠤᠷᠠᠯᠠᠬᠤ ᠤᠷᠠᠨ ᠭᠠᠷ᠎ᠲᠠᠢ ᠱᠢᠪᠠᠷ ᠱᠤᠭᠤᠮᠠᠯ᠎ᠤᠨ ᠤᠷᠠᠯᠢᠭ᠍ᠴᠢᠨ ᠪᠣᠯᠤᠨ ᠬᠥᠮᠦᠵᠢᠭᠳᠡᠭᠰᠡᠨ ᠪᠠᠢᠨ᠎ᠠ᠃
ᠳᠠᠷᠢᠶᠠᠴᠢᠨ ᠬᠡᠥᠬᠡᠨ᠎ᠠᠴᠠ ᠪᠠᠨ ᠱᠢᠪᠠᠷ ᠱᠤᠭᠤᠮᠠᠯ᠎ᠤᠨ ᠤᠷᠠᠯᠢᠭ᠍ᠴᠢᠨ ᠪᠤᠯᠪᠠ
ᠯᠢᠦ ᠱᠦ᠍ ᠴᠢᠨᠤ ᠤᠷᠠᠯᠠᠯ ᠨᠢ ᠲᠦᠴᠢᠦᠸᠠᠨ ᠱᠢᠶᠠᠨ᠎ᠤ ᠵᠡᠭᠦᠨ ᠳᠦᠷᠦᠯᠵᠢ ᠪᠠᠯᠭᠠᠰᠤᠨ᠎ᠤ ᠡᠦ ᠢ ᠲᠣᠰᠭᠤᠨ᠎ᠤ ᠱᠢᠮ᠎ᠡ᠎ᠳᠤ ᠬᠥᠷᠥᠰᠥᠨ᠎ᠳᠤ ᠭᠦᠨ ᠦᠨᠳᠦᠰᠦᠯᠡᠭᠰᠡᠨ ᠪᠠᠢᠳᠠᠭ᠃ ᠡᠳ᠋ ᠪᠣᠳᠠᠰ ᠬᠠᠷᠢᠴᠠᠩᠭᠤᠶᠬᠤᠮᠰᠠ ᠪᠠᠢᠭᠰᠠᠨ ᠪᠠᠭ᠎ᠠ ᠨᠠᠰᠤᠨ᠎ᠳᠤ ᠥᠷᠭᠡᠨ ᠠᠭᠤᠳᠠᠮ ᠡᠬᠡ ᠪᠠᠢᠭᠠᠯᠢ ᠪᠣᠯᠤᠨ ᠡᠭᠡᠯ ᠪᠣᠷᠣᠭ᠍ᠵᠢᠭᠤᠨ ᠲᠠᠷᠢᠶᠠᠴᠢᠨ ᠠᠢᠯ᠎ᠤᠨ ᠠᠮᠢᠳᠤᠷᠠᠯᠲᠡᠭᠦᠨᠤ ᠠᠮᠢᠳᠤᠯᠢᠭ 《ᠤᠷᠠᠯᠢᠭ᠎ᠤᠨ ᠬᠢᠴᠢᠶᠡᠯ᠎ᠤᠨ ᠲᠠᠩᠬᠢᠮ》 ᠪᠤᠯᠵᠠᠢ᠃
ᠯᠢᠦ ᠱᠤ᠌ ᠴᠢᠨ ᠪᠠᠭ᠎ᠠ ᠰᠤᠷᠭᠠᠭᠤᠯᠢ᠎ᠵᠢᠨ ᠭᠤᠷᠪᠠᠳᠤᠭᠠᠷ ᠣᠨ᠎ᠳ᠋ᠤ ᠰᠤᠷᠤᠯᠴᠠᠵᠤ ᠪᠠᠢᠬᠤ᠎ᠳᠤ ᠭᠡᠷ᠎ᠤᠨ ᠬᠢᠨ ᠨᠢ ᠱᠢᠨ᠎ᠡ ᠪᠠᠢᠰᠢᠩ ᠪᠠᠷᠢᠵᠠᠢ᠃ ᠬᠥᠮᠥᠰ ᠱᠢᠪᠠᠷ ᠨᠤᠬᠤᠨ ᠬᠡᠷᠡᠮ ᠪᠠᠷᠢᠵᠤ ᠶᠠᠭᠠᠷᠠᠬᠤ᠎ᠳᠠᠭᠠᠨ ᠪᠦᠬᠡᠮ ᠰᠢᠪᠠᠷᠢᠭᠠᠵᠠᠷ ᠤᠨᠠᠭᠠᠪᠠ᠂ ᠡᠨᠡ ᠨᠢ ᠯᠢᠦ ᠱᠦ᠍ ᠴᠢᠨᠤ ᠠᠩᠬᠠᠷᠤᠯ᠎ᠳᠤ ᠬᠦᠷᠴᠦ᠂ ᠲᠡᠷᠡ ᠡᠷᠳᠡᠨᠢ ᠣᠯᠤᠭ᠍ᠰᠠᠨ ᠰᠢᠬ ᠲᠡᠭᠦᠵᠦ ᠠᠪᠤᠭᠠᠳ ᠬᠣᠶᠠᠷ ᠭᠠᠷ ᠵᠢᠡᠷ ᠵᠢᠡᠨ ᠱᠤᠭᠤᠵᠤ ᠪᠠᠷᠢᠭᠰᠠᠭᠠᠷ ᠳᠦᠷᠰᠦ ᠭᠡᠯᠪᠠᠷᠢᠭᠠᠷᠭᠠᠵᠠᠢ᠃ 《ᠠᠩᠬ᠎ᠠ ᠤᠳᠠᠭ᠎ᠠ ᠮᠠᠯᠤᠷ ᠥᠲᠡᠭᠡ ᠱᠤᠭᠤᠵᠤ ᠭᠠᠷᠭᠠᠭᠠᠳ᠂ ᠬᠠᠲᠠᠭᠰᠠᠨᠤ ᠳᠠᠷᠠᠭ᠎ᠠ ᠪᠤᠳᠤᠭ ᠤᠷᠤᠭᠤᠯᠤᠭᠰᠠᠨ ᠵᠢᠡᠨ ᠴᠡᠭᠡᠵᠢᠯᠡᠵᠦ ᠪᠠᠢᠨ᠎ᠠ》᠃ ᠡᠨᠡ ᠬᠦ᠌ ᠪᠦᠳᠦᠭᠦᠯᠢᠭ ᠪᠥᠲᠥᠭᠡᠯ ᠨᠢ ᠶᠠᠭ ᠭᠠᠯ᠎ᠤᠨ ᠣᠴᠢ ᠰᠢᠬ ᠲᠡᠭᠦᠨ᠎ᠤ ᠱᠢᠪᠠᠷ ᠱᠤᠭᠤᠮᠠᠯ᠎ᠤᠨ ᠠᠪᠢᠶᠠᠰ ᠪᠢᠯᠢᠭ᠎ᠢ ᠬᠦᠭᠵᠢᠭᠡᠭᠰᠡᠨ ᠪᠠᠢᠪᠠ᠃ ᠲᠡᠭᠦᠨ᠎ᠡᠴᠡ ᠬᠤᠢᠰᠢ ᠱᠢᠪᠠᠷ ᠱᠢᠷᠣᠢ ᠲᠡᠭᠦᠨ᠎ᠦ ᠬᠠᠮᠤᠭ᠎ᠤᠨ ᠳᠣᠲᠣᠨᠣ ᠬᠠᠨᠢ᠂ ᠬᠠᠮᠤᠭ᠎ᠤᠨ ᠪᠣᠷᠣᠭ᠍ᠵᠢᠭᠤᠨ ᠵᠢᠷᠤᠭ᠎ᠤᠨ ᠪᠥᠰ ᠪᠣᠯᠤᠭᠰᠠᠨ ᠪᠠᠢᠯ᠎ᠠ᠃

ᠯᠢᠦ ᠱᠦ᠍ ᠴᠢᠨ ᠱᠢᠪᠠᠷ ᠱᠤᠭᠤᠮᠠᠯ᠎ᠤᠨ ᠤᠷ᠎ᠠ ᠮᠡᠷᠭᠡᠵᠢᠯ᠎ᠢ ᠤᠯᠠᠮᠵᠢᠯᠠᠨ᠎ᠠ
ᠤᠳᠠᠯ ᠦᠭᠡᠢ ᠠᠵᠠ ᠲᠣᠬᠢᠶᠠᠯ ᠠᠶᠨᠨᠳᠠᠭᠠᠨ ᠬᠦᠷᠴᠦ ᠢᠷᠡᠪᠡ᠃ 1985 ᠣᠨ᠎ᠳᠤ ᠯᠢᠦ ᠱᠦ᠍ ᠴᠢᠨᠤ ᠤᠷᠠᠯᠠᠨ ᠪᠦᠲᠦᠭᠡᠭ᠌ᠰᠡᠨ ᠬᠤᠶᠠᠷ ᠱᠢᠪᠠᠷ ᠱᠤᠭᠤᠮᠠᠯ᠎ᠢ ᠲᠦᠴᠢᠦᠸᠠᠨ ᠱᠢᠶᠠᠨ᠎ᠤ ᠰᠣᠶᠣᠯ᠎ᠤᠨ ᠣᠷᠳᠣᠨ᠎ᠳᠤ ᠬᠦᠷᠭᠡᠪᠡ᠃ ᠲᠤᠬᠠᠶ᠎ᠶ᠋ᠢᠨ ᠦᠶ᠎ᠡ᠎ᠵᠢᠨ ᠰᠤᠶᠤᠯ᠎ᠤᠨ ᠣᠷᠳᠣᠨ᠎ᠤ ᠳᠠᠷᠤᠭ᠎ᠠ ᠰᠢᠪᠠᠷ ᠱᠤᠭᠤᠮᠠᠯ᠎ᠢ ᠨᠢ ᠦᠵᠡᠵᠦ ᠲᠤᠭᠤᠭᠠᠳ᠂ ᠡᠨᠡ ᠬᠦ᠌ ᠬᠥᠳᠡᠭᠡ ᠵᠢᠨ ᠬᠡᠦᠭᠡᠨ᠎ᠳᠤ ᠬᠤᠪᠢ ᠬᠥᠮᠦᠨ᠎ᠤ ᠱᠢᠪᠠᠷ ᠱᠤᠭᠤᠮᠠᠯ᠎ᠤᠨ ᠦᠵᠡᠰᠭᠦᠯᠡᠩ ᠡᠷᠭᠢᠯᠡᠵᠤ ᠥᠭ᠌ᠭᠦᠭ᠌ᠰᠡᠨ᠎ᠢᠶᠠᠷ ᠪᠠᠷᠠᠬᠤ ᠦᠭᠡᠢ᠂ ᠨᠠᠩ ᠴᠤ᠌ ᠲᠡᠭᠦᠨ᠎ᠳᠤ ᠠᠵᠢᠯ᠎ᠳᠤ ᠭᠠᠷᠬᠤ ᠤᠷᠢᠯᠭ᠎ᠠ ᠥᠭ᠌ᠴᠡᠢ᠃
ᠭᠡᠨᠡᠳᠲᠡ᠎ᠶ᠋ᠢᠨ ᠠᠵᠠ ᠳᠣᠬᠢᠶᠠᠯᠬᠦᠷᠴᠦ ᠢᠷᠡᠬᠦ᠎ᠳᠤ ᠯᠢᠦ ᠱᠦ᠍ ᠴᠢᠨ ᠪᠠᠶᠠᠷᠯᠠᠵᠤ ᠬᠦᠭᠰᠡᠭᠰᠡᠨ ᠪᠤᠯᠪᠠᠴᠤ ᠵᠥᠪᠬᠡᠨ ᠠᠪᠢᠶᠠᠰ ᠪᠢᠯᠢᠭ᠌ ᠪᠠ ᠬᠠᠯᠠᠭᠤᠨ ᠤᠷᠮ᠎ᠠ ᠳ᠋ᠠᠭᠠᠨ ᠲᠦᠰᠢᠪᠡᠯᠤᠷᠠᠯᠢᠭᠤᠨ ᠵᠠᠮ᠎ᠢᠶᠠᠷ ᠬᠤᠯᠠ ᠶᠠᠪᠤᠵᠤ ᠳᠡᠢᠯᠬᠦ ᠦᠭᠡᠢ᠂ ᠱᠢᠰᠲ᠋ᠧᠮ᠎ᠲᠠᠢ᠎ᠪᠠᠷ ᠰᠤᠷᠤᠯᠴᠠᠪᠠᠯ ᠰᠠᠶᠢ ᠪᠣᠭᠤᠮᠢ᠎ᠶ᠋ᠢ ᠱᠢᠪᠲᠤᠯᠵᠤ ᠴᠢᠳᠠᠨ᠎ᠠ ᠭᠡᠳᠡᠭ᠎ᠢ ᠲᠤᠳᠤᠷᠬᠠᠢ ᠣᠢᠯᠠᠭᠠᠵᠤ ᠪᠠᠢᠯ᠎ᠠ᠃ 1988 ᠣᠨ᠎ᠳᠤ ᠲᠡᠷᠡ ᠥᠪᠥᠷ ᠮᠣᠩᠭᠤᠯ᠎ᠤᠨ ᠶᠡᠭᠡ ᠰᠤᠷᠭᠠᠭᠤᠯᠢ᠎ᠶ᠋ᠢᠨ ᠤᠷᠠᠯᠢᠭ᠎ᠤᠨ ᠳᠡᠭᠡᠳᠦ ᠰᠤᠷᠭᠠᠭᠤᠯᠢ᠎ᠳᠤ ᠰᠢᠯᠭᠠᠭᠤᠯᠵᠤ ᠤᠷᠤᠭᠠᠳ᠂ ᠬᠥᠬᠡᠬᠤᠲᠠ᠎ᠳᠤ ᠬᠦᠷᠴᠦ᠍ ᠲᠤᠰᠭᠠᠢ ᠮᠡᠷᠭᠡᠵᠢᠯ ᠰᠤᠷᠤᠯᠴᠠᠪᠠ᠃ ᠰᠤᠷᠤᠯᠴᠠᠬᠤ ᠶᠠᠪᠤᠴᠠ᠎ᠳᠤ ᠬᠦᠳᠡᠭᠡ ᠨᠤᠲᠤᠭ᠎ᠤᠨ ᠪᠠᠶᠠᠯᠢᠬ ᠠᠮᠢᠳᠤᠷᠠᠯ᠎ᠢ ᠳᠡᠭᠡᠳᠦ ᠰᠤᠷᠭᠠᠭᠤᠯᠢ᠎ᠶ᠋ᠢᠨ ᠪᠦᠯᠦᠭ᠎ᠤᠨ ᠴᠢᠩᠭ᠎ᠠ ᠴᠢᠬᠢᠮᠠᠢ ᠤᠷᠠᠯᠢᠭ᠎ᠤᠨ ᠠᠷᠭ᠎ᠠ ᠮᠡᠷᠭᠡᠵᠢᠯ᠎ᠲᠠᠢ ᠠᠭᠤᠰᠬᠠᠭᠠᠳ ᠨᠢᠭᠡ ᠴᠣᠭ᠍ᠴᠠ ᠪᠣᠯᠭᠠᠵᠤ᠂ ᠵᠣᠬᠢᠶᠠᠨ ᠪᠦᠲᠦᠭᠡᠬᠦ᠌ ᠬᠡᠪ ᠨᠠᠮᠪᠠ᠎ᠪᠠᠨ ᠤᠯᠠᠮ᠎ᠠᠴᠠ ᠤᠯᠠᠮ ᠪᠤᠯᠪᠠᠰᠤᠷᠠᠩᠭᠤᠢ ᠪᠤᠯᠭᠠᠵᠤ᠂ ᠡᠴᠦᠰ᠎ᠲᠤ ᠥᠪᠡᠷᠮᠢᠴᠡ ᠣᠨᠴᠠᠯᠢᠭ᠎ᠲᠠᠢ ᠤᠷᠠᠯᠢᠭ᠎ᠤᠨ ᠬᠡᠯᠡ᠎ᠶ᠋ᠢ ᠪᠦᠷᠢᠯᠳᠦᠭᠦᠯᠵᠡᠶ᠃

ᠠᠮᠢᠳᠤᠯᠢᠬ ᠪᠣᠷᠣᠭ᠍ᠵᠢᠭᠤᠨ ᠬᠦᠮᠦᠨ᠎ᠤ ᠳᠦᠷᠢ ᠵᠢᠨ ᠱᠢᠪᠠᠷ ᠱᠤᠭᠤᠮᠠᠯ
ᠶᠡᠭᠡ ᠰᠤᠷᠭᠠᠭᠤᠯᠢ ᠪᠠᠨ ᠲᠡᠭᠦᠰᠦᠭ᠌ᠰᠡᠨ᠎ᠤ ᠲᠠᠷᠠᠭ᠎ᠠ᠂ ᠯᠢᠦ ᠱᠦ᠍ ᠴᠢᠨ ᠰᠤᠷᠤᠭᠰᠠᠨ ᠲᠤᠰᠭᠠᠢ ᠮᠡᠷᠭᠡᠵᠢᠯ᠎ᠵᠢᠡᠨ ᠱᠢᠪᠠᠷ ᠱᠢᠷᠣᠢ᠎ᠶ᠋ᠢᠨ ᠵᠣᠬᠢᠶᠠᠨ ᠪᠦᠲᠦᠭᠡᠯᠭᠡ᠎ᠳᠤ ᠠᠭᠤᠰᠬᠠᠨ᠂ ᠤᠷᠠᠯᠢᠭ᠎ᠤᠨ ᠠᠮᠢᠵᠢᠷᠠᠯ᠎ᠤᠨ ᠬᠦᠴᠦᠨ᠎ᠨᠢ ᠨᠡᠩ ᠪᠠᠳᠠᠷᠠᠩᠭᠤᠢ ᠪᠤᠯᠪᠠ᠃ ᠲᠡᠷᠡ 《ᠰᠢᠯᠦᠰᠤ ᠬᠤᠷᠠᠭᠤᠯᠤᠮᠠ ᠴᠢᠨᠠᠭᠰᠠᠨ ᠮᠢᠬ᠎ᠠ》᠂《ᠳᠤᠯᠠᠭᠠᠨ ᠨᠠᠮᠤᠷ》᠂ 《ᠮᠠᠯ ᠵᠢᠡᠨ ᠬᠤᠲᠠᠯᠠᠨᠠ》 ᠵᠡᠷᠭᠡ ᠮᠠᠯᠴᠢᠨ ᠲᠠᠷᠢᠶᠠᠴᠢᠨ᠎ᠤ ᠦᠢᠯᠡᠳᠪᠦᠷᠢᠯᠡᠯ ᠠᠮᠢᠳᠤᠷᠠᠯ ᠪᠠ ᠴᠤᠭ ᠵᠤᠯᠪᠤᠭ᠎ᠠ ᠳ᠋ᠦᠠᠩᠬᠠᠷᠤᠯ ᠲᠦᠪᠯᠡᠷᠡᠭᠦᠯᠦᠭ᠌ᠰᠡᠨ ᠰᠢᠷᠢᠰ ᠪᠦᠲᠦᠭᠡᠯ᠎ᠢ ᠵᠠᠯᠭᠠᠭ᠎ᠠ᠎ᠪᠠᠷ ᠤᠷᠠᠯᠠᠨ ᠪᠦᠲᠦᠭᠡᠵᠦ᠂ ᠠᠮᠢᠳᠤᠷᠠᠯ᠎ᠤᠨ ᠠᠭᠤᠷ ᠠᠮᠢᠰᠭᠤᠯ ᠵᠢᠡᠷ ᠦᠳᠭᠡᠨ᠂ ᠭᠠᠵᠠᠷ ᠣᠷᠣᠨ᠎ᠤ ᠣᠨᠴᠠᠯᠢᠭ ᠵᠢᠡᠷ ᠳᠤᠪᠤᠢᠮ᠎ᠠ ᠤᠷᠠᠨ ᠳᠦᠷᠰᠦᠯᠢᠭ ᠪᠦᠲᠦᠭᠡᠯ᠎ᠤᠳ ᠨᠢ ᠡᠯ᠎ᠡ ᠲᠣᠮᠣ ᠤᠷᠠᠨ ᠵᠢᠷᠤᠭ᠎ᠤᠨ ᠦᠵᠡᠰᠭᠦᠯᠡᠩ᠎ᠤᠨ ᠪᠠᠢᠩᠭᠤ ᠵᠢᠨ ᠵᠤᠴᠢᠨ ᠪᠤᠯᠵᠠᠢ᠃ ᠡᠲᠡᠭᠡᠷ ᠪᠦᠲᠦᠭᠡᠯ᠎ᠨᠢ ᠤᠯᠤᠰ᠂ ᠦᠪᠦᠷ ᠮᠤᠩᠭᠤᠯ ᠵᠢᠴᠢ ᠠᠢᠮᠠᠭ᠎ᠤᠨ ᠲᠠᠰ᠎ᠤᠨ ᠦᠵᠡᠰᠭᠦᠯᠡᠩᠳᠤ ᠣᠯᠠᠨᠲᠠ ᠢᠷᠠᠭᠤ ᠠᠯᠳᠠᠷ᠎ᠢ ᠬᠦᠷᠲᠡᠭ᠌ᠰᠡᠨ᠎ᠢᠶᠠᠷ ᠪᠠᠷᠠᠬᠤ ᠥᠬᠡᠶ᠂ ᠨᠠᠩ ᠴᠤ᠌ 31 ᠪᠦᠲᠦᠭᠡᠯ᠎ᠨᠢ ᠥᠪᠥᠷ ᠮᠣᠩᠭᠤᠯ᠎ᠤᠨ ᠤᠷᠠᠨ ᠵᠢᠷᠤᠭ᠎ᠤᠨ ᠣᠷᠳᠣᠨ᠎ᠳᠤ ᠳᠡᠯᠭᠡᠭᠳᠡᠵᠦ᠂ ᠲᠤᠰᠭᠠᠶ ᠮᠡᠷᠭᠡᠵᠢᠯᠲᠡᠨ ᠡᠷᠳᠡᠮᠲᠡᠳ᠎ᠤᠨ ᠦᠨᠳᠦᠷ ᠦᠨᠡᠯᠡᠯᠲᠡ ᠵᠢ ᠣᠯᠤᠭ᠍ᠰᠠᠨ ᠪᠠᠢᠨ᠎ᠠ᠃ 《ᠨᠠᠮ᠎ᠤᠨ ᠬᠥᠮᠦᠵᠢᠯ》 ᠵᠡᠷᠭᠡ ᠰᠡᠳᠬᠦᠯ᠎ᠤᠳ ᠲᠡᠭᠦᠨ᠎ᠢ ᠲᠤᠰᠭᠠᠢ ᠰᠡᠳᠦᠪ ᠵᠢᠡᠷ ᠮᠡᠳᠡᠭᠡᠯᠡᠵᠡᠢ᠃
ᠠᠮᠢᠳᠤᠷᠠᠯ᠎ᠤᠨ ᠳᠤᠮᠳᠠ ᠵᠤᠬᠢᠶᠠᠨ ᠪᠦᠲᠦᠭᠡᠬᠦ ᠠᠪᠢᠶᠠᠰ ᠪᠢᠯᠢᠭ ᠵᠢᠡᠨ ᠬᠤᠷᠴᠠᠯᠠᠪᠠ
《ᠠᠩᠬ᠎ᠠ ᠱᠢᠪᠠᠷ ᠱᠤᠭᠤᠮᠠᠯᠪᠦᠲᠦᠭᠡᠬᠦ ᠦᠶᠡᠰ ᠠᠮᠢᠲᠠᠨ ᠵᠢᠡᠷ ᠭᠤᠤᠯᠳᠠᠵᠤ ᠰᠡᠳᠦᠪᠯᠡᠵᠦ ᠪᠠᠢᠭᠰᠠᠨ᠂ ᠤᠷ᠎ᠠ ᠮᠡᠷᠭᠡᠵᠢᠯ ᠪᠣᠯᠪᠠᠰᠤᠷᠠᠩᠭᠤᠢ ᠪᠤᠯᠤᠭᠰᠠᠨ᠎ᠤ ᠳᠠᠷᠠᠭ᠎ᠠ ᠬᠥᠮᠦᠨ᠎ᠤ ᠳᠦᠷᠢ ᠪᠡᠷ ᠭᠤᠤᠯᠳᠠᠵᠤ ᠱᠤᠭᠤᠬᠤ ᠪᠤᠯᠤᠯ᠎ᠠ》 ᠭᠡᠵᠦ ᠯᠢᠦ ᠱᠦ᠍ ᠴᠢᠨ ᠲᠠᠨᠢᠯᠴᠠᠭᠤᠯᠤᠨ᠎ᠠ᠂ ᠲᠡᠭᠦᠨ᠎ᠤ ᠱᠢᠪᠠᠷ ᠱᠤᠭᠤᠮᠠᠯ ᠪᠦᠲᠦᠭᠡᠬᠦ ᠤᠩᠭᠤᠨ ᠪᠢᠯᠢᠭ᠎ᠤᠨ ᠣᠯᠠᠩᠬᠢ᠎ᠨᠢ ᠠᠮᠢᠳᠤᠷᠠᠯ᠎ᠠᠴᠠ ᠢᠷᠡᠯᠲᠡ᠎ᠲᠡᠢ᠃ ᠪᠤᠭᠤᠷᠤᠯ ᠡᠪᠦᠭᠡᠨ ᠡᠴᠡ ᠬᠡᠯᠡᠨ᠎ᠳᠤ ᠤᠷᠤᠵᠤ ᠪᠠᠢ᠌ᠭ᠎ᠠ ᠬᠡᠤᠬᠡᠳ ᠬᠦᠷᠲᠡᠯ᠎ᠡ᠂ ᠲᠠᠷᠢᠶᠠᠨ ᠳ᠋ᠠᠭᠠᠨ ᠶᠠᠭᠠᠷᠠᠵᠤ ᠪᠠᠢ᠌ᠭ᠎ᠠ ᠲᠠᠷᠢᠶᠠᠴᠢᠨ ᠡᠴᠡ ᠡᠶᠡᠯᠳᠡᠭ ᠪᠤᠷᠤᠭ᠍ᠵᠢᠭᠤᠨ ᠡᠮᠡᠭ᠌ᠲᠡᠢ ᠬᠦᠷᠲᠡᠯ᠎ᠡ᠂ ᠬᠦᠳᠡᠭᠡ᠎ᠶ᠋ᠢᠨ ᠦᠵᠡᠮᠵᠢ ᠠᠬᠤᠢ ᠪᠤᠯᠤᠨ ᠴᠠᠭ ᠦᠶ᠎ᠡ᠎ᠶ᠋ᠢᠨ ᠲᠤᠷᠠᠰᠤᠮᠵᠢ ᠨᠢᠭᠡᠨᠲᠡ ᠲᠡᠭᠦᠨ᠎ᠤ ᠱᠢᠪᠠᠷ ᠱᠤᠭᠤᠮᠠᠯ ᠤᠷᠠᠯᠠᠨ ᠪᠦᠲᠤᠭᠡᠬᠦᠠᠪᠢᠶᠠᠰ ᠪᠢᠯᠢᠭ᠎ᠤᠨ ᠡᠬᠢ ᠪᠤᠯᠠᠭ ᠪᠤᠯᠤᠭᠰᠠᠨ ᠪᠠᠢᠨ᠎ᠠ᠃
ᠱᠢᠪᠠᠷ ᠱᠤᠭᠤᠮᠠᠯ᠎ᠤᠨ ᠤᠷᠠᠯᠢᠭ᠎ᠤ᠋ᠨ ᠬᠦᠷᠢᠶᠡᠨ᠎ᠳ᠋ᠦ᠍᠂ ᠬᠥᠮᠦᠨ᠎ᠤ ᠳᠦᠷᠢ ᠵᠢ ᠪᠦᠲᠦᠭᠡᠬᠦ ᠪᠤᠯ ᠠᠪᠠᠷᠢᠬᠤ᠎ᠳᠤ ᠬᠠᠮᠤᠭ᠎ᠤᠨ ᠬᠦᠴᠢᠷᠲᠡᠢ ᠨᠣᠶᠠᠨ ᠣᠷᠭᠢᠯᠭᠡᠵᠦ ᠬᠡᠯᠡᠵᠦ ᠪᠤᠯᠤᠨ᠎ᠠ᠂ ᠡᠭᠦᠨ᠎ᠳᠤ ᠰᠡᠳᠬᠢᠯᠭᠡ ᠵᠢ ᠱᠤᠭᠤᠵᠤ ᠢᠯᠡᠷᠡᠭᠦᠯᠬᠦ ᠪᠤᠯ ᠨᠡᠩ ᠴᠤ᠌ ᠲᠡᠭᠦᠨ᠎ᠦ᠌ ᠳᠣᠲᠣᠷᠠᠬᠢ ᠤᠷ᠎ᠠ ᠡᠷᠳᠡᠮ᠎ᠢ ᠰᠢᠯᠭᠠᠬᠤ ᠵᠠᠩᠭᠢᠯᠠᠭ᠎ᠠ ᠪᠣᠯᠤᠨ᠎ᠠ᠃ 《ᠡᠳᠡᠭᠡᠷ ᠱᠢᠪᠠᠷ ᠬᠥᠮᠦᠨ ᠳᠦᠭᠦᠮ ᠬᠥᠭᠡᠷᠦᠬᠦᠨ ᠬᠠᠷᠠᠭᠳᠠᠪᠠᠴᠤ ᠵᠤᠬᠢᠶᠠᠨ ᠪᠦᠲᠦᠭᠡᠬᠦ ᠶᠠᠪᠤᠴᠠ ᠨᠢ ᠮᠠᠱᠢ ᠪᠤᠳᠤᠯᠢᠶᠠᠨᠲᠠᠢ᠃ ᠨᠢᠭᠡ ᠬᠥᠮᠥᠨ᠎ᠦ ᠳᠦᠷᠢ ᠵᠢ ᠱᠤᠭᠤᠬᠤ ᠳ᠋ᠦ ᠶᠡᠷᠦ᠎ᠳᠡᠭᠡᠨ ᠨᠢᠭᠡ ᠬᠣᠶᠠᠷ ᠡᠳᠦᠷ᠎ᠦᠨ ᠴᠠᠭ ᠬᠡᠷᠡᠭ᠌ᠰᠡᠨ᠎ᠡ᠂ ᠬᠡᠷᠪᠡ ᠰᠢᠷᠢᠰ ᠪᠥᠲᠥᠭᠡᠯᠭᠠᠷᠭᠠᠬᠤᠶᠤᠮ ᠪᠤᠯ ᠬᠡᠳᠦᠨ ᠰᠠᠷ᠎ᠠ ᠵᠢᠨ ᠴᠠᠭ ᠵᠠᠷᠤᠴᠠᠭᠤᠯᠤᠨ᠎ᠠ》 ᠭᠡᠵᠦ ᠯᠢᠦ ᠱᠦ᠍ ᠴᠢᠨ ᠲᠠᠨᠢᠯᠴᠠᠭᠤᠯᠤᠨ᠎ᠠ᠃ ᠲᠡᠭᠦᠨ᠎ᠦ ᠪᠠᠷᠢᠬᠰᠠᠨ ᠬᠤᠯᠤᠰᠤᠨ ᠬᠢᠲᠤᠭ᠎ᠠ᠎ᠨᠢ ᠶᠠᠭ ᠠᠮᠢ ᠲᠠᠢ ᠶᠤᠮ ᠰᠢᠬ ᠬᠦᠮᠦᠨ᠎ᠤ ᠳᠦᠷᠢ ᠵᠢᠨᠬᠤᠷᠤᠮ ᠵᠠᠭᠤᠷ᠎ᠠ᠎ᠶ᠋ᠢᠨ ᠰᠡᠳᠭᠢᠯᠭᠡ᠎ᠶ᠋ᠢᠨ ᠬᠣᠪᠢᠷᠠᠯᠲᠠ᠎ᠶ᠋ᠢ ᠨᠠᠷᠢᠯᠢᠬ ᠣᠨᠣᠪᠴᠢᠲᠠᠢ ᠱᠤᠭᠤᠵᠤ ᠭᠠᠷᠭᠠᠬᠤ ᠠᠵᠢ᠃

ᠱᠢᠪᠠᠷ ᠱᠤᠭᠤᠮᠠᠯ 《ᠨᠸ ᠵᠠ》
ᠯᠢᠦ ᠱᠦ᠍ ᠴᠢᠨᠤ ᠤᠷᠠᠯᠢᠭ᠎ᠦᠨ ᠬᠠᠷᠠᠭᠠᠰᠤ ᠨᠢ ᠤᠯᠠᠮᠵᠢᠯᠠᠯᠲᠤ ᠰᠡᠳᠦᠪ ᠲᠦ᠍ ᠪᠠᠷᠢᠭᠳᠠᠳᠠᠭ ᠦᠭᠡᠢ᠃ ᠵᠢᠷᠦᠮᠠᠯ ᠵᠦᠴᠦᠭᠡ 《ᠨᠸ ᠵᠠ 2》 ᠲᠡᠬᠢ ᠲᠡᠷᠰᠯᠡᠵᠦ ᠠᠭᠠᠰᠢᠯᠠᠬᠤ ᠠᠲᠠᠯ᠎ᠠ ᠬᠤᠷᠴᠠ ᠰᠡᠷᠭᠦᠯᠡᠩ ᠨᠸ ᠵᠠ ᠵᠢᠨ ᠳᠦᠷᠢ ᠲᠡᠭᠦᠨ᠎ᠤ ᠬᠠᠷᠠᠭᠠᠨ᠎ᠳᠤ ᠤᠷᠤᠬᠤ ᠲᠠᠢ ᠵᠠᠷᠭᠡ ᠱᠤᠭᠤᠵᠤ ᠪᠦᠲᠦᠭᠡᠬᠦ ᠪᠤᠳᠤᠯ ᠬᠦᠪᠦᠷᠡᠪᠡ᠃ ᠨᠸ ᠵᠠ ᠵᠢᠨ ᠬᠤᠷᠴᠠ ᠰᠡᠷᠭᠦᠯᠡᠩ ᠲᠦᠷᠭᠦ ᠵᠢ ᠤᠨᠤᠪᠴᠢᠲᠠᠢ ᠭᠠᠷᠭᠠᠬᠤ ᠵᠢᠨ ᠲᠥᠯᠥᠭᠡ᠂ ᠺᠢᠨᠤ᠋᠎ᠶ᠋ᠢᠨ ᠬᠡᠰᠡᠭ᠎ᠢ ᠲᠠᠬᠢᠨ ᠳᠠᠪᠲᠠᠨ ᠦᠵᠡᠵᠦ᠍᠂ ᠨᠸ ᠵᠠ ᠵᠢᠨ ᠰᠡᠳᠬᠢᠯᠭᠡ ᠵᠢᠨ ᠬᠤᠪᠢᠷᠠᠯᠲᠠ ᠵᠢ ᠨᠠᠷᠢᠯᠢᠬ ᠠᠵᠢᠬᠯᠠᠨ ᠪᠣᠳᠣᠯᠬᠢᠯᠠᠬᠤ ᠵᠢᠨ ᠬᠠᠮᠲᠤ ᠤᠷᠠᠨ ᠵᠢᠷᠤᠭ᠎ᠤᠨ ᠪᠦᠲᠦᠭᠡᠯ᠎ᠢᠶᠠᠷ ᠯᠠᠪᠯᠠᠯᠲᠠ ᠪᠣᠯᠭᠠᠬᠰᠠᠨ ᠪᠠᠢᠨ᠎ᠠ᠃ ᠣᠯᠠᠨ ᠤᠳᠠᠭᠠᠨ᠎ᠤ ᠨᠢᠭᠲᠠ ᠰᠡᠢᠯᠵᠦ᠍ ᠨᠢᠮᠪᠠᠢ ᠱᠤᠭᠤᠬᠤ ᠪᠡᠷ ᠳᠠᠮᠵᠢᠨ᠂ ᠨᠢᠳᠦᠨ ᠳ᠋ᠡᠭᠡᠨ ᠭᠠᠯ ᠲᠠᠢ ᠨᠢᠭᠤᠷ ᠲᠠᠭᠠᠨ ᠴᠤᠭ ᠲᠠᠢ ᠤᠬᠤᠷ ᠤᠭᠤᠵᠢ ᠡᠮᠦᠰᠦᠭᠰᠡᠨ ᠨᠸ ᠵᠠ ᠵᠢᠨ ᠰᠢᠪᠠᠷ ᠱᠤᠭᠤᠮᠠᠯᠯᠢᠦ ᠱᠦ᠍ ᠴᠢᠨᠤ ᠭᠠᠷ ᠲᠦ᠍ 《ᠠᠮᠢᠯᠠᠵᠠᠢ》᠃ ᠡᠨᠡ ᠬᠦ᠌ ᠪᠦᠲᠦᠭᠡᠯᠪᠤᠯ ᠲᠡᠭᠦᠨ᠎ᠤ ᠤᠷᠠᠯᠢᠭ᠎ᠤᠨ ᠣᠢᠯᠠᠭᠠᠭ᠍ᠳᠠᠬᠤᠨ᠎ᠤ ᠠᠮᠢᠳᠤᠯᠢᠬ ᠲᠠᠢᠯᠪᠤᠷᠢ ᠪᠣᠯᠤᠨ᠎ᠠ᠃ 《ᠱᠢᠪᠠᠷ ᠱᠤᠭᠤᠮᠠᠯ ᠪᠣᠯ ᠱᠢᠪᠠᠷ ᠱᠢᠷᠣᠢ᠎ᠶ᠋ᠢᠨ ᠤᠷᠠᠯᠢᠭ ᠮᠥᠨ᠂ ᠨᠡᠩ ᠴᠤ᠌ ᠠᠮᠢᠳᠤᠷᠠᠯ᠎ᠤᠨ ᠤᠷᠠᠯᠢᠭ ᠮᠥᠨ᠃ ᠪᠢ ᠰᠢᠪᠠᠷ ᠵᠢᠡᠷ ᠳᠤᠮᠳᠠᠳᠤ ᠤᠯᠤᠰ᠎ᠤᠨ ᠦᠯᠢᠭᠡᠷ᠎ᠢ ᠬᠦᠦᠷᠨᠢᠨ᠎ᠡ》 ᠭᠡᠵᠤ ᠲᠠᠷᠠ ᠶᠠᠷᠢᠨ᠎ᠠ᠃
ᠴᠠᠭ ᠦᠶ᠎ᠡ᠎ᠶᠢᠨ ᠤᠷᠤᠰᠬᠠᠯ᠎ᠤᠨ ᠡᠮᠦᠨ᠎ᠡ᠂ ᠯᠢᠦ ᠱᠤ᠌ ᠴᠢᠨ ᠤᠯᠠᠮᠵᠢᠯᠠᠯᠢ᠋ ᠪᠠᠲᠤ ᠰᠠᠬᠢᠬᠤ ᠪᠤᠯ ᠴᠣᠷ᠎ᠤ᠋ᠨ ᠭᠠᠭ᠍ᠴᠠ ᠤᠯᠠᠮᠵᠢᠯᠠᠬᠤ ᠵᠠᠮ ᠪᠢᠱᠢ ᠭᠡᠳᠡᠭᠢ᠋ ᠭᠦᠨ ᠮᠡᠳᠡᠨ᠎ᠡ᠃ ᠢᠩᠬᠢᠭᠡᠳ ᠲᠡᠷᠡ ᠱᠢᠨ᠎ᠡ᠎ᠶ᠋ᠢ ᠡᠭᠦᠳᠬᠦ᠌ ᠵᠠᠮ᠎ᠢᠶᠠᠷ ᠡᠷᠡᠰ ᠱᠢᠭᠤᠷᠬᠠᠢᠵᠠᠮᠨᠠᠵᠠᠢ᠄ 《ᠡᠨᠡ ᠬᠡᠳᠦᠨ ᠵᠢᠯ ᠪᠢ ᠱᠢᠪᠠᠷ ᠱᠤᠭᠤᠮᠠᠯ᠎ᠤᠨ ᠤᠷ᠎ᠠ ᠮᠡᠷᠭᠡᠵᠢᠯ᠎ᠢ ᠵᠢᠷᠤᠮᠠᠯ ᠵᠦᠴᠦᠭᠡ ᠪᠠ ᠺᠠᠷᠲ᠋ᠤᠨ ᠵᠦᠴᠦᠭᠡ ᠵᠢᠨ ᠳᠦᠷᠢ ᠲᠠᠢ ᠤᠶᠠᠯᠳᠤᠭᠤᠯᠬᠤ ᠵᠢ ᠲᠤᠷᠰᠢᠵᠦ ᠪᠠᠢᠨ᠎ᠠ᠂ ᠡᠭᠦᠨ ᠵᠢᠡᠷ ᠳᠠᠮᠵᠢᠨ ᠨᠡᠩ ᠤᠯᠠᠨ ᠵᠠᠯᠠᠭᠤᠴᠤᠳ᠎ᠢ ᠲᠠᠲᠠᠬᠤ᠎ᠶ᠋ᠢ ᠬᠦᠰᠡᠵᠦ᠍ ᠪᠠᠢᠨ᠎ᠠ》᠃ ᠡᠭᠦᠨ᠎ᠤ ᠬᠠᠮᠲᠤ ᠲᠡᠷᠡ ᠤᠳᠤ ᠦᠶ᠎ᠡ᠎ᠶ᠋ᠢᠨ ᠳᠠᠮᠵᠢᠭᠤᠯᠭ᠎ᠠ᠎ᠶ᠋ᠢᠨ ᠠᠷᠭ᠎ᠠ ᠵᠠᠮ᠎ᠢ ᠢᠳᠡᠪᠬᠢᠲᠡᠢ ᠰᠦᠪᠡᠭ᠌ᠴᠢᠯᠡᠵᠦ᠍᠂ ᠨᠡᠢᠭᠡᠮ᠎ᠤᠨ ᠬᠠᠷᠢᠯᠴᠠᠭᠠᠨ᠎ᠤ ᠵᠠᠭᠤᠴᠢᠯᠠᠭᠤᠷ᠎ᠤᠨ ᠲᠠᠪᠴᠠᠩ᠎ᠢ ᠠᠱᠢᠭ᠍ᠯᠠᠭᠠᠳ᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠷ᠎ᠠ ᠮᠡᠷᠭᠡᠵᠢᠯ᠎ᠢ ᠤᠳᠤ ᠦᠶ᠎ᠡ᠎ᠶ᠋ᠢᠨ ᠠᠮᠢᠳᠤᠷᠠᠯ᠎ᠳᠤ ᠤᠷᠠᠨ᠎ᠢᠶᠠᠷ ᠠᠭᠤᠰᠬᠠᠵᠤ᠂ ᠡᠷᠲᠡᠨ᠎ᠤ ᠱᠢᠪᠠᠷ ᠱᠤᠭᠤᠮᠠᠯ᠎ᠤᠨ ᠤᠷ᠎ᠠ ᠮᠡᠷᠭᠡᠵᠢᠯ᠎ᠢ ᠲᠣᠭᠠᠴᠢᠯᠠᠭ᠍ᠰᠠᠨ ᠴᠠᠭ ᠦᠶ᠎ᠡ᠎ᠳᠤ ᠱᠢᠨ᠎ᠡ ᠠᠮᠢᠵᠢᠷᠠᠯ᠎ᠤᠨ ᠬᠦᠴᠦᠨ᠎ᠲᠠᠢ ᠪᠣᠯᠭᠠᠪᠠ᠃
ᠤᠯᠠᠮᠵᠢᠯᠠᠨ ᠬᠦᠭᠵᠢᠭᠦᠯᠭᠦ ᠵᠢᠨ ᠲᠦᠯᠦᠭᠡ ᠵᠢᠳᠭᠦᠨ᠎ᠡ
2009 ᠤᠨ ᠳ᠋ᠦ ᠯᠢᠦ ᠱᠦ᠍ ᠴᠢᠨᠤ ᠤᠷᠠᠯᠢᠭ᠎ᠤᠨ ᠠᠮᠢᠳᠤᠷᠠᠯ᠎ᠳᠤ ᠴᠢᠬᠤᠯᠠ ᠡᠷᠭᠢᠯᠲᠡ ᠭᠠᠷᠴᠠᠢ᠃ ᠴᠢᠩᠭ᠎ᠠ ᠲᠠᠨᠢᠯᠴᠠᠭᠤᠯᠭ᠎ᠠ ᠪᠠ ᠦᠨᠡᠯᠡᠨ ᠬᠢᠨᠠᠬᠤ ᠶᠠᠪᠤᠴᠠ ᠪᠡᠷ ᠳᠡᠮᠵᠢᠨ᠂ ᠲᠡᠷᠡ ᠬᠢᠩᠭᠠᠨ ᠠᠢᠮᠠᠭ᠎ᠤᠨ ᠲᠦᠷᠦᠬᠦᠦ ᠪᠦᠯᠦᠭ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯᠪᠤᠯᠬᠤ ᠲᠦᠴᠢᠦᠸᠠᠨ᠎ᠤ ᠱᠢᠪᠠᠷ ᠱᠤᠭᠤᠮᠠᠯ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭᠴᠢᠪᠤᠯᠤᠭᠰᠠᠨ ᠪᠠᠢᠨ᠎ᠠ᠃ ᠡᠨᠡ ᠬᠦ᠌ ᠢᠷᠠᠭᠤ ᠠᠯᠳᠠᠷ᠎ᠨᠢ ᠲᠡᠭᠦᠨ᠎ᠤ ᠬᠡᠳᠦᠨ ᠠᠷᠪᠠᠨ ᠵᠢᠯ᠎ᠤᠨ ᠲᠤᠷᠰᠢᠬᠢ ᠱᠢᠪᠠᠷ ᠱᠤᠭᠤᠮᠠᠯ᠎ᠤᠨ ᠤᠷᠠᠯᠢᠭ᠎ᠤᠨ ᠲᠦᠯᠦᠭᠡ ᠵᠢᠳᠭᠦᠭᠰᠡᠨᠢ ᠳᠡᠭᠡᠳᠦ ᠬᠡᠮᠵᠢᠶ᠎ᠡ᠎ᠪᠠᠷ ᠨᠤᠲᠠᠯᠠᠭ᠍ᠰᠠᠨ᠎ᠢᠶᠠᠷ ᠪᠠᠷᠠᠬᠤ ᠦᠭᠡᠢ᠂ ᠨᠡᠩ ᠴᠤ᠌ ᠡᠨᠡ ᠬᠦ᠌ ᠪᠠᠯᠠᠷ ᠡᠷᠲᠡᠨ᠎ᠤ ᠤᠷ᠎ᠠ ᠮᠡᠷᠭᠡᠵᠢᠯ᠎ᠢ ᠬᠠᠮᠠᠭᠠᠯᠠᠵᠤ ᠤᠯᠠᠮᠵᠢᠯᠠᠬᠤ ᠬᠦᠨᠳᠦ ᠡᠭᠦᠷᠭᠡᠲᠡᠭᠦᠨᠤ᠋ ᠮᠦᠷᠦᠨ᠎ᠳᠤ ᠲᠠᠯᠪᠢᠭᠳᠠᠭᠰᠠᠨᠢ ᠬᠠᠷᠠᠭᠤᠯᠵᠤ ᠪᠠᠢᠨ᠎ᠠ᠃

ᠱᠢᠪᠠᠷ ᠱᠤᠭᠤᠮᠠᠯ 《ᠮᠤᠩᠭᠤᠯ ᠬᠦᠮᠦᠨ》
2015 ᠣᠨ᠎ᠳᠤ᠂ 《ᠲᠦᠴᠢᠦᠸᠠᠨ ᠱᠢᠶᠠᠨ᠎ᠤ ᠱᠢᠪᠠᠷ ᠱᠤᠭᠤᠮᠠᠯ᠎ᠤᠨ ᠠᠵᠢᠯᠯᠠᠬᠤ ᠲᠠᠰᠤᠭ》 ᠪᠠᠢᠭᠤᠯᠤᠭᠳᠠᠨ᠂ ᠯᠢᠦ ᠱᠤ᠌ ᠴᠢᠨ ᠬᠠᠷᠢᠭᠤᠴᠠᠵᠦ ᠡᠬᠢᠯᠡᠭᠰᠡᠨ ᠪᠠᠢᠯ᠎ᠠ᠃ ᠡᠭᠦᠨ᠎ᠠᠴᠠ ᠬᠤᠢᠰᠢ ᠲᠡᠷᠡ ᠤᠷ᠎ᠠ ᠮᠡᠷᠭᠡᠵᠢᠯ᠎ᠢ ᠤᠯᠠᠮᠵᠢᠯᠠᠬᠤ ᠪᠠ ᠰᠣᠶᠣᠯ᠎ᠢ ᠳᠡᠯᠭᠡᠷᠡᠭᠦᠯᠬᠦ᠌᠎ᠳᠤ ᠤᠢᠭ᠎ᠠ ᠦᠭᠡᠢ ᠴᠢᠷᠮᠠᠢᠨ᠂ ᠨᠡᠢᠲᠡ᠎ᠶ᠋ᠢᠨ ᠠᠰᠠᠷᠠᠮᠵᠢ᠎ᠶ᠋ᠢᠨ ᠪᠣᠯᠪᠠᠰᠤᠷᠠᠯ᠎ᠢ ᠲᠣᠭ᠍ᠲᠠᠮᠠᠯ ᠬᠤᠭᠤᠴᠠᠭᠠᠲᠠᠢᠦᠷᠨᠢᠭᠦᠯᠵᠡᠢ᠃ ᠯᠢᠦ ᠱᠦ᠍ ᠴᠢᠨ ᠪᠦᠬᠦ᠌ ᠱᠢᠶᠠᠨ᠎ᠤ ᠳᠤᠮᠳᠠᠳᠤ ᠪᠠᠭ᠎ᠠ ᠰᠤᠷᠭᠠᠭᠤᠯᠢ᠎ᠶ᠋ᠢᠨ ᠰᠤᠷᠤᠭ᠍ᠴᠢᠳ ᠪᠣᠯᠤᠨ ᠤᠷᠠᠯᠢᠭ᠎ᠤᠨ ᠳᠤᠷ᠎ᠠ ᠪᠠᠭ᠍ᠠᠲᠠᠠᠳᠤ ᠬᠠᠨᠳᠤᠭᠤᠯᠤᠨ᠂ ᠲᠦᠴᠢᠦᠸᠠᠨ᠎ᠤ ᠱᠢᠪᠠᠷ ᠱᠤᠭᠤᠮᠠᠯ᠎ᠤᠨ ᠦᠦᠬᠡ ᠲᠡᠦᠬᠡ᠎ᠶ᠋ᠢᠨ ᠡᠬᠢ ᠡᠭᠦᠰᠦᠯ᠎ᠢ ᠱᠢᠰᠲ᠋ᠧᠮ᠎ᠲᠠᠢ ᠲᠠᠢᠯᠪᠤᠷᠢᠯᠠᠭ᠍ᠰᠠᠨ᠎ᠢᠶᠠᠷ ᠪᠠᠷᠠᠬᠤ ᠦᠭᠡᠢ᠂ ᠪᠠᠰᠠ ᠦᠨᠳᠦᠰᠦᠨ ᠠᠷᠭ᠎ᠠ ᠮᠡᠷᠭᠡᠵᠢᠯ᠎ᠢ ᠤᠯᠠᠮᠵᠢᠯᠠᠵᠤ᠂ ᠵᠣᠬᠢᠶᠠᠨ ᠪᠦᠲᠦᠭᠡᠬᠦ᠌ ᠣᠢᠯᠠᠭᠠᠭ᠍ᠳᠠᠬᠤᠨᠵᠢᠡᠨ ᠭᠦᠨᠵᠡᠭᠡᠶ ᠬᠤᠪᠢᠶᠠᠯᠴᠠᠨ᠂ ᠡᠨᠡ ᠬᠦ᠌ ᠮᠡᠷᠭᠡᠵᠢᠯ᠎ᠢ ᠨᠡᠩ ᠣᠯᠠᠨ ᠬᠥᠮᠦᠨ᠎ᠳᠤ ᠤᠢᠯᠠᠭᠠᠭᠤᠯᠤᠭᠰᠠᠨ ᠪᠠᠢᠨ᠎ᠠ᠃
ᠲᠦᠴᠢᠦᠸᠠᠨ ᠱᠢᠶᠠᠨ᠎ᠤ ᠱᠢᠪᠠᠷ ᠱᠤᠭᠤᠮᠠᠯ᠎ᠤᠨ ᠠᠵᠢᠯᠯᠠᠬᠤ ᠲᠠᠰᠤᠭ᠎ᠲᠤ ᠬᠦᠷᠬᠦ᠌᠎ᠳᠤ᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠷ᠎ᠠ ᠮᠡᠷᠭᠡᠵᠢᠯ᠎ᠢ ᠤᠯᠠᠮᠵᠢᠯᠠᠨ ᠵᠠᠯᠭᠠᠮᠵᠢᠯᠠᠵᠤ ᠪᠠᠢᠭ᠎ᠠ ᠦᠢᠯᠡ ᠬᠢᠳᠡᠯ ᠬᠠᠷᠠᠭ᠎ᠠ ᠵᠢ ᠪᠠᠶᠠᠰᠬᠠᠨ᠎ᠠ᠃ ᠯᠢᠦ ᠱᠦ᠍ ᠴᠢᠨ ᠰᠤᠷᠤᠭᠴᠢᠳ᠎ᠤᠨ ᠵᠢᠡᠨ ᠤᠯᠠᠮᠵᠢᠯᠠᠯᠲᠤ ᠨᠠᠮᠪᠠ ᠪᠠ ᠤᠳᠤ ᠦᠶ᠎ᠡ᠎ᠶ᠋ᠢᠨ ᠭᠤᠸ᠎ᠠ ᠲᠠᠭᠠᠰᠢᠶᠠᠯ᠎ᠢ ᠠᠭᠤᠰᠬᠠᠭᠰᠠᠨ ᠪᠦᠲᠦᠭᠡᠯ᠎ᠢ ᠦᠵᠡᠭᠡᠳ᠂ ᠬᠠᠷᠠᠴᠠᠨ ᠳ᠋ᠤᠨᠢ ᠪᠠᠶᠠᠷ ᠪᠠᠭ᠍ᠠᠳᠤᠯ ᠪᠠ ᠬᠦᠰᠡᠯ ᠡᠷᠡᠮᠡᠯᠵᠡᠯ ᠪᠢᠯᠬᠠᠨ᠎ᠠ᠃ 《ᠡᠳᠡᠭᠡᠷ ᠰᠤᠷᠤᠭᠴᠢᠳ ᠱᠢᠪᠠᠷᠰᠢᠷᠤᠢ ᠳᠤᠲᠤᠷ᠎ᠠ ᠰᠠᠴᠤᠭᠰᠠᠨ ᠦᠷ᠎ᠡ ᠲᠠᠢ ᠠᠳᠠᠯᠢ᠃ ᠲᠡᠳᠡᠨ᠎ᠤ ᠱᠢᠪᠠᠷ ᠱᠤᠭᠤᠮᠠᠯ᠎ᠳᠤ ᠤᠯᠠᠮ ᠡᠴᠡ ᠤᠯᠠᠮ ᠳᠤᠷ᠎ᠠ ᠪᠠᠬ᠎ᠠ ᠲᠠᠢ ᠪᠤᠯᠵᠤ ᠪᠠᠢᠬᠤ᠎ᠶ᠋ᠢ ᠦᠵᠡᠭᠡᠳ ᠮᠢᠨᠦ᠍ ᠡᠨᠡ ᠬᠦ᠌ ᠤᠷ᠎ᠠ ᠮᠡᠷᠭᠡᠵᠢᠯ᠎ᠢ ᠤᠯᠠᠮᠵᠢᠯᠠᠬᠤ ᠢᠲᠡᠭᠡᠯ ᠵᠣᠷᠢᠭ ᠨᠡᠩ ᠪᠠᠲᠤ ᠪᠤᠯᠵᠠᠢ》 ᠭᠡᠵᠦ᠍ ᠯᠢᠦ ᠱᠦ᠍ ᠴᠢᠨ ᠬᠡᠯᠡᠪᠡ᠃ ᠠᠵᠢᠯᠯᠠᠬᠤ ᠲᠠᠰᠤᠭ ᠪᠠᠢᠭᠤᠯᠤᠭ᠍ᠳᠠᠭ᠍ᠰᠠᠨ 10 ᠵᠢᠯ᠎ᠤᠨ ᠲᠤᠷᠰᠢ ᠰᠤᠷᠤᠭᠴᠢᠳ᠎ᠢ ᠪᠠᠷᠤᠬ 100 ᠬᠥᠮᠦᠨ ᠤᠳᠠᠭ᠎ᠠ ᠪᠣᠯᠪᠠᠰᠤᠷᠠᠭᠤᠯᠵᠠᠢ᠂ ᠡᠭᠦᠨ᠎ᠳᠤ ᠴᠥᠭᠡᠨ ᠪᠤᠰᠤ ᠬᠥᠮᠦᠰ ᠨᠢᠭᠡᠨᠲᠡ ᠨᠡᠷ᠎ᠡ ᠨᠦᠯᠦᠭᠡ ᠲᠠᠢ ᠪᠤᠯᠵᠤ᠂ ᠲᠦᠴᠢᠦᠸᠠᠨ᠎ᠤ ᠰᠢᠪᠠᠷ ᠱᠤᠭᠤᠮᠠᠯ᠎ᠢ ᠤᠯᠠᠮᠵᠢᠯᠠᠨ ᠬᠥᠭ᠌ᠵᠢᠭᠦᠯᠬᠦ᠌ ᠱᠢᠨ᠎ᠡ ᠬᠦᠴᠦᠨ ᠪᠣᠯᠤᠭ᠍ᠰᠠᠨ ᠪᠠᠢᠨ᠎ᠠ᠃

ᠱᠢᠪᠠᠷ ᠱᠤᠭᠤᠮᠠᠯ 《ᠪᠤᠤ ᠢᠤᠢ ᠯᠢᠨ ᠳ᠋ᠠᠢ ᠢᠤᠢ 〈ᠰᠢ ᠰᠢᠶᠠᠩ ᠵᠢᠢ ᠪᠢᠴᠢᠭ〉 ᠢ᠋ ᠬᠠᠮᠲᠤ ᠤᠩᠰᠢᠨ᠎ᠠ》
《ᠡᠪᠦᠭᠡ ᠳᠡᠭᠡᠳᠦᠰᠦ᠋ᠨ ᠤᠷ᠎ᠠ ᠮᠡᠷᠭᠡᠵᠢᠯ᠎ᠢ ᠮᠠᠨ᠎ᠤ᠋ ᠦᠶ᠎ᠡ ᠳᠡᠭᠡᠷ᠎ᠡ ᠲᠠᠰᠤᠯᠳᠠᠭᠤᠯᠵᠤ ᠪᠣᠯᠬᠤ ᠦᠭᠡᠢ᠃ ᠪᠢ ᠱᠢᠪᠠᠷ ᠱᠤᠭᠤᠮᠠᠯ᠎ᠤᠨ ᠤᠷ᠎ᠠ ᠮᠡᠷᠭᠡᠵᠢᠯ᠎ᠢ ᠤᠯᠠᠮᠵᠢᠯᠠᠵᠤ᠂ ᠨᠠᠩ ᠣᠯᠠᠨ ᠬᠡᠤᠬᠡᠳ᠎ᠢ ᠡᠨᠡ ᠬᠦ᠌ 〈ᠱᠢᠪᠠᠷ᠎ᠢᠶᠠᠷ ᠲᠤᠭᠯᠠᠬᠤ〉 ᠤᠷᠠᠯᠢᠭ᠎ᠲᠤ ᠳᠤᠷ᠎ᠠ ᠪᠠᠬ᠎ᠠ ᠲᠠᠢ ᠪᠣᠯᠭᠠᠨ᠎ᠠ ᠭᠡᠵᠦ ᠪᠤᠳᠤᠵᠤ ᠪᠠᠢᠨ᠎ᠠ》 ᠭᠡᠵᠦ᠍ ᠯᠢᠦ ᠱᠦ᠍ ᠴᠢᠨ ᠢᠲᠡᠭᠡᠯ ᠳᠦᠭᠦᠷᠡᠩ ᠶᠠᠷᠢᠯ᠎ᠠ᠃ ᠲᠡᠷᠡ ᠶᠠᠭ ᠲᠠᠷᠢᠶᠠᠯᠠᠩ᠎ᠤᠨ ᠪᠣᠯᠪᠠᠰᠤᠨ᠎ᠢ ᠳᠡᠯᠭᠡᠨ ᠦᠵᠡᠭᠦᠯᠬᠦ ᠰᠢᠷᠢᠰ ᠱᠢᠪᠠᠷ ᠱᠤᠭᠤᠮᠠᠯᠵᠣᠬᠢᠶᠠᠨ ᠪᠦᠲᠦᠭᠡᠬᠦ ᠪᠡᠷ ᠲᠦᠰᠦᠪᠯᠡᠵᠦ ᠪᠤᠢ᠃ ᠲᠡᠭᠦᠨ᠎ᠤ ᠦᠵᠡᠬᠦ᠌᠎ᠪᠠᠷ᠂ ᠱᠢᠪᠠᠷ ᠱᠢᠷᠣᠢ᠎ᠶ᠋ᠢᠨ ᠤᠷᠠᠯᠢᠬ᠎ᠢ ᠴᠠᠭ ᠦᠶ᠎ᠡ᠎ᠲᠠᠢ ᠠᠭᠤᠰᠤᠯᠴᠠᠭᠤᠯᠪᠠᠯ ᠰᠠᠶᠢ ᠨᠤᠲᠤᠭ᠎ᠤᠨ ᠳᠤᠷᠠᠰᠤᠮᠵᠢ ᠵᠢ ᠠᠴᠢᠶᠠᠯᠠᠭᠰᠠᠨ ᠡᠨᠡ ᠬᠦ᠌ ᠡᠷᠲᠡᠨ᠎ᠤ ᠤᠷᠠᠯᠢᠭ ᠱᠢᠨ᠎ᠡ ᠴᠠᠭ ᠦᠶ᠎ᠡ᠎ᠶ᠋ᠢᠨ ᠬᠥᠷᠥᠰᠥ᠍ᠨᠳᠤ ᠦᠷᠭᠦᠯᠵᠢᠯᠡᠨ ᠠᠮᠢᠯᠠᠵᠤ᠂ ᠱᠢᠨ᠎ᠡ ᠠᠮᠢᠵᠢᠷᠠᠯ᠎ᠤᠨ ᠬᠦᠴᠦᠨ ᠲᠠᠢ ᠪᠤᠯᠵᠤ᠂ ᠨᠡᠩ ᠱᠢᠨ᠎ᠡ ᠳᠦᠷᠰᠦ ᠪᠡᠷ ᠬᠥᠮᠦᠰ᠎ᠤᠨ ᠠᠩᠬᠠᠷᠤᠯ᠎ᠳᠤ ᠬᠦᠷᠭᠦ ᠪᠤᠯᠤᠨ᠎ᠡ᠃