ᠤᠢ ᠮᠤᠳᠤᠨ ᠤ᠋ ᠠᠷᠠᠴᠢᠯᠠᠯᠳᠠ ᠬᠢᠭᠡᠳ ᠬᠣᠲᠠ᠎ᠶ᠋ᠢᠨ ᠪᠠᠭ᠎ᠠ ᠨᠡᠭᠦᠷᠡᠰᠦᠲᠥ᠋ᠷᠥᠭ᠌ᠴᠢᠳᠤ ᠵᠠᠮᠨᠠᠯ
2025-11-04 09:59:29
ᠵᠣᠬᠢᠶᠠᠭ᠍ᠴᠢ᠄
ᠼᠠᠢ ᠳ᠋ᠦᠩ ᠮᠧᠶ
ᠣᠩᠱᠢᠭ᠍ᠰᠠᠨ ᠣᠳᠠᠭ᠎ᠠ᠄
★★★☆☆

ᠨᠠᠮᠤᠷ᠎ᠤᠨ ᠤᠯᠠᠷᠢᠯ ᠤ᠋ᠨ ᠳᠠᠯᠠᠨ ᠬᠠᠷ᠎ᠠ ᠠᠭᠤᠯᠠ ᠬᠦᠬᠡᠷᠡᠨ ᠰᠦᠨᠳᠡᠷᠯᠡᠨ᠎ᠠ᠃ ᠪᠤᠭᠤᠲᠤ ᠬᠤᠳᠠ᠎ᠶ᠋ᠢᠨ ᠴᠢᠩᠱᠠᠨ ᠲᠣᠭᠣᠷᠢᠭ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠣᠪᠴᠢᠶ᠎ᠠ᠎ᠶ᠋ᠢᠨ ᠤᠢ ᠱᠢᠭᠤᠢ᠎ᠶ᠋ᠢᠨ ᠰᠠᠯᠠᠭ᠎ᠠ᠎ᠶ᠋ᠢᠨ ᠬᠠᠷᠢᠭᠤᠴᠠᠯᠭᠠᠲᠠᠨ ᠶᠠᠩ ᠲᠢᠩ ᠲᠢᠩ ᠬᠠᠮᠲᠤ ᠠᠵᠢᠯᠯᠠᠭ᠍ᠰᠠᠳ᠎ᠲᠠᠶ᠎ᠪᠠᠨ ᠬᠠᠢᠴᠢ ᠪᠠᠨ ᠪᠠᠷᠢᠵᠦ ᠠᠭᠤᠯᠠᠨ ᠬᠥᠲᠥᠯ ᠲᠠᠮᠵᠢᠨ ᠴᠢᠬᠢ ᠮᠤᠳᠤᠨ ᠤ᠋ ᠰᠠᠯᠠᠭ᠎ᠠ ᠨᠠᠮᠠᠭ᠎ᠠ ᠵᠢ ᠵᠠᠰᠠᠭᠠᠳ ᠶᠠᠪ ᠶᠠᠭᠠᠷᠠᠤ᠃ 《ᠡᠨᠡ ᠬᠡᠳᠦᠨ ᠡᠳᠦᠷ ᠭᠤᠤᠯᠳᠠᠭᠤ ᠡᠪᠡᠰᠦ ᠬᠠᠳᠤᠵᠤ᠂ ᠮᠤᠳᠤᠨ᠎ᠤ ᠰᠠᠯᠠᠭ᠎ᠠ ᠨᠠᠮᠠᠭ᠎ᠠ᠎ᠶᠢ ᠵᠠᠰᠠᠵᠦ ᠪᠠᠢᠨ᠎ᠠ᠂ ᠡᠨᠡ ᠨᠢ ᠳᠠᠷᠠᠭ᠎ᠠ ᠵᠢᠯ᠎ᠳᠦ ᠨᠠᠩ ᠰᠠᠢᠨ ᠤᠷᠭᠤᠭᠤᠯᠬᠤ ᠵᠢᠨ ᠲᠦᠯᠦᠭᠡ ᠶᠤᠮ!》 ᠭᠡᠵᠦ ᠲᠡᠷᠡ ᠨᠢᠳᠦᠨ ᠡᠮᠦᠨᠡᠬᠢ ᠨᠣᠮᠢᠨ ᠨᠣᠭᠣᠭᠠᠨ ᠣᠢ᠎ᠶ᠋ᠢ ᠵᠢᠭᠠᠵᠤ᠄ 《ᠡᠨᠡ ᠴᠢᠬᠢ ᠮᠣᠳᠣᠳ ᠢ᠋ ᠬᠠᠷᠠᠭᠠᠴᠢ᠂ ᠨᠣᠪ ᠨᠣᠭᠣᠭᠠᠨ᠂ ᠠᠪ ᠠᠰᠭᠠᠨ᠂ ᠬᠡᠳᠦᠢ ᠭᠤᠶᠤ ᠪᠤᠢ!  ᠤᠤᠯ᠎ᠳ᠋ᠠᠭᠠᠨ ᠰᠠᠯᠠᠭ᠎ᠠ ᠨᠠᠮᠠᠭ᠎ᠠ ᠨᠢ ᠤᠨᠵᠢᠢᠭᠠᠳ᠂ ᠲᠦᠢᠯ ᠤ᠋ᠨ ᠲᠠᠴᠢᠷ ᠰᠡᠢᠷᠡᠭ ᠪᠠᠢᠪᠠ》 ᠭᠡᠵᠤ ᠬᠡᠯᠡᠨ᠎ᠠ᠃

ᠲᠡᠭᠦᠨ᠎ᠦ ᠡᠳᠦᠷ ᠰᠥᠨᠢ ᠦᠭᠡᠢ ᠰᠠᠬᠢᠨ ᠬᠠᠮᠠᠭᠠᠯᠠᠵᠤ ᠪᠠᠢᠭ᠎ᠠ ᠡᠨᠡ ᠬᠦ᠌ ᠠᠭᠤᠯᠠ ᠨᠢ ᠶᠠᠭ ᠪᠤᠭᠤᠲᠤ ᠬᠤᠳᠠ᠎ᠶ᠋ᠢᠨ ᠬᠠᠳᠤᠨ ᠭᠣᠣᠯ᠎ᠤᠨ 《ᠶᠡᠬᠡ ᠲᠤᠬᠤᠢ》 ᠵᠢᠨ ᠤᠷᠤᠨ ᠤ᠋ ᠪᠣᠭᠣᠮᠲᠠ ᠱᠢᠪᠲᠤᠯᠬᠤ ᠳᠠᠢᠯᠠᠯᠳᠤᠭᠠᠨ᠎ᠤ ᠭᠣᠣᠯ ᠲᠠᠯᠠᠪᠤᠷ ᠪᠤᠯᠬᠤ ᠲᠠᠯᠠᠨ ᠬᠠᠷ᠎ᠠ ᠠᠭᠤᠯᠠ᠎ᠶ᠋ᠢᠨ ᠡᠮᠦᠨ᠎ᠡ ᠪᠡᠯ ᠪᠣᠯᠤᠨ᠎ᠠ᠃ ᠲᠡᠷᠡ ᠤᠢ ᠮᠣᠳᠣᠨ᠎ᠤ ᠰᠠᠯᠠᠭ᠎ᠠ ᠨᠠᠮᠠᠭ᠎ᠠ᠎ᠶ᠋ᠢ ᠵᠠᠰᠠᠵᠤ ᠪᠠᠢᠭ᠎ᠠ ᠲᠡᠳᠦᠢ ᠪᠢᠰᠢ᠂ ᠨᠡᠩ ᠴᠤ᠌ 《ᠠᠷᠪᠠᠨ ᠲᠠᠪᠤᠳᠤᠭᠠᠷ ᠲᠠᠪᠤᠨ ᠵᠢᠯ》 ᠡᠬᠢᠯᠡᠬᠦ᠌ ᠲᠠᠱᠢᠷᠠᠮ᠎ᠳᠤ᠂ ᠤᠯᠠᠮᠵᠢᠯᠠᠯᠲᠤ ᠠᠵᠤ ᠦᠢᠯᠡᠳᠪᠦᠷᠢ᠎ᠶ᠋ᠢᠨ ᠬᠤᠳᠠ ᠵᠢᠨ ᠬᠥᠭ᠌ᠵᠢᠯᠲᠡ᠎ᠶ᠋ᠢᠨ ᠠᠷᠭ᠎ᠠ ᠬᠡᠯᠪᠡᠷᠢ ᠵᠢ ᠭᠦᠨᠵᠡᠭᠡᠢ ᠬᠤᠪᠢᠷᠠᠭᠤᠯᠵᠤ᠂ ᠠᠮᠢ ᠠᠬᠤᠢ᠎ᠶ᠋ᠢᠨ ᠳᠠᠷᠤᠭᠠᠰᠤ᠎ᠶ᠋ᠢ ᠬᠥᠩᠭᠡᠷᠡᠭᠦᠯᠵᠦ᠍᠂ ᠪᠣᠬᠢᠷᠲᠤᠯ ᠦᠭᠡᠢ ᠬᠥᠳᠡᠯᠭᠡᠬᠦ᠌ ᠡᠨᠧᠷᠭᠢ᠎ᠶ᠋ᠢ ᠬᠤᠷᠠᠮᠳᠤᠭᠤᠯᠵᠤ ᠪᠠᠢᠭ᠎ᠠ ᠶᠠᠪᠤᠳᠠᠯ ᠪᠤᠯᠤᠨ᠎ᠠ᠃

ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶ᠎ᠠ ᠵᠢᠨ ᠳᠥᠷᠪᠡᠳᠦᠭᠡᠷ ᠪᠦᠬᠦᠳᠠ ᠬᠤᠷᠠᠯ ᠡᠴᠡ᠂ ᠨᠤᠮᠢᠨ ᠤᠰᠤ ᠬᠥᠬᠡᠮᠳᠦᠭ ᠠᠭᠤᠯᠠ ᠪᠣᠯ ᠠᠯᠳᠠᠨ ᠠᠭᠤᠯᠠ ᠮᠥᠩᠭᠥᠨ ᠬᠠᠢᠷᠬᠠᠨ ᠮᠥᠨ ᠭᠡᠬᠦ᠌ ᠤᠢ᠍ᠢᠯᠠᠭᠠᠭ᠍ᠳᠠᠬᠤᠨ᠎ᠢ ᠪᠠᠲᠤ ᠪᠤᠢ ᠪᠣᠯᠭᠠᠨ ᠦᠢᠯᠡᠳᠦᠯᠭᠡᠵᠢᠭᠦᠯᠵᠦ᠍᠂ ᠨᠡᠭᠦᠷᠡᠰᠦᠲᠥ᠋ᠷᠥᠭ᠌ᠴᠢ᠎ᠶ᠋ᠢᠨ ᠭᠠᠳᠠᠭᠰᠢᠯᠠᠭᠤᠯᠤᠯᠳᠠ ᠤᠷᠬᠢᠯ ᠬᠡᠮᠵᠢᠭᠳᠡᠯ ᠳ᠋ᠤ ᠬᠦᠷᠬᠦ ᠨᠡᠭᠦᠷᠡᠰᠦᠲᠥ᠋ᠷᠥᠭ᠌ᠴᠢ ᠎ᠵᠢ ᠰᠠᠭᠠᠷᠮᠠᠭ᠍ᠵᠢᠭᠤᠯᠬᠤ᠎ᠪᠠᠷ ᠵᠢᠯᠣᠭᠣᠳᠤᠮᠵᠢ ᠪᠣᠯᠭᠠᠵᠤ᠂ ᠨᠡᠭᠦᠷᠡᠰᠦᠲᠥ᠋ᠷᠥᠭ᠌ᠴᠢ ᠵᠢᠨ ᠭᠠᠳᠠᠭᠰᠢᠯᠠᠭᠤᠯᠤᠯᠳᠠ ᠵᠢ ᠪᠠᠭᠤᠷᠠᠭᠤᠯᠬᠤ᠂ ᠪᠣᠬᠢᠷᠲᠤᠯ᠎ᠢ ᠪᠠᠭᠠᠰᠭᠠᠬᠤ᠂ ᠨᠣᠭᠣᠭᠠᠷᠠᠭᠤᠯᠤᠯᠲᠠ᠎ᠶ᠋ᠢ ᠥᠷᠭᠡᠳᠭᠡᠬᠦ᠌᠂ ᠦᠰᠦᠯᠳᠡ ᠵᠢ ᠨᠡᠮᠡᠭᠳᠡᠭᠦᠯᠬᠦ ᠵᠢ ᠬᠠᠮᠵᠢᠯᠴᠠᠨ ᠠᠬᠢᠭᠤᠯᠵᠤ᠂ ᠠᠮᠢ ᠠᠬᠤᠢ᠎ᠶ᠋ᠢᠨ ᠠᠮᠤᠷ ᠲᠦᠪᠱᠢᠨ᠎ᠦ ᠬᠠᠯᠬᠠᠪᠴᠢ᠎ᠶ᠋ᠢ ᠪᠠᠲᠤ ᠴᠣᠭ᠍ᠴᠠᠯᠠᠵᠤ᠂ ᠪᠣᠬᠢᠷᠲᠤᠯ ᠦᠭᠡᠢ ᠬᠥᠭ᠌ᠵᠢᠯᠲᠡ᠎ᠶ᠋ᠢᠨ ᠬᠥᠳᠡᠯᠭᠡᠬᠦ᠌ ᠡᠨᠧᠷᠭᠢ᠎ᠶ᠋ᠢ ᠴᠢᠩᠭᠠᠳᠭᠠᠬᠤ ᠬᠡᠷᠡᠭ᠌ᠲᠡᠢ ᠭᠡᠵᠦ᠍ ᠳᠤᠷᠠᠳᠴᠠᠢ᠃

2025 ᠣᠨ᠎ᠤ 304 ᠲᠦᠮᠡᠨ ᠮᠦ᠍ ᠵᠠᠰᠠᠯᠲᠠ᠎ᠶ᠋ᠢᠨ ᠡᠭᠦᠷᠭᠡ᠎ᠶ᠋ᠢᠨ ᠡᠮᠦᠨ᠎ᠡ᠂ ᠪᠤᠭᠤᠲᠤ ᠬᠤᠳᠠ ᠥᠨᠳᠥᠷ ᠲᠦᠪᠱᠢᠨ᠎ᠢᠶᠡᠷ ᠠᠬᠢᠭᠤᠯᠬᠤ ᠪᠠ ᠣᠨᠣᠴᠠᠲᠠᠢ᠎ᠪᠠᠷ ᠠᠷᠭ᠎ᠠ ᠪᠤᠳᠤᠯᠭ᠎ᠠ ᠬᠡᠷᠡᠭ᠌ᠵᠢᠭᠦᠯᠬᠦ᠌ ᠬᠣᠣᠰ ᠴᠢᠭ᠌ᠯᠡᠯ᠎ᠢᠶᠡᠷ ᠬᠦᠴᠦᠯᠡᠵᠦ᠍ ᠪᠠᠢᠨ᠎ᠠ᠃ 10 ᠰᠠᠷ᠎ᠠ᠎ᠶ᠋ᠢᠨ 30 ᠤ᠋ ᠡᠳᠦᠷ ᠪᠣᠯᠲᠠᠯ᠎ᠠ᠂ ᠪᠤᠭᠤᠲᠤ ᠬᠣᠲᠠ ᠨᠢᠭᠡᠨᠲᠡ 《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩ ᠵᠡᠷᠭᠡ ᠪᠥᠲᠥᠭᠡᠨ ᠪᠠᠢᠭᠤᠯᠤᠯᠲᠠ᠎ᠶ᠋ᠢᠨ ᠡᠭᠦᠷᠭᠡ᠎ᠶ᠋ᠢ 272.2 ᠲᠦᠮᠡᠨ ᠮᠥ᠍ ᠪᠡᠶᠡᠯᠡᠭᠦᠯᠵᠦ᠍᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠭᠤᠯᠭᠠᠭ᠍ᠰᠠᠨ 65 ᠲᠦᠮᠡᠨ ᠮᠥ᠍ ᠵᠢᠨ ᠣᠨ᠎ᠤ ᠡᠭᠦᠷᠭᠡ᠎ᠶ᠋ᠢ ᠶᠡᠬᠡ ᠬᠡᠮᠵᠢᠶ᠎ᠡ᠎ᠪᠡᠷ ᠳᠠᠪᠠᠭᠤᠯᠤᠨ ᠪᠡᠶᠡᠯᠡᠭᠦᠯᠵᠦ᠍᠂ ᠲᠤᠬᠠᠶ᠎ᠶ᠋ᠢᠨ ᠭᠠᠵᠠᠷ᠎ᠤᠨ ᠲᠣᠭ᠍ᠲᠠᠭᠠᠭ᠍ᠰᠠᠨ 200 ᠲᠦᠮᠡᠨ ᠮᠤ᠌ ᠵᠢᠨ ᠬᠠᠷᠠᠯᠲᠠ᠎ᠶᠢ 136% ᠎ᠪᠡᠷ ᠪᠡᠶᠡᠯᠡᠭᠦᠯᠪᠡ᠃ ᠶᠠᠩ ᠲᠢᠩ ᠲᠢᠩ 《ᠲᠠᠴᠢᠷ ᠰᠡᠢᠷᠡᠭ》 ᠪᠠᠢᠭᠰᠠᠨ᠎ᠡᠴᠡ᠎ᠪᠠᠨ 《ᠬᠠᠷᠠᠭ᠎ᠠ ᠪᠠᠶᠠᠰᠬᠠᠮ᠎ᠠ ᠨᠤᠮᠢᠨ ᠨᠤᠭᠤᠭᠠᠨ》 ᠪᠤᠯᠤᠭᠰᠠᠨ ᠤᠢ ᠮᠣᠳᠣᠨ᠎ᠤ ᠬᠤᠪᠢᠷᠠᠯᠳᠠ ᠵᠢ ᠭᠡᠷᠡᠴᠢᠯᠡᠵᠤ᠂ ᠡᠨᠡ ᠬᠦ᠌ ᠨᠢᠳᠤᠨ ᠳ᠋ᠤ ᠦᠵᠡᠭᠳᠡᠮ᠎ᠠ ᠠᠮᠢ ᠠᠬᠤᠢ ᠵᠢᠨ ᠰᠠᠢᠵᠢᠷᠠᠯᠳᠠ ᠨᠢ ᠶᠠᠭ ᠲᠡᠭᠦᠨ᠎ᠦ ᠬᠡᠯᠡᠭᠰᠡᠨᠴᠢᠯᠡᠨ 《ᠪᠢᠳᠡᠨ᠎ᠦ ᠢᠷᠡᠭᠡᠳᠦᠢ ᠎ᠳᠦ ᠨᠡᠭᠦᠷᠡᠰᠦᠲᠥ᠋ᠷᠥᠭᠴᠢ᠎ᠬᠤᠷᠠᠮᠳᠤᠭᠤᠯᠬᠤ ᠠᠷᠠᠯᠵᠢᠶ᠎ᠠ᠎ᠶᠢ ᠬᠠᠢᠨ ᠰᠦᠪᠡᠭᠴᠢᠯᠡᠬᠦ᠎ᠳᠦ ᠪᠠᠲᠤ ᠪᠡᠬᠢ ᠠᠮᠢ ᠠᠬᠤᠢ᠎ᠶᠢᠨ ᠰᠠᠭᠤᠷᠢ᠎ᠶᠢ ᠲᠠᠯᠪᠢᠵᠤ ᠥᠭᠴᠡᠢ》᠃

ᠠᠮᠢ ᠠᠬᠤᠢ ᠨᠢ ᠡᠨᠳᠡ ᠠᠯᠤᠰ ᠬᠡᠲᠦ᠎ᠶᠢᠨ ᠦᠵᠡᠮᠵᠢ ᠲᠡᠳᠦᠢ ᠪᠢᠰᠢ᠂ ᠬᠠᠷᠢᠨ ᠭᠠᠷ᠎ᠲᠤ ᠪᠠᠷᠢᠭ᠍ᠳᠠᠮ᠎ᠠ ᠬᠥᠭᠵᠢᠯᠲᠡ᠎ᠶᠢᠨ ᠬᠥᠷᠥᠩᠭᠡ ᠪᠣᠯᠪᠠ᠃ 《ᠠᠷᠪᠠᠨ ᠲᠠᠪᠤᠳᠤᠭᠠᠷ ᠲᠠᠪᠤᠨ ᠵᠢᠯ》 ᠳ᠋ᠤ ᠬᠠᠨᠳᠤᠭᠤᠯᠤᠨ᠂ ᠪᠤᠭᠤᠲᠤ ᠬᠣᠲᠠ ᠶᠠᠭ ᠠᠮᠢ ᠠᠬᠤᠢ᠎ᠶᠢᠨ ᠡᠯᠧᠮᠧᠨ᠋ᠲ᠎ᠢ ᠵᠠᠬ᠎ᠠ ᠳᠡᠯᠭᠡᠭᠦᠷ᠎ᠦᠨ ᠡᠳ᠋ ᠬᠥᠷᠥᠩᠭᠡ ᠪᠣᠯᠭᠠᠨ ᠬᠤᠪᠢᠷᠠᠭᠤᠯᠬᠤ᠎ᠪᠠᠷ ᠬᠦᠴᠦᠯᠡᠨ ᠴᠢᠷᠮᠠᠢᠵᠤ᠂ ᠴᠢᠨᠠᠷ ᠰᠠᠢᠲᠠᠢ ᠬᠥᠭᠵᠢᠯᠲᠡ᠎ᠳᠦ ᠰᠢᠨ᠎ᠡ ᠤᠷᠤᠯᠳᠤᠭᠠᠨ᠎ᠤ ᠵᠠᠮ ᠨᠡᠭᠡᠭᠡᠵᠦ ᠪᠣᠶ᠃ ᠴᠦᠯᠯᠡᠷᠭᠡᠭ ᠨᠤᠲᠤᠭ ᠪᠡᠯᠴᠢᠭᠡᠷ᠎ᠦᠨ ᠵᠠᠰᠠᠯᠲᠠ ᠪᠣᠯᠣᠨ ᠰᠢᠨ᠎ᠡ ᠡᠨᠧᠷᠭᠢ᠎ᠶᠢᠨ ᠬᠥᠭᠵᠢᠯᠲᠡ᠎ᠶᠢᠨ ᠭᠠᠵᠠᠷ ᠬᠡᠷᠡᠭᠯᠡᠬᠦ ᠵᠥᠷᠢᠴᠡᠯ᠎ᠳᠦ ᠴᠢᠭᠯᠡᠭᠦᠯᠦᠨ᠂ ᠪᠤᠭᠤᠲᠤ ᠬᠤᠲᠠ ᠨᠢᠭᠡᠨᠲᠡ 《ᠡᠪᠡᠰᠦ ᠪᠡᠯᠴᠢᠭᠡᠷ ᠭᠡᠷᠡᠯᠴᠢ ᠴᠡᠨᠡᠭ᠎ᠢ ᠬᠠᠷᠢᠯᠴᠠᠨ ᠨᠥᠬᠥᠪᠦᠷᠢᠯᠡᠬᠦ》 ᠵᠠᠭᠪᠤᠷ᠎ᠤᠨ ᠲᠤᠷᠰᠢᠯᠲᠠ᠎ᠶᠢ ᠠᠮᠵᠢᠯᠲᠠ ᠲᠠᠢ ᠬᠡᠷᠡᠭᠵᠢᠬᠦᠯᠵᠦ᠂ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ 1.14 ᠲᠦᠮᠡᠨ ᠮᠦ᠍ ᠴᠦᠯᠯᠡᠷᠭᠡᠭ ᠨᠤᠲᠤᠭ ᠪᠡᠯᠴᠢᠭᠡᠷ ᠳᠡᠭᠡᠷ᠎ᠡ 《ᠬᠠᠪᠲᠠᠰᠤᠨ ᠳᠡᠭᠡᠷ᠎ᠡ ᠴᠠᠬᠢᠯᠭᠠᠨ ᠭᠠᠷᠭᠠᠬᠤ᠂ ᠬᠠᠪᠲᠠᠰᠤᠨ ᠤ᠋ ᠬᠤᠭᠤᠷᠤᠨᠳᠤ ᠲᠠᠷᠢᠬᠤ᠂ ᠬᠠᠪᠲᠠᠰᠤᠨ ᠳᠣᠣᠷ᠎ᠠ ᠵᠠᠰᠠᠨ ᠰᠡᠷᠭᠦᠭᠡᠬᠦ》 ᠠᠮᠢ ᠠᠬᠤᠢ᠎ᠶᠢᠨ ᠵᠠᠰᠠᠯᠲᠠ᠎ᠶᠢᠨ ᠰᠢᠨ᠎ᠡ ᠠᠷᠭ᠎ᠠ ᠵᠠᠮ᠎ᠢ ᠰᠦᠪᠡᠭᠴᠢᠯᠡᠪᠡ᠃ ᠲᠡᠭᠦᠨ᠎ᠦ ᠣᠶ ᠰᠢᠭᠤᠢ ᠡᠪᠡᠰᠦ ᠪᠡᠯᠴᠢᠭᠡᠷ᠎ᠦᠨ ᠨᠡᠭᠦᠷᠡᠰᠦᠲᠦᠶ᠋ᠷᠥᠭᠴᠢ᠎ᠬᠤᠷᠠᠮᠳᠤᠭᠤᠯᠬᠤ ᠬᠦᠷᠢᠶᠡᠨ᠎ᠳᠡᠬᠢ ᠤᠷᠢᠳ ᠵᠢᠡᠷ ᠬᠡᠷᠡᠭᠵᠢᠭᠦᠯᠵᠦ ᠤᠷᠢᠳ ᠵᠢᠡᠷ ᠲᠤᠷᠰᠢᠬᠤ ᠶᠠᠪᠤᠳᠠᠯ ᠨᠢ ᠨᠡᠩ ᠬᠥᠮᠥᠰ᠎ᠦᠨ ᠠᠩᠬᠠᠷᠤᠯ᠎ᠢ ᠨᠠᠩ ᠢᠯᠡᠭᠦᠦ ᠲᠠᠲᠠᠪᠠ᠄ ᠥᠪᠡᠷᠲᠡᠭᠡᠨ ᠵᠠᠰᠠᠬᠤ ᠣᠷᠣᠨ᠎ᠤ ᠠᠩᠬᠠᠳᠠᠭ᠍ᠴᠢ ᠣᠷᠣᠨ ᠨᠤᠲᠤᠭ᠎ᠤᠨ ᠣᠶ ᠰᠢᠭᠤᠢ ᠨᠤᠳᠤᠭ ᠪᠡᠯᠴᠢᠭᠡᠷ᠎ᠦᠨ ᠨᠡᠭᠦᠷᠡᠰᠦᠲᠦᠶ᠋ᠷᠥᠭᠴᠢ᠎ᠬᠤᠷᠠᠮᠳᠤᠭᠤᠯᠬᠤ ᠠᠷᠠᠯᠵᠢᠶᠠᠨ᠎ᠤ ᠦᠢᠯᠡᠴᠢᠯᠡᠭᠡᠨ᠎ᠦ ᠲᠥᠪ ᠎ᠢ ᠪᠠᠢᠭᠤᠯᠵᠤ᠂ ᠪᠥᠬᠥ ᠤᠯᠤᠰ ᠪᠥᠬᠥ ᠣᠷᠣᠨ᠎ᠳᠤ ᠵᠠᠬ᠎ᠠ ᠳᠡᠯᠭᠡᠭᠦᠷᠴᠢᠯᠡᠭᠰᠡᠨ ᠦᠢᠯᠡᠴᠢᠯᠡᠭᠡ ᠬᠠᠩᠭᠠᠵᠤ ᠳᠡᠶ᠋ᠢᠯᠬᠦ 《ᠪᠤᠭᠤᠲᠤ ᠵᠢᠨ ᠪᠠᠭᠠᠵᠢ》 — 《〈ᠤᠭᠳᠠᠷᠭᠤᠢ ᠭᠠᠵᠠᠷ ᠤ᠋ᠨ ᠭᠠᠳᠠᠷᠭᠤ〉 ᠵᠢ ᠨᠢᠭᠡ ᠴᠣᠭᠴᠠᠵᠢᠭᠤᠯᠤᠭᠰᠠᠨ ᠨᠡᠭᠦᠷᠡᠰᠦᠲᠦᠶ᠋ᠷᠥᠭᠴᠢ ᠬᠤᠷᠠᠮᠳᠤᠭᠤᠯᠬᠤ ᠬᠡᠮᠵᠢᠶ᠎ᠡ᠎ᠶᠢ ᠬᠢᠨᠠᠨ ᠬᠡᠮᠵᠢᠬᠦ ᠠᠷᠭ᠎ᠠ》 ᠵᠢ ᠠᠮᠵᠢᠯᠲᠠ᠎ᠲᠠᠢ ᠨᠡᠭᠡᠭᠡᠨ ᠠᠰᠢᠭ᠍ᠯᠠᠭᠰᠠᠨ ᠤ᠋ ᠵᠡᠷᠭᠡ ᠪᠡᠷ᠂ 《ᠠᠮᠢ ᠠᠬᠤᠢ᠎ᠶᠢᠨ ᠬᠠᠤᠯᠢ ᠴᠠᠭᠠᠵᠠ + ᠨᠡᠭᠦᠷᠡᠰᠦᠲᠥ᠋ᠷᠥᠭᠴᠢ ᠵᠢᠨ ᠪᠢᠯᠧᠲ》 ᠤ᠋ᠨ ᠵᠠᠭᠪᠤᠷ᠎ᠤᠨ ᠰᠢᠨ᠎ᠡ᠎ᠶᠢ ᠡᠭᠦᠳᠦᠨ ᠳᠡᠯᠭᠡᠷᠡᠭᠦᠯᠪᠡ᠃ ᠶᠠᠩ ᠲᠢᠩ ᠲᠢᠩ ᠪᠣᠯᠣᠨ ᠬᠠᠮᠲᠤ ᠠᠵᠢᠯᠯᠠᠭᠰᠠᠳ᠎ᠤᠨ ᠠᠷᠠᠴᠢᠯᠠᠵᠦ ᠪᠠᠢᠭ᠎ᠠ ᠡᠨᠡ ᠬᠦ᠌ ᠬᠡᠰᠡᠭ ᠣᠶ ᠮᠣᠳᠣ᠌ ᠨᠢ ᠢᠷᠡᠭᠡᠳᠦᠢ ᠳ᠋ᠤ ᠠᠮᠢᠰᠬᠤᠬᠤ ᠵᠢᠨ ᠵᠡᠷᠬᠡ ᠪᠡᠷ ᠬᠡᠮᠵᠢᠵᠦ ᠪᠣᠯᠬᠤᠢᠴᠠ᠂ ᠠᠷᠠᠯᠵᠢᠶᠠᠯᠠᠵᠤ ᠪᠣᠯᠬᠤᠢᠴᠠ᠂ ᠪᠡᠯᠡ ᠬᠤᠷᠠᠮᠳᠤᠭᠤᠯᠵᠤ ᠪᠣᠯᠬᠤᠢᠴᠠ 《ᠨᠡᠭᠦᠷᠡᠰᠦᠲᠥ᠋ᠷᠥᠭᠴᠢ ᠬᠤᠷᠠᠮᠳᠤᠭᠤᠯᠵᠦ》᠂ ᠨᠤᠮᠢᠨ ᠤᠰᠤ ᠬᠦᠭᠡᠮᠳᠦᠭ ᠠᠭᠤᠯᠠ ᠨᠢ ᠦᠨᠡᠨ ᠬᠦ᠌ ᠦᠨ᠎ᠡ ᠬᠠᠩᠰᠢ᠎ᠶᠢᠨ ᠱᠣᠰᠢᠭ᠎ᠠ ᠲᠠᠢ ᠪᠣᠯᠵᠠᠢ᠃

ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠎ᠢᠶᠡᠷ ᠬᠦᠴᠤᠨ ᠤᠯᠭᠤᠬᠤ ᠵᠢ ᠠᠮᠢ ᠠᠬᠤᠢ ᠎ᠶᠢᠨ ᠵᠠᠰᠠᠯᠲᠠ᠎ᠶᠢᠨ ᠪᠦᠬᠦ ᠶᠠᠪᠤᠴᠠ᠎ᠳᠤ ᠲᠤᠭᠤᠰᠢᠯᠠᠭᠤᠯᠤᠨ᠎ᠠ᠃ ᠬᠠᠢᠯᠠᠷ ᠨᠠᠷᠠᠰᠤᠨ ᠮᠥᠭᠥ᠎ᠶᠢᠨ ᠦᠨᠳᠦᠰᠦ ᠴᠢᠬᠢ ᠪᠣᠢᠵᠢᠭᠤᠯᠬᠤ᠂ ᠤᠰᠤᠵᠢᠮᠠᠯ ᠪᠣᠷᠳᠣᠭᠤᠷ᠎ᠡᠴᠡ ᠵᠢᠯᠣᠭᠣᠴᠢ ᠦᠭᠡᠢ ᠨᠢᠰᠬᠡᠯ᠎ᠢᠶᠡᠷ ᠳᠠᠷᠢᠬᠤ᠂ ᠳᠠᠯᠠᠨ ᠬᠠᠷ᠎ᠠ ᠠᠭᠤᠯᠠ᠎ᠶᠢᠨ ᠡᠮᠦᠨ᠎ᠡ ᠪᠠᠯ᠎ᠤᠨ ᠤᠰᠤ ᠠᠷᠪᠢᠯᠠᠵᠤ ᠳᠤᠰᠤᠯᠭᠠᠨ ᠤᠰᠤᠯᠠᠬᠤ ᠬᠦᠷᠲᠡᠯ᠎ᠡ᠂ ᠰᠢᠨ᠎ᠡ ᠮᠡᠷᠭᠡᠵᠢᠯ᠎ᠦᠨ ᠥᠷᠭᠡᠨ ᠳᠡᠯᠭᠡᠷ ᠬᠡᠷᠡᠭᠯᠡᠯᠲᠡ ᠨᠢ ᠡᠯᠡᠰᠦ᠎ᠶᠢ ᠵᠠᠰᠠᠬᠤ ᠦᠷ᠎ᠡ ᠪᠦᠲᠦᠮᠵᠢ᠂ ᠤᠰᠤ ᠠᠷᠪᠢᠯᠠᠬᠤ ᠦᠷ᠎ᠡ ᠪᠦᠲᠦᠮᠵᠢ ᠪᠠ ᠴᠢᠬᠢ ᠮᠣᠳᠣᠨ᠎ᠤ ᠡᠳᠡᠭᠡᠷᠡᠯᠲᠡ᠎ᠶᠢᠨ ᠨᠣᠷᠮ᠎ᠠ᠎ᠶᠢ ᠰᠢᠰᠲᠧᠮ᠎ᠲᠠᠢ᠎ᠪᠡᠷ ᠳᠡᠭᠡᠭᠰᠢᠯᠡᠭᠦᠯᠪᠡ᠃ 《ᠬᠦᠳᠡᠯᠮᠤᠷᠢᠯᠡᠬᠦ ᠪᠡᠷ ᠲᠡᠳᠬᠦᠮᠵᠢ᠎ᠶᠢ ᠣᠷᠣᠯᠠᠭᠤᠯᠬᠤ》 ᠵᠠᠭᠪᠤᠷ ᠨᠢ ᠬᠠᠷᠢᠨ ᠠᠮᠢ ᠠᠬᠤᠢ᠎ᠶᠢᠨ ᠵᠠᠰᠠᠯᠲᠠ ᠬᠢᠭᠡᠳ ᠠᠷᠠᠳ᠎ᠢ ᠪᠠᠶᠠᠵᠢᠭᠤᠯᠤᠨ ᠣᠷᠣᠯᠭ᠎ᠠ᠎ᠶᠢ ᠨᠢ ᠨᠡᠮᠡᠭᠳᠡᠭᠦᠯᠬᠦ᠎ᠶᠢ ᠵᠡᠷᠭᠡ᠎ᠪᠡᠷ ᠠᠬᠢᠭᠤᠯᠵᠤ᠂ ᠨᠢᠭᠡᠨᠲᠡ ᠲᠤᠬᠠᠢ᠎ᠶᠢᠨ ᠭᠠᠵᠠᠷ᠎ᠤᠨ 1450 ᠮᠠᠯᠴᠢᠨ ᠲᠠᠷᠢᠶᠠᠴᠢᠨ᠎ᠢ ᠬᠥᠯᠥᠰᠦᠯᠡᠵᠦ᠂ ᠬᠥᠳᠡᠯᠮᠦᠷᠢ ᠦᠢᠯᠡᠴᠢᠯᠡᠭᠡᠨ᠎ᠦ ᠬᠥᠯᠥᠰᠦ ᠣᠯᠭᠣᠮᠵᠢ᠎ᠶᠢ ᠨᠡᠶ᠋ᠢᠲᠡ 1910 ᠲᠦᠮᠡᠨ ᠲᠥᠭᠥᠷᠢᠭ ᠣᠯᠭᠣᠵᠤ᠂ ᠪᠣᠬᠢᠷᠲᠤᠯ ᠦᠭᠡᠢ ᠠᠵᠢᠯ ᠦᠢᠯᠡᠰ᠎ᠢ ᠣᠯᠠᠨ ᠲᠦᠮᠡᠨ᠎ᠦ ᠲᠣᠰ ᠪᠡᠶ᠎ᠡ᠎ᠶᠢᠨ ᠠᠵᠢᠯ ᠦᠢᠯᠡᠰ ᠪᠣᠯᠭᠠᠵᠤ᠂ 《ᠪᠣᠬᠢᠷᠲᠤᠯ ᠦᠭᠡᠢ ᠦᠢᠯᠡᠳᠪᠦᠷᠢᠯᠡᠯ ᠠᠮᠢᠳᠤᠷᠠᠯ᠎ᠤᠨ ᠠᠷᠭ᠎ᠠ ᠮᠠᠶᠢᠭ᠋᠎ᠢ ᠲᠦᠷᠭᠡᠳᠭᠡᠨ ᠪᠣᠶ ᠪᠣᠯᠭᠠᠬᠤ》 ᠤᠷᠢᠶᠠᠯᠠᠭ᠎ᠠ᠎ᠶᠢ ᠴᠤᠤᠷᠢᠶᠠᠳᠤᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号