ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠤᠭᠴᠠᠯᠠᠬᠤ ᠲᠡᠤᠬᠡ ᠵᠢᠨ ᠳᠤᠷᠠᠰᠭᠠᠯᠲᠤ ᠵᠦᠶ᠋ᠯᠡᠰ ᠰᠤᠷᠪᠤᠯᠵᠢ ᠪᠢᠴᠢᠭ ᠤ᠋ᠨ ᠲᠣᠭᠣᠷᠢᠨ ᠦᠵᠡᠭᠦᠯᠭᠡ ᠤᠯᠠᠭᠠᠨᠴᠠᠪ ᠬᠣᠲᠠ᠎ᠳᠤ ᠶᠠᠪᠤᠭ᠍ᠳᠠᠵᠡᠢ
2025-11-05 16:45:42
ᠵᠣᠬᠢᠶᠠᠭ᠍ᠴᠢ᠄
ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠣᠯ᠎ᠤᠨ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠤᠭᠴᠠᠯᠠᠬᠤ ᠲᠡᠤᠬᠡ ᠵᠢᠨ ᠳᠤᠷᠠᠰᠭᠠᠯᠲᠤ ᠵᠦᠢᠯᠡᠰ ᠰᠤᠷᠪᠤᠯᠵᠢ ᠪᠢᠴᠢᠭ ᠤ᠋ᠨ ᠲᠣᠭᠣᠷᠢᠨ ᠦᠵᠡᠭᠦᠯᠭᠡ (ᠤᠯᠠᠭᠠᠨᠴᠠᠪ ᠦᠷᠳᠡᠭᠡ) ᠡᠮᠦᠨᠡᠬᠡᠨ ᠤᠯᠠᠭᠠᠨᠴᠠᠪ ᠬᠤᠳᠠ᠎ᠶ᠋ᠢᠨ ᠮᠦᠽᠧᠢ᠎ᠳᠦ ᠶᠠᠪᠤᠭᠳᠠᠪᠠ᠃

ᠲᠤᠰ ᠦᠵᠡᠭᠦᠯᠭᠡ ᠨᠢ᠎ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠭᠣᠣᠯ ᠱᠢᠵᠢᠮ᠎ᠢ ᠴᠢᠩᠭ᠎ᠠ ᠪᠠᠷᠢᠮᠳᠠᠯᠠᠨ᠂ ᠤᠯᠤᠰ᠎ᠤᠨ ᠦᠨᠳᠦᠰᠦᠲᠡᠨ᠎ᠦ ᠬᠡᠷᠡᠭ ᠡᠷᠬᠢᠯᠡᠬᠦ᠌ ᠵᠥᠪᠯᠡᠯ᠎ᠦᠨ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ ᠢ᠋ ᠪᠠᠲᠤ ᠴᠤᠭᠴᠠᠯᠠᠬᠤ ᠲᠡᠤᠬᠡ ᠵᠢᠨ ᠳᠤᠷᠠᠰᠭᠠᠯᠲᠤ ᠵᠦᠢᠯᠡᠰ ᠰᠤᠷᠪᠤᠯᠵᠢ ᠪᠢᠴᠢᠭ ᠤ᠋ᠨ ᠦᠵᠡᠭᠦᠯᠭᠡ᠎ᠶ᠋ᠢᠨ ᠪᠣᠷᠣ ᠲᠥᠯᠥᠪ᠎ᠢ ᠦᠷᠭᠦᠯᠵᠢᠯᠡᠭᠦᠯᠤᠨ᠂ ᠤᠮᠠᠷᠠᠲᠤ ᠬᠢᠯᠢ᠎ᠶ᠋ᠢᠨ ᠰᠣᠶᠣᠯ᠎ᠤᠨ ᠣᠨᠴᠠᠯᠢᠭ᠎ᠢ ᠳᠤᠪᠤᠢ᠌ᠯᠭᠠᠭ᠍ᠰᠠᠨ ᠰᠠᠭᠤᠷᠢᠨ ᠳᠡᠭᠡᠷ᠎ᠡ 《ᠲᠦᠮᠡᠨ ᠤ᠋ ᠰᠡᠳᠬᠢᠯ ᠶᠡᠬᠡ ᠨᠢᠭᠡᠳᠤᠯ ᠳ᠋ᠤ ᠨᠢᠭᠲᠠᠷᠠᠭᠰᠠᠨ ᠨᠢ》᠂ 《ᠶᠡᠬᠡ ᠠᠭᠤᠰᠤᠯᠴᠠᠯ ᠢ᠋ ᠥᠨᠢ ᠤᠳᠠᠭᠠᠨ ᠦᠷᠭᠦᠯᠵᠢᠯᠡᠭᠦᠯᠦᠭᠰᠨᠨ ᠨᠢ》᠂ 《ᠭᠠᠷ ᠬᠣᠯᠪᠣᠯᠴᠠᠨ ᠬᠠᠮᠲᠤ᠎ᠪᠠᠷ ᠪᠦᠯᠭᠦᠮᠳᠡᠭᠰᠡᠨ ᠨᠢ》 ᠭᠡᠬᠦ ᠭᠤᠷᠪᠠᠨ ᠠᠭᠤᠯᠭ᠎ᠠ ᠬᠤᠪᠢᠶᠠᠵᠦ᠂ ᠦᠨᠳᠦᠰᠦᠲᠡᠨ᠎ᠦ ᠰᠣᠶᠣᠯ᠎ᠤᠨ ᠣᠷᠳᠣᠨ ᠪᠣᠯᠤᠨ ᠥᠪᠥᠷ ᠮᠣᠩᠭᠣᠯ ᠣᠷᠣᠨ᠎ᠤ ᠪᠠᠶᠠᠯᠢᠭ ᠲᠡᠦᠬᠡ᠎ᠶ᠋ᠢᠨ ᠳᠤᠷᠠᠰᠭᠠᠯᠲᠤ ᠵᠦᠢᠯ ᠰᠤᠷᠪᠤᠯᠵᠢ ᠪᠢᠴᠢᠭ᠎ᠢ ᠭᠦᠨ ᠠᠭᠤᠳᠠᠯᠵᠤ᠂ 100 ᠱᠢᠬᠠᠮ ᠲᠡᠦᠬᠡ᠎ᠶ᠋ᠢᠨ ᠳᠤᠷᠠᠰᠭᠠᠯᠲᠤ ᠵᠦᠢᠯᠡᠰ᠂ 60 ᠭᠠᠷᠤᠢ ᠰᠤᠷᠪᠤᠯᠵᠢ ᠪᠢᠴᠢᠭ᠎ᠤᠨ ᠦᠵᠡᠭᠦᠯᠭᠡ ᠵᠢᠨ ᠪᠤᠳᠠᠰ᠂ 100 ᠭᠠᠷᠤᠢ ᠦᠨᠳᠦᠰᠦᠲᠡᠨ᠎ᠦ ᠰᠤᠷᠪᠤᠯᠵᠢ ᠪᠢᠴᠢᠭ ᠢ᠋ ᠬᠠᠮᠠᠭᠠᠯᠠᠨ ᠡᠮᠬᠢᠳᠭᠡᠵᠦ᠍ ᠬᠡᠪᠯᠡᠭᠦᠯᠦᠭ᠌ᠰᠡᠨ ᠦᠷ᠎ᠡ ᠪᠦᠲᠦᠭᠡᠯ᠎ᠢ ᠨᠠᠷᠢᠯᠢᠭ ᠰᠣᠩᠭᠣᠨ ᠳᠡᠯᠭᠡᠨ ᠦᠵᠡᠭᠦᠯᠵᠤ ᠪᠤᠢ᠃

《ᠲᠤᠰ ᠦᠵᠡᠭᠦᠯᠭᠡ ᠵᠢ ᠲᠤᠭᠤᠷᠢᠨ ᠦᠵᠡᠭᠡᠳ ᠤᠯᠤᠯᠳᠠ ᠲᠦᠷᠦᠭᠳᠡᠯ ᠬᠦᠨ ᠪᠠᠢᠨ᠎ᠠ᠂ ᠱᠢᠨ᠎ᠡ ᠴᠠᠭ ᠦᠶ᠎ᠡ᠎ᠶ᠋ᠢᠨ ᠭᠡᠷᠡᠴᠢᠯᠡᠭ᠌ᠴᠢ᠂ ᠣᠷᠣᠯᠴᠠᠭ᠍ᠴᠢ ᠪᠣᠯᠤᠭ᠍ᠰᠠᠨ᠎ᠤ ᠬᠤᠪᠢ᠎ᠳᠤ᠂ ᠪᠢ ᠬᠠᠮᠲᠤ᠎ᠶ᠋ᠢᠨ ᠲᠡᠦᠬᠡ ᠰᠣᠶᠣᠯ ᠵᠢᠡᠨ ᠨᠠᠩ ᠰᠠᠢᠳᠤᠷ ᠰᠤᠷᠤᠯᠴᠠᠨ ᠤᠢᠯᠠᠭᠠᠵᠤ ᠤᠯᠠᠮᠵᠢᠯᠠᠨ ᠪᠠᠳᠠᠷᠠᠭᠤᠯᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠡᠨᠡ ᠬᠦ᠌ ᠬᠢᠯᠪᠠᠷ ᠪᠤᠰᠤ ᠪᠡᠷ ᠢᠷᠡᠭ᠌ᠰᠡᠨ ᠪᠦᠯᠬᠦᠮᠳᠡᠯ᠎ᠵᠢᠡᠨ ᠨᠠᠡᠭ ᠪᠠᠳᠤ ᠬᠠᠮᠠᠭᠠᠯᠠᠨ᠎ᠠ》 ᠬᠡᠵᠤ ᠦᠵᠡᠭᠦᠯᠭᠡ ᠵᠢ ᠲᠣᠭᠣᠷᠢᠨ ᠦᠵᠡᠭᠰᠡᠨ ᠸᠠᠩ ᠷᠦᠢ ᠴᠢ ᠰᠤᠷᠪᠤᠯᠵᠢᠯᠠᠭᠴᠢ᠎ᠳᠤ ᠭᠡᠯᠡᠪᠡ᠃

ᠤᠢᠯᠠᠭᠠᠭᠰᠠᠨ᠎ᠵᠢᠡᠷ᠂ ᠦᠵᠡᠭᠦᠯᠭᠡ ᠨᠢ 5 ᠰᠠᠷ᠎ᠠ ᠦᠷᠭᠦᠯᠵᠢᠯᠠᠵᠤ᠂ ᠦᠵᠡᠭᠦᠯᠭᠡ ᠵᠢᠨ ᠬᠤᠭᠤᠴᠠᠭᠠᠨ᠎ᠳᠤ ᠦᠨ᠎ᠠ ᠲᠦᠯᠦᠪᠤᠷᠢ ᠬᠤᠷᠢᠶᠠᠬᠤ ᠦᠭᠡᠢ ᠪᠠᠷ ᠦᠵᠡᠭᠴᠢᠳ ᠢ᠋ ᠲᠤᠭᠤᠷᠢᠨ ᠦᠵᠡᠬᠦᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号