《ᠬᠦᠮᠦᠨ ᠤ᠋ ᠰᠡᠷᠭᠡᠢᠯᠡᠯᠲᠡ》 ᠡᠴᠡ 《ᠮᠡᠷᠭᠡᠵᠢᠯ ᠤ᠋ᠨ ᠰᠡᠷᠭᠡᠢᠯᠡᠯᠲᠡ》 ᠬᠦᠷᠳᠡᠯᠡᠬᠢ ᠤᠶᠤᠨᠳᠤ ᠳᠡᠪᠰᠢᠯᠳᠡ ᠵᠢ ᠪᠡᠶᠡᠯᠡᠭᠦᠯᠪᠡ
ᠠᠳᠬᠤᠨ ᠴᠢᠨᠡᠭᠡᠨ ᠪᠤᠯᠵᠤᠮᠤᠷ ᠨᠢ ᠬᠦᠷᠳᠡᠯ᠎ᠠ ᠨᠠᠬᠦᠷᠡᠰᠤᠨ ᠤᠳᠤᠭᠠᠨᠳᠤ ᠬᠠᠷᠠᠯᠠᠳᠠᠭ ᠪᠠᠢᠬᠰᠠᠨ ᠬᠦᠬᠡᠬᠤᠳᠠ ᠤᠢᠷᠠᠵᠢᠨ ᠵᠢᠯ ᠡᠴᠡ ᠨᠠᠭᠠᠰᠢ ᠠᠮᠢ ᠠᠬᠤᠢᠵᠢᠨ ᠬᠠᠮᠠᠭᠠᠯᠠᠯᠳᠠ ᠵᠢᠴᠢ ᠠᠭᠠᠷ ᠮᠠᠨᠳᠠᠯᠤᠨ ᠵᠠᠰᠠᠯᠳᠠᠵᠢ ᠴᠢᠡᠭᠭᠠᠳᠬᠠᠭᠰᠠᠨ ᠵᠢᠡᠷ ᠲᠤᠰᠤᠯᠤᠮᠠ ᠬᠦᠬᠡ ᠲᠡᠭᠷᠢ ᠲᠠᠢ᠂ ᠪᠠᠬᠠᠷᠤᠮ᠎ᠠ ᠰᠠᠢᠬᠠᠨ ᠦᠵᠡᠮᠵᠢ ᠲᠠᠢ ᠬᠤᠳᠠ ᠪᠤᠯᠵᠠᠢ᠃
ᠬᠥᠬᠡᠬᠣᠲᠠ ᠵᠢᠨ ᠠᠮᠢ ᠠᠬᠤᠢᠵᠢᠨ ᠬᠠᠮᠠᠭᠠᠯᠠᠯᠳᠠ ᠵᠢᠴᠢ ᠠᠭᠠᠷ ᠮᠠᠨᠳᠠᠯᠤᠨ ᠵᠠᠰᠠᠯᠲᠠ ᠵᠢᠨ ᠠᠮᠵᠢᠯᠲᠠ ᠨᠢ 《ᠲᠣᠯᠣᠭᠠᠢ ᠡᠪᠡᠳᠪᠡᠯ ᠲᠣᠯᠣᠭᠠᠢ ᠵᠢ ᠨᠢ ᠡᠮᠨᠡᠵᠤ᠂ ᠬᠥᠯ ᠡᠪᠡᠳᠪᠠᠯ ᠬᠥᠯ ᠢ᠋ ᠨᠢ ᠵᠠᠰᠠᠭᠰᠠᠨ》ᠶᠠᠪᠤᠳᠠᠯ ᠳᠡᠳᠦᠢ ᠪᠤᠰᠤ᠂ ᠬᠠᠷᠢᠨ ᠰᠢᠰᠲ᠋ᠧᠮᠲᠦ ᠴᠢᠨᠠᠷᠲᠠᠢ ᠬᠠᠮᠵᠢᠯᠴᠠᠭᠠᠨᠤ ᠴᠢᠨᠠᠷᠲᠠᠢ ᠪᠣᠭᠣᠮᠲᠠ ᠰᠢᠪᠲᠤᠯᠤᠭᠰᠠᠨ ᠳᠠᠢᠯᠠᠯᠳᠤᠭᠠᠨ ᠪᠤᠯᠬᠤ ᠶᠤᠮ᠃ ᠬᠣᠲᠠ ᠲᠣᠭᠣᠷᠢᠭ ᠡᠴᠡ ᠬᠥᠳᠡᠭᠡ ᠲᠣᠰᠬᠣᠨ ᠬᠦᠷᠲᠡᠯ᠎ᠡ᠂ ᠨᠡᠭᠦᠷᠡᠰᠦ ᠰᠢᠳᠠᠭᠠᠬᠤ ᠵᠢ ᠡᠵᠡᠮᠳᠡᠬᠦ ᠮᠠᠰᠢᠨ ᠲᠡᠷᠭᠡᠨ ᠤ᠋ ᠭᠠᠳᠠᠭᠰᠢᠯᠠᠭᠤᠯᠬᠤ ᠬᠡᠢ ᠵᠢ ᠡᠵᠡᠮᠳᠡᠬᠦ ᠡᠴᠡ ᠠᠵᠤ ᠦᠢᠯᠡᠳᠪᠦᠷᠢ ᠵᠢᠨ ᠪᠣᠬᠢᠷᠲᠤᠯ ᠪᠤᠳᠠᠰ ᠢ᠋ ᠭᠠᠳᠠᠭᠰᠢᠯᠠᠭᠤᠯᠬᠤ ᠵᠢ ᠡᠵᠡᠮᠳᠡᠭᠦ ᠬᠦᠷᠲᠡᠯ᠎ᠡ᠂ ᠬᠥᠬᠡᠬᠣᠲᠠ ᠪᠦᠬᠦ ᠬᠡᠪᠴᠢᠶ᠎ᠡ ᠵᠢ ᠬᠠᠮᠤᠷᠤᠭᠰᠠᠨ ᠨᠠᠷᠢᠯᠢᠭ ᠣᠨᠣᠴᠠᠲᠠᠢ ᠪᠡᠷ ᠪᠣᠬᠢᠷᠲᠤᠯ ᠢ᠋ ᠵᠠᠰᠠᠬᠤ ᠳᠤᠤᠷ ᠢ᠋ ᠪᠠᠢᠭᠤᠯᠵᠠᠢ᠃ ᠨᠡᠩ ᠳᠤᠷᠠᠳᠤᠭᠤᠰᠢᠲᠠᠢ ᠨᠢ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠳᠠᠪᠠᠭᠤᠯᠢᠭ ᠢ᠋ ᠠᠰᠢᠬᠯᠠᠨ 《ᠲᠡᠭᠷᠢ ᠭᠠᠵᠠᠷ ᠠᠭᠠᠷ》 ᠢ᠋ ᠨᠢᠭᠡ ᠴᠤᠭᠴᠠᠵᠢᠭᠤᠯᠤᠭᠰᠠᠨ ᠬᠢᠨᠠᠨ ᠬᠡᠮᠵᠢᠬᠦ ᠰᠢᠰᠲ᠋ᠸᠮ ᠵᠢᠡᠷ ᠳᠠᠮᠵᠢᠨ᠂ ᠪᠣᠬᠢᠷᠲᠤᠯ ᠢ᠋ ᠡᠬᠢ ᠡᠭᠦᠰᠦᠯ ᠡᠴᠡ ᠨᠢ ᠠᠷᠢᠯᠭᠠᠵᠤ᠂ 《ᠬᠦᠮᠦᠨ ᠤ᠋ ᠰᠡᠷᠭᠡᠢᠯᠡᠯᠲᠡ》 ᠡᠴᠡ 《ᠮᠡᠷᠭᠡᠵᠢᠯ ᠤ᠋ᠨ ᠰᠡᠷᠭᠡᠢᠯᠡᠯᠲᠡ》 ᠬᠦᠷᠳᠡᠯᠡᠬᠢ ᠤᠶᠤᠨᠳᠤ ᠳᠡᠪᠰᠢᠯᠳᠡ ᠵᠢ ᠪᠡᠶᠡᠯᠡᠭᠦᠯᠦᠭᠰᠡᠨ ᠪᠠᠢᠨ᠎ᠠ᠃
ᠡᠭᠦᠨ ᠤ᠋ ᠬᠠᠮᠲᠤ᠂ 《ᠣᠷᠴᠢᠨ ᠲᠣᠭᠣᠷᠢᠨ ᠤ᠋ ᠬᠠᠮᠠᠭᠠᠯᠠᠯᠲᠠ ᠵᠢᠨ ᠬᠠᠮᠢᠶᠠᠷᠤᠭᠴᠢ》 ᠡᠴᠡ ᠡᠷᠡᠭᠦᠯ ᠮᠡᠨᠳᠦ ᠵᠢᠨ ᠪᠠᠢᠴᠠᠭᠠᠯᠲᠠ ᠬᠢᠭᠦ᠂ ᠣᠯᠠᠨ ᠰᠠᠯᠠᠭ᠎ᠠ ᠮᠥᠴᠢᠷ ᠬᠣᠯᠪᠣᠭᠠᠯᠠᠨ ᠬᠠᠤᠯᠢ ᠬᠡᠷᠡᠭᠵᠢᠭᠦᠯᠬᠦ ᠵᠡᠷᠭᠡ ᠠᠷᠭ᠎ᠠ ᠬᠡᠮᠵᠢᠶ᠎ᠡ ᠵᠢᠨ ᠰᠢᠨ᠎ᠡ ᠵᠢ ᠡᠭᠦᠳᠦᠭᠰᠡᠨ ᠨᠢ ᠵᠠᠰᠠᠯᠳᠠ ᠵᠢᠨ ᠰᠡᠳᠬᠢᠴᠡ ᠵᠢᠨ ᠬᠢᠨᠠᠨ ᠬᠠᠮᠢᠶᠠᠷᠤᠯᠲᠠ ᠡᠴᠡ 《ᠬᠢᠨᠠᠨ ᠬᠠᠮᠢᠶᠠᠷᠤᠯᠲᠠ + ᠦᠢᠯᠡᠴᠢᠯᠡᠭᠡ》 ᠳᠠᠢᠰᠢ ᠬᠤᠪᠢᠷᠠᠬᠰᠠᠨ ᠢ᠋ ᠬᠠᠷᠠᠭᠤᠯᠵᠤ᠂ ᠨᠡᠢᠭᠡᠮ ᠤ᠋ᠨ ᠡᠯ᠎ᠡ ᠡᠲᠡᠭᠡᠳ ᠤ᠋ᠨ ᠬᠢᠨ ᠬᠠᠮᠲᠤ ᠪᠠᠷ ᠣᠷᠣᠯᠴᠠᠬᠤ ᠳᠣᠲᠣᠭᠠᠳᠤ ᠬᠥᠳᠡᠯᠭᠡᠬᠦ ᠬᠦᠴᠦᠨ ᠢ᠋ ᠬᠥᠭᠵᠢᠭᠡᠭᠰᠡᠨ ᠶᠤᠮ᠃
ᠤᠳᠤ ᠬᠦᠬᠡᠬᠤᠳᠠᠵᠢᠨ ᠲᠡᠭᠷᠢ ᠬᠦᠭᠡ ᠪᠤᠯᠵᠠᠢ᠃ ᠬᠦᠭᠡ ᠦᠡᠭᠭᠡ ᠭᠡᠵᠤ ᠦᠭᠡᠳᠠᠯᠠᠨ ᠪᠠᠳᠠᠷᠠᠬᠤᠵᠢᠨ ᠪᠡᠯᠭᠡᠰᠢᠶᠠᠯ᠂ ᠡᠭᠡᠨᠡᠭᠳᠡ ᠮᠠᠨᠤ ᠪᠠᠬᠠᠷᠬᠠᠯ ᠪᠤᠯᠬᠤ ᠶᠤᠮ᠃