ᠵᠠᠩᠭᠢᠯᠠᠭ᠎ᠠ᠎ᠶ᠋ᠢᠨ ᠦᠭᠡ — ᠱᠢᠨ᠎ᠡ ᠡᠨᠧᠷᠭᠢ
2025-11-03 16:49:19
ᠵᠣᠬᠢᠶᠠᠭ᠍ᠴᠢ᠄
ᠤᠷᠭᠤᠮᠠᠯ ᠤᠯᠤᠰᠳᠤ
ᠣᠩᠱᠢᠭ᠍ᠰᠠᠨ ᠣᠳᠠᠭ᠎ᠠ᠄
★★★☆☆

— ᠤᠮᠠᠷᠠᠲᠦ ᠬᠢᠯᠢ ᠵᠢᠨ ᠬᠠᠷᠢᠭᠤᠯᠲᠠ ᠵᠢᠨ ᠬᠠᠭᠤᠳᠠᠰᠦ


ᠡᠨᠧᠷᠭᠢ ᠪᠣᠯ ᠠᠵᠤ ᠠᠬᠤᠢ ᠨᠡᠢᠭᠡᠮ ᠤ᠋ᠨ ᠬᠥᠭ᠌ᠵᠢᠯᠲᠡ ᠵᠢᠨ ᠰᠠᠭᠤᠷᠢ ᠮᠦᠷᠳᠡᠬᠡᠨ ᠬᠥᠳᠡᠯᠭᠡᠬᠦ᠌ ᠬᠦᠴᠦᠨ ᠤ᠋ ᠡᠬᠢ ᠰᠤᠷᠪᠤᠯᠵᠢ ᠮᠥᠨ᠂ ᠡᠨᠧᠷᠭᠢ ᠵᠢᠨ ᠪᠠᠲᠤᠯᠠᠭ᠎ᠠ ᠪᠠ ᠠᠮᠤᠷ ᠲᠦᠪᠱᠢᠨ ᠪᠤᠯ ᠠᠵᠤ ᠠᠬᠤᠢ ᠪᠠ ᠠᠷᠠᠳ ᠤ᠋ᠨ ᠠᠮᠢᠳᠤᠷᠠᠯ ᠲᠠᠶ ᠬᠣᠯᠪᠣᠭ᠍ᠳᠠᠭᠰᠠᠨ ᠲᠦᠷᠦ ᠬᠦᠷᠤᠨ ᠤ᠋ ᠶᠡᠬᠡ ᠶᠠᠪᠤᠳᠠᠯ ᠶᠤᠮ᠃ ᠤᠯᠤᠰ ᠤ᠋ᠨ ᠴᠢᠬᠤᠯᠠ ᠡᠨᠧᠷᠭᠢ ᠪᠠ ᠪᠠᠢᠯᠳᠤᠬᠤ ᠪᠣᠳᠣᠯᠭ᠎ᠠ ᠵᠢᠨ ᠡᠬᠢ ᠪᠠᠶᠠᠯᠢᠭ ᠤ᠋ᠨ ᠰᠠᠭᠤᠷᠢᠨ ᠪᠣᠯᠤᠭ᠍ᠰᠠᠨ ᠥᠪᠥᠷ ᠮᠣᠩᠭᠣᠯ 《ᠠᠷᠪᠠᠨ ᠳᠥᠷᠪᠡᠳᠦᠭᠡᠷ ᠲᠠᠪᠤᠨ ᠵᠢᠯ》 ᠳ᠋ᠦ ᠰᠠᠯᠬᠢᠨ ᠬᠦᠴᠦ ᠭᠡᠷᠡᠯᠴᠢ ᠴᠡᠨᠡᠭ ᠢ᠋ ᠨᠡᠭᠡᠭᠡᠨ ᠬᠥᠭ᠌ᠵᠢᠭᠦᠯᠬᠦ᠌ ᠪᠡᠷ ᠱᠢᠪᠲᠤᠯᠤᠯᠲᠠ ᠵᠢᠨ ᠴᠡᠭ ᠪᠣᠯᠭᠠᠨ ᠤᠯᠠᠮᠵᠢᠯᠠᠯᠲᠤ ᠡᠨᠧᠷᠭᠢ ᠵᠢᠨ ᠲᠤᠮᠤ ᠣᠷᠣᠨ ᠡᠴᠡ ᠪᠣᠬᠢᠷᠲᠤᠯ ᠥᠬᠡᠶ ᠡᠨᠧᠷᠭᠢ ᠵᠢᠨ ᠥᠨᠳᠥᠷᠯᠢᠭ ᠢ᠋ ᠴᠤᠭᠴᠠᠯᠠᠭᠰᠠᠨ ᠢᠷᠠᠭᠤ ᠬᠠᠭᠤᠳᠠᠰᠤ ᠵᠢ ᠪᠢᠴᠢᠭᠯᠡᠵᠠᠢ᠃ ᠡᠬᠦᠨ ᠳ᠋ᠤ 6000 ᠺᠢᠯᠦᠸᠠᠲ ᠵᠢᠴᠢ ᠲᠠᠬᠦᠨ ᠡᠴᠡ ᠲᠠᠬᠡᠭᠰᠢᠬᠢ ᠬᠡᠷᠡᠯᠴᠢ ᠴᠡᠨᠡᠭ ᠵᠢᠡᠷ ᠴᠠᠬᠢᠯᠭᠠᠨ ᠭᠠᠷᠭᠠᠬᠤ ᠮᠠᠰᠢᠨ ᠴᠤᠭᠴᠠᠯᠠᠪᠤᠷᠢ ᠵᠢᠨ ᠶᠡᠷᠤᠩᠬᠡᠢ ᠬᠡᠪᠴᠢᠶ᠎ᠡ 2020 ᠤᠨ ᠤ᠋ 1176 ᠲᠦᠮᠡᠨ ᠺᠢᠯᠤᠸᠠᠲ ᠪᠠᠢᠭᠰᠠᠨ ᠡᠴᠡ ᠪᠠᠨ 2024 ᠤᠨ ᠳ᠋ᠤ 4517 ᠲᠦᠮᠡᠨ ᠺᠢᠯᠤᠸᠠᠲ ᠢ᠋ ᠲᠠᠪᠠᠨ᠂ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠪᠦᠬᠦ ᠤᠷᠤᠨ ᠤ᠋ ᠴᠠᠬᠢᠯᠭᠠᠨ ᠬᠦᠴᠦᠨ ᠤ᠋ ᠶᠡᠷᠦᠩᠬᠡᠶ ᠮᠠᠱᠢᠨ ᠴᠣᠭ᠍ᠴᠠᠯᠠᠪᠤᠷᠢ ᠳ᠋ᠡᠬᠢ ᠡᠵᠡᠯᠡᠬᠦ ᠬᠠᠷᠢᠴᠠᠯ ᠨᠢ 30% ᠬᠦᠷᠬᠦ ᠦᠭᠡᠢ ᠪᠠᠢᠭᠰᠠᠨ ᠡᠴᠡ ᠪᠠᠨ 52% ᠢ᠋ ᠳᠠᠪᠠᠵᠤ᠂ ᠬᠣᠶᠠᠷ ᠵᠦᠶ᠋ᠯ ᠤ᠋ᠨ ᠭᠦᠶ᠋ᠴᠡᠳᠭᠡᠯ ᠲᠣᠭ᠎ᠠ ᠪᠡᠷ ᠴᠦᠮ ᠪᠥᠬᠥ᠌ ᠤᠯᠤᠰ ᠲᠣ᠌ ᠲᠦᠷᠦᠭᠦᠯᠡᠪᠠ᠃


未标题-1.jpg



ᠡᠨᠧᠷᠭᠢ ᠪᠣᠯ ᠥᠪᠥᠷ ᠮᠣᠩᠭᠣᠯ ᠤ᠋ᠨ ᠭᠤᠤᠯᠯᠠᠬᠤ ᠠᠵᠤ ᠦᠢᠯᠡᠰ ᠪᠠᠢᠵᠤ᠂ ᠦᠪᠤᠷ ᠮᠤᠩᠭᠤᠯ ᠳ᠋ᠤ ᠡᠨ᠋ᠸᠷᠬᠢ ᠵᠢᠨ ᠠᠵᠤ ᠦᠢᠯᠡᠰ ᠢ᠋ ᠬᠦᠴᠦᠷᠬᠡᠭ᠌ᠵᠢᠭᠦᠯᠬᠦ᠌ ᠳᠠᠪᠠᠭᠤᠯᠢᠭ ᠪᠠ ᠠᠵᠠ ᠲᠣᠬᠢᠶᠠᠯ ᠲᠠᠢ ᠮᠦᠷᠳᠡᠬᠡᠨ ᠵᠠᠪᠠᠯ ᠬᠦᠴᠦᠷᠬᠡᠭ᠌ᠵᠢᠭᠦᠯᠬᠦ᠌ ᠡᠬᠦᠷᠬᠡ ᠬᠠᠷᠢᠭᠤᠴᠠᠯᠭ᠎ᠠ ᠲᠠᠢ ᠶᠤᠮ᠃ 2021 ᠣᠨ ᠳ᠋ᠦ ᠥᠪᠥᠷ ᠮᠣᠩᠭᠣᠯ ᠤ᠋ᠨ ᠦᠪᠡᠷᠳᠡᠬᠡᠨ ᠵᠠᠰᠠᠬᠤ ᠤᠷᠤᠨ ᠡᠴᠡ ᠪᠥᠬᠥ᠌ ᠤᠯᠤᠰ ᠲᠦ᠍ ᠱᠢᠨ᠎ᠡ ᠡᠨᠧᠷᠭᠢ ᠪᠡᠷ ᠭᠤᠤᠯ ᠴᠣᠭ᠍ᠴᠠ ᠪᠣᠯᠭᠠᠭ᠍ᠰᠠᠨ ᠡᠨᠧᠷᠭᠢ ᠵᠢᠨ ᠬᠠᠩᠭᠠᠯᠭ᠎ᠠ ᠵᠢᠨ ᠱᠢᠰᠲ᠋ᠧᠮ ᠢ᠋ ᠤᠷᠢᠳ ᠵᠢᠡᠷ ᠪᠠᠢᠭᠤᠯᠵᠤ᠂ ᠱᠢᠨ᠎ᠡ ᠡᠨᠧᠷᠭᠢ ᠪᠡᠷ ᠭᠤᠤᠯ ᠴᠣᠭ᠍ᠴᠠ ᠪᠣᠯᠭᠠᠭ᠍ᠰᠠᠨ ᠱᠢᠨ᠎ᠡ ᠬᠡᠯᠪᠡᠷᠢ ᠵᠢᠨ ᠴᠠᠬᠢᠯᠭᠠᠨ ᠬᠦᠴᠦᠨ ᠤ᠋ ᠱᠢᠰᠲ᠋ᠧᠮ ᠢ᠋ ᠤᠷᠢᠳ ᠵᠢᠡᠷ ᠪᠠᠢᠭᠤᠯᠬᠤ; 2025 ᠣᠨ ᠪᠣᠯᠬᠤ ᠳ᠋ᠦ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ ᠵᠢ ᠢᠯᠴᠢ ᠵᠢᠨ ᠴᠠᠬᠢᠯᠭᠠᠨ ᠤ᠋ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ ᠡᠴᠡ ᠳᠠᠪᠠᠭᠤᠯᠵᠤ᠂ 2030 ᠣᠨ ᠪᠣᠯᠬᠤ ᠳ᠋ᠦ ᠱᠢᠨ᠎ᠡ ᠡᠨᠧᠷᠭᠢ ᠵᠢᠨ ᠴᠠᠬᠢᠯᠭᠠᠨ ᠭᠠᠷᠭᠠᠬᠤ ᠶᠡᠷᠦᠩᠬᠡᠶ ᠬᠡᠮᠵᠢᠶ᠎ᠡ ᠵᠢ ᠢᠯᠴᠢ ᠵᠢᠨ ᠴᠠᠬᠢᠯᠭᠠᠨ ᠭᠠᠷᠭᠠᠬᠤ ᠶᠡᠷᠦᠩᠬᠡᠶ ᠬᠡᠮᠵᠢᠶ᠎ᠡ ᠡᠴᠡ ᠳᠠᠪᠠᠭᠤᠯᠬᠤ ᠬᠠᠷᠠᠯᠳᠠ ᠵᠤᠷᠢᠯᠳᠠ ᠵᠢ ᠲᠤᠷᠠᠳᠴᠠᠢ᠃ ᠲᠤᠬᠠᠢ ᠵᠢᠨ ᠦᠶ᠎ᠡ ᠳ᠋ᠤ ᠦᠪᠤᠷ ᠮᠤᠩᠭᠤᠯ ᠤ᠋ᠨ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ ᠰᠠᠶᠢ 5000 ᠲᠦᠮᠡᠨ ᠺᠢᠯᠦᠸᠠᠲ ᠯᠡ ᠪᠠᠢᠪᠠ᠃


QQ截图20251001104448.png



QQ截图20251001113555.png


ᠡᠨᠡ ᠵᠢᠯ ᠮᠠᠨ ᠤ᠋ ᠤᠷᠤᠨ ᠰᠢᠨ᠎ᠠ ᠡᠨ᠋ᠸᠷᠬᠢ ᠵᠢᠨ ᠮᠠᠱᠢᠨ ᠴᠣᠭ᠍ᠴᠠᠯᠠᠪᠤᠷᠢ ᠡᠴᠡ ᠠᠪᠤᠭᠠᠳ ᠴᠠᠬᠢᠯᠭᠠᠨ ᠭᠠᠷᠭᠠᠬᠤ ᠬᠦᠷᠳᠡᠯ᠎ᠠ᠂ ᠳᠠᠬᠢᠭᠠᠳ ᠨᠦᠭᠡᠴᠡ ᠡᠨ᠋ᠸᠷᠬᠢ ᠬᠦᠷᠲᠡᠯᠡᠬᠢ ᠪᠦᠬᠦ ᠠᠵᠤ ᠦᠢᠯᠡᠰ ᠤ᠋ᠨ ᠬᠡᠯᠬᠢᠶ᠎ᠡ ᠵᠢᠨ ᠠᠮᠢᠵᠢᠷᠠᠯ ᠤ᠋ᠨ ᠬᠦᠴᠦᠨ ᠢ᠋ ᠬᠦᠭᠵᠢᠬᠡᠵᠤ᠂ 8 ᠰᠠᠷ᠎ᠠ ᠪᠤᠯᠳᠠᠯ᠎ᠠ ᠪᠦᠬᠦ ᠤᠷᠤᠨ ᠤ᠋ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ 1.47 ᠳ᠋ᠦᠩᠱᠢᠭᠤᠷ ᠺᠢᠯᠦᠸᠠᠲ ᠲᠦ᠍ ᠬᠦᠷᠴᠦ᠍᠂ ᠱᠢᠨ᠎ᠡ ᠪᠡᠷ 1182 ᠲᠦᠮᠡᠨ ᠺᠢᠯᠦᠸᠠᠲ ᠨᠡᠮᠡᠭ᠌ᠳᠡᠪᠡ; ᠰᠠᠯᠬᠢᠨ ᠬᠦᠴᠦ ᠪᠠ ᠬᠡᠷᠡᠯᠴᠢ ᠴᠡᠨᠡᠭ ᠵᠢᠡᠷ ᠴᠠᠬᠢᠯᠭᠠᠨ ᠭᠠᠷᠭᠠᠭ᠍ᠰᠠᠨ ᠬᠡᠮᠵᠢᠶ᠎ᠡ ᠲᠣᠰᠪᠤᠷᠢ 1297.9 ᠳ᠋ᠦᠩᠱᠢᠭᠤᠷ ᠺᠢᠯᠦᠸᠠᠲ ᠴᠠᠭ ᠪᠠ 338.24 ᠳ᠋ᠦᠩᠱᠢᠭᠤᠷ ᠺᠢᠯᠦᠸᠠᠲ ᠴᠠᠭ ᠲᠦ᠍ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ ᠲᠤᠰ ᠲᠤᠰ 29% ᠪᠠ 55% ᠪᠠᠷ ᠨᠡᠮᠡᠭ᠌ᠳᠡᠵᠤ᠂ ᠡᠨᠧᠷᠭᠢ ᠵᠢᠨ ᠠᠮᠤᠷ ᠲᠦᠪᠱᠢᠨ ᠪᠠ ᠲᠣᠭ᠍ᠲᠠᠭᠤᠨ ᠬᠠᠩᠭᠠᠯᠭ᠎ᠠ ᠵᠢ ᠪᠠᠳᠤᠯᠠᠬᠤ 《ᠰᠢᠨ᠎ᠠ ᠡᠨ᠋ᠸᠷᠬᠢ ᠵᠢᠨ ᠲᠤᠭᠳᠠᠪᠤᠷᠢᠵᠢᠭᠤᠯᠤᠭᠴᠢ》 ᠵᠢᠨ ᠦᠢᠯᠡᠳᠦᠯ ᠢ᠋ ᠤᠯᠠᠮ ᠰᠠᠢᠨ ᠪᠠᠳᠠᠷᠠᠭᠤᠯᠵᠤ ᠪᠠᠢᠨ᠎ᠠ᠃ ᠵᠢᠷᠤᠭ ᠪᠤᠯ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ᠋ ᠡᠯᠡᠰᠦᠷᠬᠡᠭᠵᠢᠯ ᠢ᠋ ᠰᠡᠷᠬᠡᠢᠯᠡᠨ ᠡᠯᠡᠰᠤ ᠵᠢ ᠵᠠᠰᠠᠬᠤ ᠲᠦᠷᠦᠯ ᠵᠤᠢᠯ ᠤ᠋ᠨ ᠤᠷᠤᠨ ᠳ᠋ᠡᠬᠢ ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠤ᠋ᠨ ᠰᠠᠭᠤᠷᠢᠨ ᠪᠤᠯᠤᠨ᠎ᠠ᠃

ᠳ᠋ᠢᠩ ᠾᠸ   ᠰᠡᠬᠦᠳᠡᠷᠯᠡᠪᠡ


ᠵᠤᠷᠢᠭ ᠲᠠᠢ ᠪᠤᠯ ᠵᠤᠷᠢᠭᠰᠠᠨ ᠶᠠᠪᠤᠳᠠᠯ ᠪᠦᠳᠦᠬᠦ ᠨᠢ ᠭᠠᠷᠴᠠᠭ᠎ᠠ ᠦᠬᠡᠢ᠃ ᠦᠪᠤᠷ ᠮᠤᠩᠭᠤᠯ ᠤ᠋ᠨ ᠡᠯ᠎ᠠ ᠭᠠᠵᠠᠷ ᠤ᠋ᠨ ᠬᠢᠨ 《ᠱᠢᠨ᠎ᠡ ᠡᠨᠧᠷᠭᠢ ᠵᠢ ᠳᠠᠬᠢᠨ ᠵᠢᠡᠷ ᠨᠡᠮᠡᠭ᠌ᠳᠡᠭᠦᠯᠬᠦ᠌ ᠠᠵᠢᠯᠯᠠᠭ᠎ᠠ》 ᠦᠷᠨᠢᠬᠦᠯᠦᠨ ᠰᠠᠯᠬᠢᠨ ᠬᠦᠴᠦ᠂ ᠬᠡᠷᠡᠯᠴᠢ ᠴᠡᠨᠡᠭ᠂ ᠤᠰᠤᠲᠥ᠋ᠷᠥᠭ᠌ᠴᠢ ᠪᠠ ᠨᠥᠭᠡᠴᠡ ᠡᠨ᠋ᠸᠷᠬᠢ ᠵᠢᠨ ᠠᠵᠤ ᠦᠶ᠋ᠯᠡᠰ ᠤ᠋ᠨ ᠪᠦᠯᠦᠭ᠌ᠵᠢᠯ ᠢ᠋ ᠬᠦᠴᠦᠯᠡᠨ ᠪᠠᠢᠭᠤᠯᠵᠤ᠂ ᠨᠢᠳᠤᠨᠤᠨ ᠤ᠋ 3 ᠰᠠᠷ᠎ᠠ ᠪᠣᠯᠬᠤ ᠳ᠋ᠦ ᠪᠦᠬᠦ ᠤᠷᠤᠨ ᠤ᠋ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠲᠤᠤᠷ ᠲᠣ᠌ ᠨᠡᠢᠯᠡᠭᠦᠯᠦᠭᠰᠡᠨ ᠬᠡᠪᠴᠢᠶ᠎ᠡ 1 ᠳ᠋ᠦᠩᠱᠢᠭᠤᠷ ᠺᠢᠯᠦᠸᠠᠲ ᠢ᠋ ᠳᠠᠪᠠᠵᠤ᠂ ᠪᠥᠬᠥ᠌ ᠤᠯᠤᠰ ᠤ᠋ᠨ ᠠᠩᠬᠠᠳᠠᠭ᠍ᠴᠢ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ ᠳ᠋ᠦᠩᠱᠢᠭᠤᠷ ᠺᠢᠯᠦᠸᠠᠲ ᠢ᠋ ᠳᠠᠪᠠᠭ᠍ᠰᠠᠨ ᠮᠤᠵᠢ ᠣᠷᠣᠨ ᠪᠣᠯᠪᠠ᠃ ᠤᠳᠤ ᠦᠪᠤᠷ ᠮᠤᠩᠭᠤᠯ ᠤ᠋ᠨ ᠪᠤᠬᠢᠷᠳᠦᠯ ᠦᠭᠡᠢ ᠴᠠᠬᠢᠯᠭᠠᠨ ᠤ᠋ ᠦᠢᠯᠡᠳᠪᠦᠷᠢᠯᠡᠯ ᠨᠢᠬᠡᠨᠳᠡ 2000 ᠳ᠋ᠦᠩᠱᠢᠭᠤᠷ ᠺᠢᠯᠤᠸᠠᠲ ᠴᠠᠭ ᠢ᠋ ᠳᠠᠪᠠᠭᠰᠠᠨ ᠮᠦᠷᠳᠡᠬᠡᠨ ᠡᠩ ᠲᠡᠷᠢᠬᠦᠨ ᠳ᠋ᠦ ᠮᠤᠵᠢ ᠠᠯᠤᠰᠯᠠᠭ᠍ᠰᠠᠨ ᠣᠨᠴᠠ ᠥᠨᠳᠥᠷ ᠬᠦᠴᠦᠳᠡᠯᠲᠦ ᠪᠤᠬᠢᠷᠳᠦᠯ ᠦᠭᠡᠢ ᠴᠠᠬᠢᠯᠭᠠᠨ ᠤ᠋ ᠠᠷᠠᠯᠵᠢᠶ᠎ᠠ ᠵᠢ ᠥᠷᠨᠢᠭᠦᠯᠵᠦ᠍᠂ ᠪᠤᠬᠢᠷᠳᠦᠯ ᠦᠭᠡᠢ ᠴᠠᠬᠢᠯᠭᠠᠨ ᠤ᠋ ᠠᠷᠠᠯᠵᠢᠶᠠᠨ ᠤ᠋ ᠬᠡᠪᠴᠢᠶ᠎ᠡ ᠪᠡᠷ ᠪᠥᠬᠥ᠌ ᠤᠯᠤᠰ ᠲᠦ᠍ ᠲᠦᠷᠦᠬᠦᠯᠡᠵᠤ ᠪᠤᠢ᠃ ᠢᠯᠠᠩᠭᠤᠶ᠎ᠠ ᠨᠢᠳᠤᠨᠤᠨ ᠡᠴᠡ 《ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠪᠠ ᠰᠠᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠢ᠋ ᠨᠢᠭᠡ ᠴᠣᠭ᠍ᠴᠠᠵᠢᠭᠤᠯᠬᠤ ᠢᠨᠵᠧᠨᠧᠷᠢᠩ》 ᠢ᠋ ᠪᠦᠬᠦ᠌ ᠲᠠᠯ᠎ᠠ ᠪᠡᠷ ᠡᠬᠢᠯᠡᠭᠦᠯᠵᠤ᠂ 《1+1>2》 ᠤ᠋ᠨ ᠶᠡᠷᠤ ᠪᠤᠰᠤ ᠵᠢᠨ ᠦᠷ᠎ᠡ ᠪᠦᠲᠦᠭᠡᠯ ᠢ᠋ ᠣᠯᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号