ᠡᠷᠡᠬᠦᠯ ᠢᠳᠡᠭᠡᠨ᠎ᠤ ᠦᠢᠯᠡᠰ ᠵᠢᠡᠷ ᠤᠯᠠᠨ ᠲᠦᠮᠡᠨ᠎ᠳᠡᠭᠡᠨ ᠦᠢᠯᠡᠴᠢᠯᠡᠭᠴᠢ
2025-11-28 21:55:40
ᠵᠣᠬᠢᠶᠠᠭ᠍ᠴᠢ᠄
ᠰᠠᠴᠤᠷᠠᠨᠭᠭᠤᠢ ᠴᠡᠯᠡᠬᠡᠷ ᠠᠳᠢᠶ᠎ᠠ ᠯᠠᠢ ᠳᠤᠶᠠᠭ᠎ᠠ
ᠣᠩᠱᠢᠭ᠍ᠰᠠᠨ ᠣᠳᠠᠭ᠎ᠠ᠄
★★★☆☆

—— ᠳᠦᠡᠭᠯᠢᠶᠤᠤ ᠬᠤᠳᠠ ᠵᠢᠨ ᠬᠤᠷᠴᠢᠨ ᠵᠡᠬᠦᠨ ᠭᠠᠷᠤᠨ ᠬᠤᠢᠳᠦ ᠬᠤᠰᠢᠭᠤᠨ᠎ᠤ ᠮᠤᠳᠤᠳᠤ ᠰᠤᠮᠤ ᠵᠢᠨ ᠰᠢᠨ᠎ᠡ ᠠᠢᠯ ᠭᠠᠴᠠᠭ᠎ᠠ ᠪᠡᠷ ᠨᠤᠲᠤᠭᠲᠠᠢ ᠵᠠᠯᠠᠭᠤ ᠠᠵᠦ ᠠᠬᠤᠢᠯᠠᠯᠲᠠᠨ ᠡᠦ᠎ᠳᠠ ᠹᠠ ᠵᠢ ᠲᠡᠮᠲᠡᠭᠯᠡᠪᠡ


 ᠬᠦᠮᠦᠨ ᠎ᠤ ᠠᠮᠢᠳᠤᠷᠠᠯ ᠪᠤᠯ ᠨᠢᠬᠡ ᠶᠤᠰᠤᠨ ᠎ᠤ ᠨᠠᠷᠠᠨ ᠵᠦᠭ ᠎ᠤᠨ ᠠᠶᠠᠯᠠᠯ᠂ ᠦᠬᠦᠯ ᠬᠢᠬᠡᠳ ᠬᠦᠨᠭᠭᠡᠵᠢᠯ ᠪᠤᠯ ᠴᠠᠭ ᠵᠠᠢ ᠵᠢᠨ ᠬᠤᠶᠠᠷ ᠬᠦᠷᠲᠦ᠂ ᠭᠠᠭᠴᠠ ᠎ᠬᠦ  ᠰᠥᠨ ᠴᠠᠭᠠᠨ ᠬᠠᠢᠷ᠎ᠠ ᠯᠠ ᠮᠦᠨᠭᠭᠡ ᠲᠦᠰᠢᠬᠦ ᠦᠨᠢ ᠵᠢᠨ ᠠᠷᠠᠯ ᠪᠠᠢᠬᠤ ᠤᠴᠢᠷᠲᠠᠢ᠃ ᠲᠡᠢᠮᠦ ᠡ᠂ ᠬᠦᠮᠦᠨ ᠎ᠤ ᠬᠤᠷᠸ᠎ᠠ ᠶᠠᠭᠤ ᠪᠡᠷ ᠲᠤᠲᠠᠭᠰᠠᠨ ᠴᠤ᠌ ᠬᠠᠢᠷ᠎ᠠ ᠪᠡᠷ ᠲᠤᠲᠠᠵᠦ ᠪᠤᠯᠬᠤ ᠦᠬᠡᠢ᠂ ᠠᠮᠢᠳᠤᠷᠠᠯ ᠬᠠᠢᠷ᠎ᠠ ᠳᠡᠭᠡᠷ᠎ᠡ ᠲᠤᠭᠲᠠᠲᠠᠭ ᠭᠡᠵᠦ ᠪᠢᠳᠡ ᠦᠷᠬᠦᠯᠵᠢ ᠳᠠᠭᠤᠯᠠᠳᠠᠭ᠃ ᠶᠠᠭ ᠲᠡᠢᠮᠦ ᠪᠡᠷ ᠵᠢᠨᠨ ᠠᠮᠢᠳᠦ ᠶᠠᠪᠤᠬᠤ ᠵᠢ ᠦᠷᠦᠭᠡᠯ ᠪᠤᠰᠤᠳ ᠲᠤ᠌ ᠬᠠᠢᠷ᠎ᠠ ᠲᠦᠭᠡᠭᠡᠬᠦ ᠵᠢᠨ ᠨᠡᠷ᠎ᠡ᠂ ᠠᠵᠠ ᠵᠢᠷᠭᠠᠯ ᠎ᠢ ᠪᠤᠰᠤᠳ ᠡᠴᠡ ᠬᠠᠯᠠᠮᠵᠢ ᠬᠦᠯᠢᠶᠡᠬᠦ ᠵᠢᠨ ᠨᠡᠷ᠎ᠡ ᠭᠡᠵᠦ ᠤᠢᠯᠠᠭᠠᠳᠠᠭ ᠬᠦᠮᠦᠰ ᠮᠠᠨ ᠎ᠤ ᠳᠤᠮᠳᠠ ᠮᠤᠨᠭᠳᠠᠬᠤ ᠪᠢᠰᠢ᠂ ᠲᠡᠢᠮᠦ ᠬᠦᠮᠦᠰ᠎ᠤᠨ ᠨᠢᠬᠡ ᠨᠢ ᠡᠦ᠎ᠳᠠ ᠹᠠ ᠭᠡᠳᠡᠭ ᠮᠤᠨᠭᠭᠤᠯ ᠵᠠᠯᠠᠭᠤ ᠪᠢᠯᠡ᠃


ᠦᠰᠪᠦᠷᠢ ᠪᠠᠭ᠎ᠠ ᠡᠴᠡ ᠪᠠᠨ ᠦᠨᠡᠨᠴᠢ ᠰᠢᠳᠤᠷᠭᠤ ᠢᠲᠡᠭᠡᠯ ᠵᠢᠷᠤᠮ ᠲᠠᠢ ᠬᠦᠮᠦᠵᠢᠭᠳᠡᠪᠡ


ᠡᠦ ᠎ᠳᠠ ᠹᠠ 1995 ᠤᠨ ᠎ᠳᠤ ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠎ᠤ ᠮᠤᠳᠤᠳᠤ ᠰᠤᠮᠤ ᠵᠢᠨ ᠰᠢᠨ᠎ᠡ ᠠᠢᠯ ᠭᠠᠴᠠᠭ᠎ᠠ᠎ᠳᠤ ᠵᠢᠷ ᠎ᠤᠨ ᠲᠠᠷᠢᠶᠠᠴᠢᠨ ᠡᠦ ᠬᠤᠤᠰᠪᠠᠭᠠᠨ᠎ᠠ ᠪᠤᠯᠤᠨ ᠬᠠᠢ ᠶᠢᠡᠭ ᠎ᠤᠨ ᠭᠤᠷᠪᠠᠨ ᠬᠡᠦᠬᠡᠳ ᠎ᠤᠨ ᠬᠢᠨᠢ ᠤᠳᠬᠤᠨ ᠨᠢ ᠪᠤᠯᠵᠦ ᠵᠠᠶᠠᠭᠠᠵᠠᠢ᠃ ᠲᠡᠬᠦᠨ᠎ᠳᠤ ᠬᠤᠶᠠᠷ ᠡᠭᠡᠴᠢ ᠲᠠᠢ ᠪᠠᠢᠵᠦ᠂ ᠭᠠᠯ ᠭᠤᠯᠤᠮᠳᠠ ᠪᠠᠨ ᠵᠠᠯᠭᠠᠬᠤ ᠬᠦᠦ ᠲᠠᠢ ᠪᠤᠯᠤᠭᠰᠠᠨ ᠠᠪᠤ ᠡᠵᠢ  ᠵᠢᠨ ᠬᠢᠨᠢ ᠪᠠᠶᠠᠷᠯᠠᠭᠰᠠᠨ᠎ᠢ ᠬᠡᠯᠡᠬᠦ ᠶᠠᠭᠤᠨ⁈ ᠦᠪᠡᠷᠰᠡᠳ ᠵᠢᠨᠨ ᠶᠠᠳᠠᠭᠤ ᠵᠦᠳᠡᠬᠦᠦ ᠠᠮᠢᠳᠤᠷᠠᠵᠦ ᠪᠠᠢᠪᠠᠴᠦ ᠦᠷ᠎ᠡ ᠬᠡᠦᠬᠡᠳ ᠎ᠤᠨ ᠵᠢᠨᠨ ᠪᠠᠶᠠᠷ ᠵᠢᠷᠭᠠᠯᠲᠠᠢ ᠪᠠᠶᠠᠨ ᠴᠢᠨᠡᠭᠡᠯᠢᠭ ᠠᠮᠢᠳᠤᠷᠠᠬᠤ ᠵᠢ ᠨᠢ ᠵᠦᠨᠭᠨᠡᠨ ᠪᠡᠯᠬᠡᠳᠡᠵᠦ ᠵᠦᠢᠴᠢᠯᠡᠨ ᠪᠤᠳᠤᠳᠠᠭ ᠨᠢ ᠠᠪᠤ ᠡᠵᠢ ᠪᠤᠯᠤᠭᠰᠠᠳ ᠎ᠤᠨ ᠠᠷᠢᠭᠤᠨ ᠬᠠᠢᠷ᠎ᠠ ᠨᠠᠨᠳᠢᠨ ᠰᠡᠳᠬᠢᠯ ᠪᠠᠢᠳᠠᠭ ᠪᠤᠯᠬᠤᠷ ᠲᠡᠳᠡ ᠡᠨᠭᠬᠦᠷᠡᠢ ᠬᠦᠦ ᠎ᠳᠡᠭᠡᠨ 《ᠡᠦ ᠎ᠳᠠ ᠹᠠ》 ᠬᠡᠮᠡᠬᠦ ᠪᠡᠯᠬᠡᠲᠦ ᠨᠡᠷ᠎ᠡ ᠬᠠᠢᠷᠠᠯᠠᠵᠠᠢ᠃ ᠡᠦ ᠎ᠳᠠ ᠹᠠ ᠪᠠᠭ᠎ᠠ ᠡᠴᠡ ᠪᠠᠨ ᠬᠤᠷᠴᠠ ᠰᠡᠷᠬᠦᠯᠡᠡᠭ ᠬᠡᠦᠬᠡᠳ ᠪᠠᠢᠵᠦ᠂ ᠰᠤᠷᠭᠠᠭᠤᠯᠢ ᠎ᠳᠤ ᠤᠷᠤᠭᠰᠠᠨ ᠎ᠤ ᠳᠠᠷᠠᠭ᠎ᠠ ᠦᠨᠡᠨᠴᠢ ᠰᠢᠳᠤᠷᠭᠤ ᠢᠲᠡᠭᠡᠯ ᠵᠢᠷᠤᠮ ᠲᠠᠢ ᠪᠡᠷ ᠵᠢᠨᠨ ᠪᠠᠭᠰᠢ ᠨᠦᠬᠦᠳ ᠎ᠤᠨ ᠵᠢᠨᠨ ᠬᠠᠢᠷ᠎ᠠ ᠪᠠᠬᠠᠷᠬᠠᠯ ᠎ᠢ ᠬᠦᠷᠲᠡᠵᠦ ᠶᠠᠪᠤᠵᠠᠢ᠃

ᠡᠦ ᠎ᠳᠠ ᠹᠠ ᠪᠠᠭ᠎ᠠ ᠡᠴᠡ ᠪᠠᠨ ᠦᠪᠡᠷ ᠎ᠢ ᠪᠠᠨ 《ᠰᠠᠢᠨ ᠬᠦᠮᠦᠨ ᠎ᠤ ᠦᠷ᠎ᠡ᠂ ᠰᠦᠲᠦ ᠬᠡᠬᠦᠦ ᠵᠢᠨ ᠤᠨᠠᠭ᠎ᠠ》 ᠭᠡᠵᠦ ᠪᠤᠳᠤᠵᠦ ᠶᠠᠪᠤᠳᠠᠭ᠃ ᠲᠡᠷᠡ ᠬᠡᠳᠦᠢᠪᠡᠷ ᠡᠪᠦᠬᠡ ᠪᠠᠨ ᠤᠯᠵᠦ ᠦᠵᠡᠭᠰᠡᠨ ᠦᠬᠡᠢ ᠪᠤᠯᠪᠠᠴᠦ ᠡᠪᠦᠬᠡ ᠵᠢᠨ ᠵᠢᠨᠨ ᠤᠯᠠᠨ ᠲᠦᠮᠡᠨ ᠎ᠳᠤ ᠦᠢᠯᠡᠴᠢᠯᠡᠵᠦ ᠶᠠᠪᠤᠭᠰᠠᠨ ᠲᠡᠳᠡᠭᠡᠷ ᠤᠯᠠᠨ ᠦᠯᠢᠬᠡᠷ ᠦᠢᠯᠡ ᠶᠠᠪᠤᠳᠠᠯ  ᠎ᠢ ᠨᠢ ᠰᠤᠨᠤᠰᠴᠤ ᠦᠰᠴᠡᠢ᠃ ᠡᠦ ᠎ᠳᠠ ᠹᠠ ᠵᠢᠨ ᠡᠪᠦᠬᠡ ᠮᠤᠯᠵᠠᠪ ᠭᠡᠭᠴᠢ ᠮᠠᠯ ᠎ᠤᠨ ᠡᠮᠴᠢ ᠵᠢᠨ ᠮᠡᠷᠭᠡᠵᠢᠯ ᠲᠠᠢ ᠬᠦᠮᠦᠨ ᠪᠠᠢᠵᠦ᠂ ᠠᠮᠢᠳᠤᠷᠠᠯ ᠎ᠤᠨ ᠨᠦᠬᠦᠴᠡᠯ ᠠᠨᠠᠢ᠂ ᠡᠮ ᠲᠠᠡᠭ ᠬᠤᠪᠤᠷ ᠪᠠᠢᠭᠰᠠᠨ ᠲᠤᠬᠠᠢ ᠵᠢᠨ ᠦᠶ᠎ᠠ  ᠎ᠳᠤ ᠳᠤᠮ ᠵᠠᠰᠠᠯᠭ᠎ᠠ ᠪᠡᠷ ᠎ᠢᠶᠡᠨ ᠨᠤᠲᠤᠭ ᠎ᠤᠨ ᠤᠯᠠᠨ ᠎ᠤ ᠪᠠᠨ ᠮᠠᠯ ᠤᠨᠤᠭ᠎ᠠ ᠵᠢ ᠡᠮᠨᠡᠨ ᠵᠠᠰᠠᠵᠦ᠂  ᠠᠴᠢ ᠲᠤᠰᠠ ᠪᠠᠨ ᠦᠵᠡᠬᠦᠯᠵᠦ ᠶᠠᠪᠤᠭᠰᠠᠨ ᠪᠤᠶᠠᠨᠲᠤ ᠪᠤᠭᠤᠷᠤᠯ ᠠᠵᠢ᠃ ᠨᠢᠬᠡ  ᠵᠢᠯ ᠭᠡᠨᠡᠳᠳᠡ ᠮᠤᠷᠢᠨ ᠎ᠤ ᠬᠢᠵᠢᠭ ᠳᠡᠯᠬᠡᠷᠡᠭᠰᠡᠨ ᠎ᠳᠤ᠂ ᠮᠤᠯᠵᠠᠪ ᠭᠤᠸᠠᠢ ᠭᠠᠷ ᠎ᠤᠨ ᠡᠷᠳᠡᠮ ᠵᠢᠨᠨ ᠭᠠᠷᠭᠠᠵᠦ ᠠᠢᠯ ᠠᠢᠮᠠᠬ ᠎ᠤᠨ ᠵᠢᠨᠨ  ᠠᠮᠢ ᠭᠤᠤᠯ ᠲᠠᠢ ᠪᠠᠨ ᠬᠤᠯᠪᠤᠭᠰᠠᠨ ᠬᠦᠯᠦᠰᠢᠨ ᠤᠨᠤᠭ᠎ᠠ ᠨᠤᠭᠤᠳ ᠎ᠢ ᠡᠮᠨᠡᠨ ᠡᠳᠡᠭᠡᠷᠡᠬᠦᠯᠵᠦ ᠠᠪᠤᠭᠰᠠᠨ ᠰᠠᠢᠬᠠᠨ ᠳᠤᠷᠠᠰᠤᠮᠵᠢ ᠲᠠᠢ᠃ ᠡᠦ ᠎ᠳᠠ ᠹᠠ ᠵᠢᠨ ᠠᠪᠤ ᠡᠦ ᠬᠤᠤᠰᠪᠠᠭᠠᠨ᠎ᠠ ᠭᠤᠷᠪᠠᠨ ᠨᠠᠰᠤᠲᠠᠢ ᠎ᠳᠠᠭᠠᠨ ᠬᠡᠦᠬᠡᠳ ᠎ᠤᠨ ᠲᠠᠬᠤᠯ ᠎ᠳᠤ ᠨᠡᠷᠪᠡᠭᠳᠡᠵᠦ᠂ ᠡᠪᠡᠳᠴᠢᠨ ᠎ᠤ ᠬᠤᠤᠷ ᠨᠢ ᠬᠦᠯ ᠎ᠳᠤᠨᠢ ᠦᠯᠡᠳᠡᠭᠰᠡᠨ ᠵᠢᠡᠷ ᠪᠠᠭ᠎ᠠ ᠡᠴᠡ ᠪᠠᠨ ᠬᠦᠯ ᠵᠡᠮᠳᠡᠭ ᠪᠤᠯᠵᠠᠢ᠃ ᠬᠦᠨᠳᠦ ᠬᠦᠴᠦᠨ ᠎ᠤ ᠠᠵᠢᠯ ᠬᠢᠵᠦ ᠳᠡᠢᠯᠬᠦ ᠦᠬᠡᠢ ᠪᠤᠯᠬᠤᠷ᠂ ᠬᠤᠤᠰᠪᠠᠭᠠᠨ᠎ᠠ ᠠᠪᠤ ᠡᠴᠡ ᠪᠠᠨ ᠮᠠᠯ ᠎ᠤᠨ ᠡᠮᠴᠢ ᠵᠢᠨ ᠮᠡᠷᠭᠡᠵᠢᠯ ᠰᠤᠷᠴᠦ᠂ ᠠᠬ᠎ᠠ ᠪᠠᠨ ᠳᠠᠭᠠᠵᠦ ᠸᠠᠭᠠᠷᠴᠢᠨ ᠪᠤᠯᠤᠨ ᠮᠤᠳᠤᠨ ᠳᠠᠷᠬᠠᠨ ᠎ᠤ ᠮᠡᠷᠭᠡᠵᠢᠯ ᠡᠵᠡᠮᠰᠢᠵᠡᠢ᠃ ᠨᠢᠬᠡ ᠭᠡᠷ ᠎ᠤᠨ ᠵᠢᠨᠨ ᠨᠤᠶᠠᠨ ᠨᠢᠷᠤᠭᠤ ᠪᠤᠯᠤᠭᠰᠠᠨ ᠲᠡᠷᠡ ᠪᠡᠷ ᠠᠷᠤ ᠭᠡᠷ ᠠᠨᠭᠭ᠎ᠠ ᠬᠡᠦᠬᠡᠳ ᠵᠢᠨᠨ ᠬᠡᠮᠡᠨ ᠵᠡᠮᠳᠡᠭ ᠪᠡᠶ᠎ᠡ ᠪᠠᠨ ᠡᠷᠡᠬᠦᠯ ᠬᠦᠮᠦᠨ ᠡᠴᠡ ᠢᠯᠡᠬᠦᠦ ᠵᠦᠳᠡᠭᠡᠵᠦ᠂ ᠡᠷᠳᠡᠯᠡᠨ ᠤᠷᠤᠢᠯᠠᠵᠤ ᠰᠢᠭᠤᠷᠬᠠᠢᠯᠠᠨ ᠠᠵᠢᠯᠯᠠᠨ ᠬᠡᠲᠦᠷᠬᠡᠢ ᠶᠠᠳᠠᠷᠠᠭᠰᠠᠨ ᠡᠴᠡ ᠪᠤᠯᠵᠦ᠂ ᠪᠡᠶ᠎ᠡ ᠎ᠳᠤᠨᠢ ᠠᠷᠬᠠᠭ ᠬᠡᠮ ᠰᠠᠭᠤᠭᠰᠠᠨ ᠴᠤ᠌ ᠠᠨᠭᠵᠠᠭᠠᠷᠠᠭᠰᠠᠨ ᠦᠬᠡᠢ ᠶᠠᠪᠤᠵᠠᠢ᠃ ᠠᠮᠢᠳᠤᠷᠠᠯ ᠶᠠᠳᠠᠭᠤ ᠴᠤ᠌ ᠦᠷ᠎ᠡ ᠬᠡᠦᠬᠡᠳ ᠵᠢᠨᠨ ᠡᠷᠳᠡᠮ ᠮᠡᠳᠡᠯᠬᠡ ᠲᠠᠢ ᠬᠦᠮᠦᠨ ᠪᠤᠯᠭᠠᠨ ᠬᠦᠮᠦᠵᠢᠬᠦᠯᠦᠶ᠎ᠡ ᠬᠡᠮᠡᠨ ᠬᠦᠮᠦᠬᠡᠢ ᠪᠠᠨ ᠵᠠᠭᠤᠵᠦ ᠬᠦᠴᠦᠯᠡᠨ ᠴᠢᠷᠮᠠᠢᠭᠰᠠᠭᠠᠷ ᠪᠠᠢᠵᠦ᠂ ᠰᠡᠬᠦᠯᠳᠡᠵᠦ ᠢᠷᠡᠬᠦ ᠎ᠳᠤ ᠡᠪᠡᠳᠴᠢᠨ ᠨᠢ ᠤᠯᠠᠮ ᠬᠦᠨᠳᠦᠷᠡᠵᠦ ᠵᠠᠰᠠᠯᠭ᠎ᠠ ᠠᠪᠬᠤ ᠪᠠᠨ ᠪᠠᠢᠵᠦ᠂ ᠲᠠᠪᠢᠨ ᠬᠤᠶᠠᠷᠬᠠᠨ ᠨᠠᠰᠤᠨ ᠎ᠳᠠᠭᠠᠨ ᠶᠢᠷᠳᠢᠨᠴᠤ ᠵᠢᠨ ᠮᠦᠨᠭᠭᠡ ᠪᠤᠰᠤ ᠵᠢ ᠦᠵᠡᠬᠦᠯᠵᠡᠢ᠃ ᠠᠪᠤ ᠨᠢ ᠨᠠᠰᠤ ᠪᠠᠷᠠᠲᠠᠯ᠎ᠠ ᠪᠠᠨ ᠪᠤᠰᠤᠳ ᠲᠤ᠌ ᠱᠡᠬᠡᠯᠡᠬᠡ ᠪᠡᠷ ᠠᠵᠢᠯ ᠬᠢᠵᠦ ᠦᠭᠭᠦᠭᠰᠡᠨ ᠵᠤᠭᠤᠰ ᠵᠢᠨᠨ ᠴᠤ᠌ ᠪᠦᠷᠢᠨ ᠤᠯᠵᠦ ᠠᠪᠤᠭᠰᠠᠨ ᠦᠬᠡᠢ ᠭᠡᠳᠡᠭ ᠎ᠢ ᠨᠢ ᠡᠦ ᠎ᠳᠠ ᠹᠠ ᠮᠡᠳᠡᠨ᠎ᠡ᠃ ᠡᠪᠦᠬᠡ ᠪᠤᠯᠤᠨ ᠠᠪᠤ ᠵᠢᠨ ᠬᠢᠨᠢ ᠲᠡᠳᠡᠭᠡᠷ ᠤᠯᠠᠨ ᠦᠯᠢᠬᠡᠷ ᠤᠴᠠᠷᠠᠯ ᠎ᠤᠳ ᠪᠠᠭ᠎ᠠ ᠨᠠᠰᠤᠨ ᠎ᠤ ᠡᠦ ᠎ᠳᠠ ᠹᠠ ᠵᠢ ᠶᠡᠬᠡ ᠪᠡᠷ ᠨᠦᠯᠦᠬᠡᠯᠡᠵᠦ᠂ ᠨᠡᠢᠬᠡᠮ ᠨᠡᠢᠲᠡ ᠎ᠳᠡᠭᠡᠨ ᠲᠤᠰᠠᠲᠠᠢ ᠬᠦᠮᠦᠨ ᠪᠤᠯᠤᠶ᠎ᠠ  ᠭᠡᠰᠡᠨ ᠬᠦᠰᠡᠯ ᠮᠦᠷᠦᠬᠡᠳᠦᠯ ᠲᠠᠢ ᠪᠤᠯᠭᠠᠵᠠᠢ᠃ 

2013 ᠤᠨ ᠎ᠤ ᠠᠷᠭ᠎ᠠ ᠵᠢᠨ ᠤᠯᠠᠷᠢᠯ ᠎ᠤᠨ 6 ᠰᠠᠷ᠎ᠠ ᠵᠢᠨ 22 ᠎ᠤᠨ ᠡᠳᠦᠷ ᠎ᠢ ᠡᠦ ᠎ᠳᠠ ᠹᠠ  ᠬᠡᠵᠢᠶᠡᠳᠡ ᠮᠠᠷᠳᠠᠵᠦ ᠴᠢᠳᠠᠬᠤ ᠦᠬᠡᠢ᠃  ᠲᠡᠷᠡ ᠡᠳᠦᠷ ᠠᠴᠢᠲᠦ ᠠᠪᠤ ᠵᠢᠨ ᠬᠢᠨᠢ ᠠᠭᠤᠰᠬᠢᠨ ᠡᠪᠡᠳᠴᠢᠨ ᠨᠢ ᠬᠦᠨᠳᠦᠷᠡᠵᠦ᠂ ᠠᠮᠠᠷᠠᠭ ᠬᠡᠷᠭᠡᠢ ᠪᠤᠯᠤᠨ ᠬᠠᠢᠷᠠᠲᠠᠢ ᠭᠤᠷᠪᠠᠨ ᠦᠷ᠎ᠡ ᠪᠠᠨ ᠬᠠᠶᠠᠵᠤ ᠨᠦᠬᠦᠬᠡ ᠶᠢᠷᠲᠢᠨᠴᠦ ᠵᠢ ᠵᠤᠷᠢᠵᠠᠢ᠃ ᠲᠡᠷᠡ ᠦᠶᠡᠰ ᠬᠡᠦᠬᠡᠳ ᠎ᠤᠨ ᠬᠢᠨᠢ ᠤᠳᠬᠤᠨ ᠨᠢ ᠪᠤᠯᠤᠭᠰᠠᠨ ᠡᠦ᠎ᠳᠠ ᠹᠠ ᠠᠷᠠᠢ ᠭᠡᠵᠦ ᠠᠷᠪᠠᠨ ᠨᠠᠢ᠍ᠮᠠ ᠬᠦᠷᠴᠦ ᠪᠠᠢᠭᠰᠠᠨ ᠪᠦᠬᠡᠳ ᠶᠡᠬᠡ ᠰᠤᠷᠭᠠᠭᠤᠯᠢ ᠰᠢᠯᠭᠠᠭᠤᠯᠤᠭᠠᠳ ᠮᠠᠷᠭᠠᠰᠢ ᠨᠢ ᠨᠡᠢᠳᠡᠯᠡᠭᠳᠡᠬᠦ ᠬᠤᠪᠢ ᠪᠠᠨ ᠬᠦᠯᠢᠶᠡᠵᠦ ᠪᠠᠢᠭᠰᠠᠨ ᠠᠵᠢ᠃

— ᠲᠠ ᠨᠠᠷ ᠬᠦᠦ ᠵᠢ ᠮᠢᠨᠢ ᠶᠠᠭᠠᠬᠢᠬᠰᠠᠨ ᠴᠤ᠌ ᠶᠡᠬᠡ ᠰᠤᠷᠭᠠᠭᠤᠯᠢ ᠎ᠳᠤᠨᠢ  ᠶᠠᠪᠤᠭᠤᠯᠤᠭᠠᠳ ᠲᠡᠭᠡ ᠎ᠳᠠ᠂ ᠪᠢ ᠲᠠ ᠨᠠᠷ ᠎ᠢ ᠭᠤᠶᠤᠶ᠎ᠠ ᠁ ᠭᠡᠳ ᠠᠪᠤ ᠨᠢ ᠠᠮᠢᠰᠬᠤᠯ ᠬᠤᠷᠢᠶᠠᠪᠠ᠃  ᠲᠦᠷᠦᠯ ᠰᠠᠲᠤᠨ ᠨᠢ ᠠᠪᠤ ᠵᠢᠨ ᠬᠢᠨᠢ ᠦᠬᠡ ᠵᠢ ᠭᠠᠵᠠᠷᠳᠠᠭᠤᠯᠤᠭᠰᠠᠨ ᠦᠬᠡᠢ᠂ ᠡᠦ᠎ᠳᠠ ᠹᠠ ᠵᠢ ᠶᠡᠬᠡ ᠰᠤᠷᠭᠠᠭᠤᠯᠢ ᠎ᠳᠤ ᠶᠠᠪᠤᠬᠤ ᠦᠶᠡᠰ ᠬᠤᠪᠢ ᠬᠤᠪᠢᠨ ᠎ᠤ ᠴᠢᠳᠠᠯ ᠎ᠤᠨ ᠬᠢᠷᠢ ᠪᠡᠷ ᠵᠢᠨᠨ ᠬᠠᠪᠰᠤᠷᠤᠨ ᠳᠡᠮᠵᠢᠪᠠ᠃ ᠠᠩᠭᠢ ᠵᠢᠨ ᠡᠷᠬᠢᠯᠡᠭᠴᠢ᠂ ᠰᠤᠷᠭᠠᠭᠤᠯᠢ᠂  ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠎ᠤ ᠤᠯᠠᠭᠠᠨ ᠵᠠᠭᠠᠯᠮᠠᠢᠲᠠᠨ ᠎ᠤ ᠨᠡᠢᠭᠡᠮᠯᠢᠭ᠂ ᠲᠦᠭᠡᠭᠡᠯ ᠤᠰᠤᠨ ᠎ᠤ ᠺᠤᠮᠫᠠᠨᠢ ᠵᠢᠨ ᠵᠤᠤ ᠠᠪᠠᠭ᠎ᠠ ᠁ ᠵᠡᠷᠭᠡ ᠰᠠᠲᠤᠨ ᠲᠦᠷᠦᠯ ᠪᠤᠯᠤᠨ ᠬᠠᠯᠠᠭᠤᠨ ᠰᠡᠳᠬᠢᠯᠲᠦ ᠬᠦᠮᠦᠰ ᠎ᠤᠨ ᠵᠢᠨᠨ ᠬᠠᠪᠰᠤᠷᠤᠯᠭ᠎ᠠ ᠳᠡᠮᠵᠢᠯᠭᠡ ᠪᠡᠷ ᠡᠦ ᠎ᠳᠠ ᠹᠠ ᠶᠡᠬᠡ ᠰᠤᠷᠭᠠᠭᠤᠯᠢ ᠵᠢᠨ ᠠᠯᠳᠠᠨ ᠪᠤᠱᠤᠭ᠎ᠠ ᠵᠢ ᠠᠯᠬᠤᠵᠠᠢ᠃  ᠶᠡᠬᠡ ᠰᠤᠷᠭᠠᠭᠤᠯᠢ ᠎ᠳᠤ ᠶᠠᠪᠤᠬᠤ ᠡᠴᠡ ᠪᠠᠨ ᠡᠮᠦᠨ᠎ᠡ᠂ ᠳᠠᠷᠠ ᠨᠢᠬᠡᠨ ᠬᠤᠭᠤᠯᠠᠨ ᠭᠡᠷ ᠲᠤ᠌ ᠪᠠᠰᠠ 40 ᠡᠳᠦᠷ ᠦᠢᠯᠡᠴᠢᠯᠡᠭᠴᠢ ᠪᠡᠷ ᠠᠵᠢᠯᠯᠠᠵᠦ ᠦᠨᠭᠭᠡᠷᠡᠵᠡᠢ᠃ ᠦᠨᠡᠨ ᠎ᠳᠡᠭᠡᠨ ᠲᠡᠬᠦᠨ ᠎ᠤ ᠤᠯᠬᠤ ᠴᠠᠯᠢᠡᠭ ᠨᠢ 1800 ᠲᠦᠬᠦᠷᠢᠭ ᠪᠠᠢᠪᠠ᠂ ᠡᠦ ᠎ᠳᠠ ᠹᠠ ᠵᠢ ᠠᠵᠢᠯ ᠎ᠢᠶᠡᠨ ᠬᠠᠷᠢᠭᠤᠴᠠᠯᠭ᠎ᠠ ᠲᠠᠢ ᠰᠠᠢᠬᠠᠨ  ᠬᠢᠯ᠎ᠠ ᠬᠡᠮᠡᠨ ᠵᠠᠨᠭᠭᠤᠢᠳᠠ ᠨᠢ 200 ᠲᠦᠬᠦᠷᠢᠭ ᠨᠡᠮᠡᠵᠦ ᠱᠠᠨᠭᠨᠠᠭᠰᠠᠨ ᠭᠡᠳᠡᠭ᠃ ᠡᠦ ᠎ᠳᠠ ᠹᠠ ᠭᠡᠭᠴᠢ ᠲᠡᠢᠮᠦ ᠯᠠ ᠦᠨᠡᠨᠴᠢ ᠰᠢᠳᠤᠷᠭᠤ᠂ ᠢᠲᠡᠭᠡᠯ ᠵᠢᠷᠤᠮ ᠎ᠢ ᠡᠷᠬᠢᠮᠯᠡᠳᠡᠭ ᠰᠠᠢᠨ ᠵᠠᠯᠠᠭᠤ ᠪᠤᠯᠬᠤᠷ᠂ ᠬᠠᠮᠢᠭ᠎ᠠ ᠶᠠᠪᠤᠭᠰᠠᠨ ᠴᠤ᠌ ᠪᠤᠰᠤᠳ ᠎ᠤᠨ ᠬᠠᠢᠷ᠎ᠠ ᠪᠠᠬᠠᠷᠬᠠᠯ ᠎ᠢ ᠤᠯᠳᠠᠭ ᠪᠠᠢᠯ᠎ᠠ ᠃ ᠳᠠᠭᠠᠷᠠᠤᠬᠠᠨ ᠠᠮᠢᠳᠤᠷᠠᠯ ᠲᠠᠢ ᠶᠠᠳᠠᠭᠤᠬᠠᠨ ᠠᠢᠯ ᠎ᠳᠤ ᠲᠦᠷᠦᠵᠦ ᠦᠰᠦᠭᠰᠡᠨ ᠲᠡᠷᠡ ᠪᠡᠷ ᠲᠦᠷᠦᠯ ᠰᠠᠲᠤᠨ᠂ ᠨᠡᠢᠬᠡᠮ ᠨᠡᠢᠲᠡ ᠵᠢᠨ ᠬᠠᠢᠷ᠎ᠠ ᠬᠠᠯᠠᠮᠵᠢ ᠪᠡᠷ ᠰᠤᠷᠭᠠᠭᠤᠯᠢ ᠰᠤᠶᠤᠯ ᠎ᠤᠨ ᠮᠦᠷ ᠎ᠢ ᠬᠦᠭᠡᠭᠡᠵᠦ ᠶᠠᠪᠤᠬᠤ᠎ᠳᠠᠭᠠᠨ ᠬᠤᠵᠢᠮ ᠨᠢᠬᠡ ᠡᠳᠦᠷ ᠴᠢᠳᠠᠯ ᠤᠷᠤᠭᠰᠠᠭᠠᠷ ᠲᠡᠳᠡᠭᠡᠷ ᠬᠦᠮᠦᠰ ᠎ᠤᠨ ᠵᠢᠨᠨ ᠠᠴᠢ ᠲᠤᠰᠠ ᠵᠢ ᠬᠠᠷᠢᠭᠤᠯᠠᠨ᠎ᠠ᠎ᠳᠠ ᠭᠡᠵᠦ ᠬᠠᠳᠠᠭᠤᠬᠠᠨ ᠪᠤᠳᠤᠳᠠᠭ ᠪᠠᠢᠵᠠᠢ᠃

ᠦᠪᠦᠷ ᠮᠤᠨᠭᠭᠤᠯ ᠎ᠤᠨ ᠪᠠᠭᠰᠢ ᠵᠢᠨ ᠶᠡᠬᠡ ᠰᠤᠷᠭᠠᠭᠤᠯᠢ ᠵᠢᠨ ᠤᠷᠠᠨ ᠵᠢᠷᠤᠭ ᠎ᠤᠨ ᠰᠠᠯᠪᠤᠷᠢ ᠎ᠳᠤ ᠰᠢᠯᠭᠠᠨ ᠤᠷᠤᠭᠰᠠᠨ ᠡᠦ ᠎ᠳᠠ  ᠹᠠ ᠬᠢᠴᠢᠶᠡᠯ ᠰᠤᠷᠤᠯᠭ᠎ᠠ ᠎ᠳᠠᠭᠠᠨ ᠰᠢᠮᠳᠠᠬᠤ ᠵᠢᠨ ᠳᠠᠭᠠᠤ ᠠᠮᠢᠳᠤᠷᠠᠯ ᠎ᠤᠨ ᠵᠠᠷᠤᠳᠠᠯ ᠵᠢᠨᠨ ᠠᠷᠭᠠᠴᠠᠭᠠᠬᠤ ᠵᠢᠨ ᠲᠦᠯᠦᠬᠡ᠂ ᠬᠤᠭᠤᠯᠠᠨ ᠭᠡᠷ ᠲᠤ᠌ ᠠᠶᠠᠭ᠎ᠠ ᠫᠢᠯᠠ ᠵᠦᠬᠡᠬᠡᠬᠦ ᠡᠴᠡ  ᠪᠠᠷᠢᠯᠭ᠎ᠠ ᠵᠢᠨ ᠭᠠᠵᠠᠷ ᠲᠤᠭᠤᠰᠬ᠎ᠠ ᠵᠦᠬᠡᠬᠡᠪᠦᠷᠢᠯᠡᠬᠦ ᠬᠦᠷᠳᠡᠯ᠎ᠡ᠂ ᠡᠯ᠎ᠠ ᠵᠦᠢᠯ ᠎ᠤᠨ ᠬᠦᠨᠳᠦ ᠬᠦᠴᠢᠷ ᠬᠦᠴᠦᠨ ᠎ᠤ ᠠᠵᠢᠯ ᠎ᠤᠳ ᠎ᠢ ᠪᠦᠷ ᠬᠢᠵᠦ ᠦᠵᠡᠪᠡ᠃ ᠲᠡᠷᠡ ᠪᠠᠰᠠ ᠰᠤᠷᠭᠠᠭᠤᠯᠢ ᠡᠬᠢᠯᠡᠬᠦ ᠦᠶᠡᠰ᠂ ᠰᠢᠨ᠎ᠡ ᠤᠶᠤᠳᠠᠳ ᠲᠤ᠌ ᠬᠦᠨᠵᠢᠯᠡ ᠳᠡᠪᠢᠰᠭᠡᠷ ᠬᠤᠳᠠᠯᠳᠤᠬᠤ ᠭᠡᠬᠦ ᠮᠡᠲᠦ ᠪᠡᠷ ᠪᠠᠭ᠎ᠠ ᠰᠠᠭ᠎ᠠ ᠤᠷᠤᠯᠭ᠎ᠠ ᠤᠯᠵᠦ᠂ ᠡᠳᠦᠷ ᠲᠤᠳᠤᠮ ᠎ᠤᠨ ᠵᠠᠷᠤᠳᠠᠯ ᠵᠢᠨᠨ ᠠᠷᠭᠠᠴᠠᠭᠠᠵᠤ ᠪᠠᠢᠪᠠ᠃  ᠶᠡᠬᠡ ᠰᠤᠷᠭᠠᠭᠤᠯᠢ ᠵᠢᠨ ᠬᠤᠶᠠᠳᠤᠭᠠᠷ ᠤᠨ ᠡᠴᠡ ᠪᠠᠨ ᠡᠬᠢᠯᠡᠨ ᠡᠦ ᠎ᠳᠠ ᠹᠠ ᠠᠷᠤ ᠭᠡᠷ ᠡᠴᠡ ᠪᠠᠨ ᠵᠤᠭᠤᠰ ᠠᠪᠤᠭᠰᠠᠨ ᠦᠬᠡᠢ ᠪᠡᠷ ᠶᠡᠬᠡ ᠰᠤᠷᠭᠠᠭᠤᠯᠢ ᠪᠠᠨ ᠲᠡᠬᠦᠰᠭᠡᠬᠦ ᠦᠶ᠎ᠡ ᠎ᠳᠤ ᠪᠠᠰᠠ ᠦᠪᠡᠷ ᠎ᠤᠨ ᠭᠡᠬᠦ ᠵᠢᠭᠠᠬᠠᠨ ᠬᠠᠳᠠᠭᠠᠯᠠᠮᠵᠢ ᠲᠠᠢ ᠪᠤᠯᠵᠦ ᠠᠮᠵᠢᠭᠰᠠᠨ ᠭᠡᠳᠡᠭ᠃


ᠡᠷᠡᠬᠦᠯ ᠢᠳᠡᠭᠡᠨ ᠎ᠤ ᠦᠢᠯᠡᠰ ᠡᠷᠬᠢᠯᠡᠵᠦ ᠤᠯᠠᠨ ᠲᠦᠮᠡᠨ ᠎ᠳᠡᠭᠡᠨ ᠦᠢᠯᠡᠴᠢᠯᠡᠪᠡ


ᠶᠡᠬᠡ ᠰᠤᠷᠭᠠᠭᠤᠯᠢ ᠪᠠᠨ ᠲᠡᠬᠦᠰᠭᠡᠭᠰᠡᠨ ᠡᠦ ᠎ᠳᠠ ᠹᠠ ᠲᠤᠭᠲᠠᠭᠰᠠᠨ ᠠᠵᠢᠯ ᠡᠷᠢᠬᠦ ᠵᠢ ᠪᠤᠳᠤᠭᠰᠠᠨ ᠦᠬᠡᠢ᠂ ᠬᠠᠷᠢᠨ ᠬᠤᠪᠢ ᠪᠡᠷ ᠵᠢᠨᠨ ᠨᠢᠬᠡᠨ ᠦᠢᠯᠡᠰ ᠡᠷᠬᠢᠯᠡᠬᠦ ᠬᠦᠰᠡᠯ ᠲᠠᠢ ᠪᠠᠢᠪᠠ᠃ ᠭᠡᠪᠡᠴᠦ ᠴᠤᠬᠤᠮ ᠶᠠᠭᠤ ᠬᠢᠬᠦ ᠪᠠᠨ ᠤᠯᠬᠤ ᠦᠬᠡᠢ ᠪᠤᠯᠬᠤᠷ ᠨᠢᠬᠡ ᠵᠢᠯ ᠵᠦᠬᠡᠷ ᠰᠠᠭᠤᠭᠰᠠᠨ ᠭᠡᠳᠡᠭ᠃ ᠰᠠᠶᠢᠬᠠᠨ ᠰᠤᠷᠭᠠᠭᠤᠯᠢ ᠲᠡᠬᠦᠰᠦᠭᠰᠡᠨ ᠡᠦ ᠎ᠳᠠ ᠹᠠ ᠎ᠳᠤ ᠠᠪᠴᠦ ᠬᠡᠯᠡᠪᠡᠯ᠂ ᠨᠡᠢᠬᠡᠮ ᠭᠡᠳᠡᠭ ᠬᠦᠯ ᠦᠬᠡᠢ ᠶᠡᠬᠡ ᠳᠠᠯᠠᠢ ᠮᠡᠲᠦ ᠰᠠᠨᠠᠭᠳᠠᠵᠦ᠂ ᠴᠤᠬᠤᠮ ᠬᠠᠮᠢᠭ᠎ᠠ ᠨᠢ ᠶᠠᠭᠠᠬᠢᠵᠦ ᠬᠦᠯ ᠲᠠᠯᠪᠢᠬᠤ ᠪᠠᠨ ᠤᠯᠬᠤ ᠦᠬᠡᠢ ᠮᠡᠨᠭᠳᠡᠬᠦᠷᠡᠪᠡ᠃ ᠰᠡᠬᠦᠯ ᠎ᠳᠤᠨᠢ ᠳᠠᠷᠠ ᠰᠦᠯᠵᠢᠶᠡᠨ ᠳᠡᠭᠡᠷ᠎ᠡ ᠡᠴᠡ ᠲᠠᠪᠤᠨ ᠲᠠᠷᠢᠶᠠᠨ ᠦᠷ᠎ᠡ ᠪᠡᠷ ᠡᠷᠡᠬᠦᠯ ᠢᠳᠡᠭᠡᠨ ᠬᠢᠬᠦ ᠡᠷᠲᠡᠨ ᠎ᠤ ᠵᠤᠷ ᠎ᠢ ᠤᠯᠵᠦ ᠦᠵᠡᠬᠡᠳ ᠲᠡᠬᠦᠨ ᠎ᠢ ᠬᠢᠵᠤ ᠬᠤᠳᠠᠯᠳᠤᠬᠤ ᠪᠤᠳᠤᠯ ᠤᠷᠤᠪᠠ᠃ ᠪᠤᠳᠤᠪᠠᠯ ᠬᠢᠵᠦ ᠬᠢᠪᠡᠯ ᠪᠦᠲᠦᠭᠡᠬᠦ ᠪᠡᠷ ᠴᠢᠷᠮᠠᠢᠳᠠᠭ ᠨᠢ ᠲᠡᠬᠦᠨ ᠎ᠤ ᠵᠠᠡᠭ ᠡ᠃ 2019 ᠤᠨ ᠎ᠳᠤ ᠡᠦ ᠎ᠳᠠ ᠹᠠ ᠡᠵᠢ ᠪᠤᠯᠤᠨ ᠬᠤᠶᠠᠳᠤᠭᠠᠷ ᠡᠬᠡᠴᠢ ᠲᠠᠢ ᠪᠠᠨ ᠭᠠᠷ ᠲᠠᠭᠠᠨ ᠪᠠᠢᠭᠰᠠᠨ 7000 ᠲᠦᠬᠦᠷᠢᠭ ᠵᠤᠭᠤᠰ ᠵᠢᠡᠷ ᠪᠡᠯᠡ ᠮᠦᠨᠭᠭᠦ ᠪᠤᠯᠭᠠᠵᠦ᠂ ᠳᠦᠡᠭᠯᠢᠶᠤᠤ ᠎ᠳᠤ 20 ᠲᠡᠭᠰᠢ ᠳᠦᠷᠪᠡᠯᠵᠢᠨ ᠮᠧᠲ᠋ᠷ ᠎ᠤᠨ ᠨᠢᠬᠡᠨ ᠲᠡᠷᠭᠡᠨ ᠬᠦᠮᠦᠷᠭᠡ ᠳᠦᠷᠢᠶᠡᠰᠦᠯᠡᠵᠦ᠂ ᠲᠡᠷᠡ ᠎ᠬᠦ ᠡᠷᠳᠡᠨ ᠎ᠤ ᠵᠤᠷ ᠎ᠢᠶᠡᠷ ᠦᠷᠭᠡᠰᠦᠲᠦ ᠬᠡᠮᠬᠡ ᠵᠢᠨ ᠦᠷ᠎ᠡ᠂ ᠰᠢᠯᠦᠬᠡᠢ ᠨᠤᠭᠤᠭᠠᠨ᠎ᠤ ᠦᠷ᠎ᠡ᠂ ᠬᠠᠷ᠎ᠠ ᠴᠢᠨ᠋ᠸ᠎ᠠ ᠵᠢᠨ ᠬᠠᠷᠠᠮᠠᠭ᠂ ᠤᠯᠠᠭᠠᠨ ᠴᠢᠨ᠋ᠸ᠎ᠠ ᠵᠢᠨ ᠬᠠᠷᠠᠮᠠᠭ᠂ ᠳᠤᠯᠤᠨᠤ ᠵᠡᠷᠭᠡ ᠵᠢ ᠬᠠᠭᠤᠷᠴᠦ ᠪᠤᠯᠭᠤᠨ ᠬᠡᠮᠬᠡᠯᠡᠵᠤ ᠨᠢᠴᠠᠯᠤᠭᠰᠠᠨ᠎ᠤ ᠳᠠᠷᠠᠭ᠎ᠠ ᠤᠭᠤᠳᠠᠯᠯᠠᠵᠦ ᠪᠤᠭᠤᠳᠠᠯᠯᠠᠭᠠᠳ ᠰᠢᠭᠤᠳ ᠨᠡᠪᠳᠡᠷᠡᠬᠦᠯᠭᠡ ᠬᠢᠵᠤ  ᠬᠤᠳᠠᠯᠳᠤᠪᠠ᠃

— ᠠᠨᠭᠬ᠎ᠠ ᠡᠬᠢᠨ ᠎ᠳᠡᠭᠡᠨ ᠳᠤᠰ ᠪᠦᠳᠦᠭᠡᠭᠳᠡᠬᠦᠨ ᠎ᠢ ᠬᠦᠮᠦᠰ  ᠳᠡᠮᠡᠢ ᠢᠲᠡᠭᠡᠬᠦ ᠦᠬᠡᠢ ᠪᠠᠢᠵᠦ᠂  ᠲᠡᠢᠮᠦ ᠰᠠᠢᠨ ᠦᠢᠯᠡᠳᠦᠯ ᠳᠠᠢ ᠶᠤᠮ  ᠪᠤᠯ ᠡᠮᠨᠡᠯᠬᠡ ᠵᠢᠨ ᠬᠤᠷᠢᠶ᠎ᠠ ᠪᠦᠷ ᠡᠬᠦᠳᠡ ᠪᠠᠨ ᠬᠠᠭᠠᠴᠢᠬᠠᠬᠤ ᠦᠬᠡᠢ ᠤᠤ?ᠭᠡᠬᠦ ᠮᠡᠲᠦ ᠪᠡᠷ ᠦᠷᠬᠡᠰᠦ ᠰᠢᠪᠦᠬᠡ ᠲᠠᠢ ᠦᠬᠡ ᠬᠡᠯᠡᠵᠦ ᠪᠠᠢᠭᠰᠠᠨ᠃ ᠰᠡᠬᠦᠯ ᠎ᠳᠤᠨᠢ ᠮᠠᠨ ᠎ᠤ ᠪᠦᠲᠦᠭᠡᠭᠳᠡᠬᠦᠨ ᠎ᠢ ᠲᠤᠷᠰᠢᠨ ᠢᠳᠡᠭᠡᠳ ᠪᠡᠶ᠎ᠡ ᠎ᠳᠤᠨᠢ ᠰᠠᠢᠨ ᠢᠯᠡᠷᠡᠯ ᠭᠠᠷᠤᠭᠰᠠᠨ ᠬᠦᠮᠦᠰ ᠳᠠᠬᠢᠨ ᠬᠤᠳᠠᠯᠳᠤᠨ ᠠᠪᠬᠤ ᠭᠡᠳ ᠬᠠᠷ᠎ᠠ ᠦᠷᠯᠦᠬᠡ ᠵᠢᠨ ᠳᠦᠷᠪᠡ ᠲᠠᠪᠤᠨ ᠴᠠᠭ ᠎ᠤᠨ ᠦᠶ᠎ᠡ ᠪᠡᠷ ᠤᠳᠠᠰᠤ ᠢᠷᠡᠴᠢᠭᠡᠳᠡᠭ ᠪᠠᠢᠪᠠ᠃ ᠠᠡᠭᠬᠠᠨ ᠎ᠳᠠᠭᠠᠨ ᠡᠳᠦᠷ ᠲᠤ᠌ ᠬᠡᠳᠦᠨ ᠤᠭᠤᠲᠠ ᠬᠤᠳᠠᠯᠳᠤᠳᠠᠭ ᠪᠠᠢᠭᠰᠠᠨ ᠵᠢᠨᠨ ᠳᠡᠮᠡᠢ ᠤᠳᠠᠭᠰᠠᠨ ᠦᠬᠡᠢ ᠬᠡᠷᠡᠭᠯᠡᠭᠴᠢᠳ ᠤᠯᠠᠰᠢᠷᠠᠵᠦ᠂ ᠬᠡᠷᠡᠭᠴᠡᠭᠡ ᠵᠢ ᠨᠢ ᠬᠠᠡᠭᠭᠠᠵᠤ ᠵᠠᠪᠳᠤᠬᠤ ᠦᠬᠡᠢ ᠪᠤᠯᠤᠬᠰᠠᠨ  ᠭᠡᠵᠦ ᠡᠦ ᠎ᠳᠠ ᠹᠠ ᠲᠤᠬᠠᠢ ᠵᠢᠨ ᠦᠶ᠎ᠡ ᠵᠢᠨ ᠪᠠᠢᠳᠠᠯ ᠵᠢᠨᠨ ᠡᠷᠬᠢᠴᠡᠬᠦᠯᠦᠨ᠎ᠡ᠃

ᠪᠤᠰᠢᠭᠤ ᠭᠠᠷ᠂ ᠵᠢᠷᠬᠢᠶ᠎ᠠ ᠵᠡᠷᠭᠡ ᠳᠠᠪᠴᠠᠡᠭ ᠎ᠢᠶᠡᠷ ᠬᠤᠳᠠᠯᠳᠤᠭᠰᠠᠨ ᠪᠤᠯᠬᠤᠷ᠂ ᠲᠡᠳᠡᠨ ᠎ᠤ ᠵᠢᠷᠬᠢᠶ᠎ᠠ ᠵᠢᠨ ᠨᠠᠢᠵᠠ ᠨᠢ ᠪᠦᠷ ᠲᠦᠮᠡᠨ ᠬᠦᠮᠦᠨ ᠎ᠳᠤ ᠬᠦᠷᠴᠦ᠂ ᠠᠰ ᠎ᠤᠨ ᠱᠤᠭᠤᠮ ᠵᠢᠡᠷ ᠬᠤᠯᠪᠤᠭᠳᠠᠭᠰᠠᠨ ᠬᠦᠮᠦᠰ ᠎ᠤᠨ ᠠᠰᠠᠭᠤᠯᠲᠠ ᠵᠢ ᠬᠠᠷᠢᠭᠤᠯᠵᠦ ᠠᠮᠵᠢᠬᠤ ᠦᠬᠡᠢ ᠪᠤᠯᠤᠭᠰᠠᠨ ᠵᠢᠡᠷ  ᠲᠤᠰᠬᠠᠢ ᠬᠦᠮᠦᠨ ᠡᠯᠰᠡᠨ ᠠᠰᠠᠭᠤᠨ ᠯᠠᠪᠯᠠᠯᠭ᠎ᠠ ᠵᠢᠨ ᠤᠳᠠᠰᠤ ᠭᠠᠷᠭᠠᠪᠠ᠃ ᠲᠡᠷᠭᠡᠨ ᠬᠦᠮᠦᠷᠭᠡ ᠳᠦᠷᠢᠶᠡᠰᠦᠯᠡᠨ ᠬᠡᠳᠦᠨ ᠰᠠᠷ᠎ᠠ ᠬᠢᠭᠰᠡᠨ ᠎ᠤ ᠳᠠᠷᠠᠭ᠎ᠠ᠂ 130 ᠲᠡᠭᠰᠢ ᠳᠦᠷᠪᠡᠯᠵᠢᠨ ᠮᠧᠲ᠋ᠷ ᠎ᠤᠨ ᠪᠠᠢᠰᠢᠡᠭ ᠎ᠳᠤ 《᠎ᠳᠠ ᠹᠠ ᠨᠤᠭᠤᠭᠠᠨ ᠎ᠤ ᠦᠷ᠎ᠡ ᠵᠢᠨ ᠬᠤᠳᠠᠯᠳᠤᠭ᠎ᠠ》 ᠪᠠᠨ ᠡᠷᠬᠢᠯᠡᠵᠦ᠂ 2020 ᠤᠨ ᠎ᠳᠤ 《᠎ᠳᠠ ᠹᠠ ᠬᠦᠦ》 ᠬᠡᠮᠡᠬᠦ ᠲᠠᠸᠠᠷ ᠎ᠤᠨ ᠲᠡᠮᠲᠡᠭ ᠳᠠᠨᠭᠰᠠᠯᠠᠭᠤᠯᠵᠦ᠂ 《ᠳᠠ ᠹᠠ ᠬᠦᠦ ᠵᠢᠨ ᠲᠠᠪᠤᠨ ᠲᠠᠷᠢᠶ᠎ᠠ ᠵᠢᠨ ᠠᠮᠤ》 ᠬᠡᠬᠦ 200 ᠲᠡᠭᠰᠢ ᠳᠦᠷᠪᠡᠯᠵᠢᠨ ᠮᠧᠲ᠋ᠷ ᠎ᠤᠨ ᠳᠡᠯᠬᠡᠬᠦᠷ ᠲᠠᠢ ᠪᠤᠯᠵᠠᠢ᠃

— ᠨᠢᠳᠦ ᠨᠡᠭᠡᠭᠡᠵᠦ ᠮᠡᠳᠡᠯᠭᠡ ᠰᠤᠷᠤᠯᠴᠠᠬᠤ ᠬᠦᠰᠡᠯ ᠎ᠳᠡᠭᠡᠨ ᠬᠦᠲᠦᠯᠦᠭᠳᠡᠨ᠂ 2022 ᠤᠨ ᠎ᠤ ᠡᠪᠦᠯ ᠰᠢᠨᠡᠯᠡᠬᠦ ᠡᠴᠡ ᠡᠮᠦᠨ᠎ᠡ᠂  ᠱᠧᠨᠶᠠᠡᠭ ᠎ᠳᠤ ᠨᠡᠬᠦᠵᠦ 1000 ᠭᠠᠷᠤᠢ ᠲᠡᠭᠰᠢ ᠳᠦᠷᠪᠡᠯᠵᠢᠨ ᠮᠧᠲ᠋ᠷ ᠲᠠᠯᠠᠪᠠᠢ ᠪᠦᠬᠦᠢ 《ᠱᠧᠨᠶᠠᠡᠭ ᠬᠤᠲᠠ ᠵᠢᠨ ᠎ᠳᠠ ᠹᠠ ᠬᠦᠦ ᠠᠷᠠᠯᠵᠢᠶ᠎ᠠ ᠬᠤᠳᠠᠯᠳᠤᠭᠠᠨ ᠎ᠤ ᠬᠢᠵᠠᠭᠠᠷᠲᠤ ᠬᠠᠷᠢᠭᠤᠴᠠᠯᠭᠠᠲᠤ ᠺᠤᠮᠫᠠᠨᠢ》 ᠪᠠᠨ ᠡᠷᠬᠢᠯᠡᠵᠡᠢ᠃  2024 ᠤᠨ ᠎ᠤ 10 ᠰᠠᠷ᠎ᠠ ᠡᠴᠡ 19 ᠵᠦᠢᠯ ᠎ᠤᠨ ᠢᠳᠡᠰᠢᠨ ᠨᠤᠭᠤᠭ᠎ᠠ ᠵᠢ ᠬᠠᠮᠤᠷᠤᠭᠰᠠᠨ ᠢᠳᠡᠰᠢᠨ ᠨᠤᠭᠤᠭᠠᠨ ᠎ᠤ ᠨᠤᠨᠳᠠᠭ ᠵᠢᠨᠨ ᠦᠢᠯᠡᠳᠪᠦᠷᠢᠯᠡᠵᠦ ᠬᠤᠳᠠᠯᠳᠤᠵᠠᠢ᠃ ᠡᠨᠡ ᠬᠤᠭᠤᠷᠤᠨᠳᠤ ᠤᠯᠠᠨ ᠬᠦᠮᠦᠰ ᠪᠢᠳᠡᠨ ᠎ᠢ ᠡᠷᠢᠵᠦ ᠪᠤᠰᠤᠳ ᠪᠠᠷᠠᠭ᠎ᠠ  ᠬᠤᠳᠠᠯᠳᠤᠭᠤᠯᠬᠤ ᠭᠡᠰᠡᠨ ᠪᠤᠯᠪᠠᠴᠦ ᠬᠦᠯᠢᠶᠡᠵᠦ ᠠᠪᠤᠭᠰᠠᠨ ᠦᠬᠡᠢ᠂ ᠤᠴᠢᠷ ᠨᠢ 《ᠪᠦᠲᠦᠭᠡᠭᠳᠡᠬᠦᠨ ᠪᠤᠯ ᠬᠦᠮᠦᠨ ᠴᠢᠨᠠᠷ᠂ ᠶᠠᠰᠤ ᠴᠢᠨᠠᠷ ᠪᠤᠯ ᠠᠮᠢ ᠨᠠᠰᠤ》᠂ ᠡᠨᠡ ᠪᠤᠯ ᠮᠠᠨ ᠎ᠤ ᠠᠵᠦ ᠠᠬᠤᠢᠯᠠᠯ ᠎ᠤᠨ ᠬᠠᠲᠠᠭᠤ ᠪᠠᠷᠢᠮᠳᠠᠯᠠᠯ᠂ ᠪᠢᠳᠡ ᠦᠪᠡᠷᠰᠡᠳ ᠎ᠤᠨ ᠬᠢᠭᠰᠡᠨ ᠪᠦᠲᠦᠭᠡᠭᠳᠡᠬᠦᠨ ᠵᠢᠨᠨ ᠯᠠ ᠢᠲᠡᠭᠡᠳᠡᠭ᠃  ᠦᠨᠦ ᠮᠠᠨ ᠎ᠤ  ᠺᠤᠮᠫᠠᠨᠢ 26  ᠠᠵᠢᠯᠲᠠᠨ ᠠᠵᠢᠯᠴᠢᠨ ᠲᠠᠢ ᠪᠠᠢᠵᠦ᠂ ᠦᠨᠳᠦᠰᠦᠨ ᠴᠠᠯᠢᠡᠭ ᠨᠢ ᠬᠠᠮᠤᠭ ᠳᠤᠤᠷ᠎ᠠ ᠨᠢ ᠭᠤᠷᠪᠠᠨ ᠮᠢᠨᠭᠭᠠᠨ ᠲᠦᠬᠦᠷᠢᠭ ᠎ᠲᠤ ᠬᠦᠷᠴᠤ᠂ ᠬᠤᠪᠢᠳᠠᠯ ᠴᠠᠯᠢᠡᠭ ᠵᠢᠨᠨ ᠨᠡᠮᠡᠪᠡᠯ᠂ ᠠᠵᠢᠯᠳᠠᠨ ᠠᠵᠢᠯᠴᠢᠳ ᠎ᠤᠨ ᠴᠠᠯᠢᠡᠭ ᠨᠢ ᠪᠦᠷ ᠲᠠᠪᠤᠨ ᠮᠢᠨᠭᠭ᠎ᠠ ᠡᠴᠡ ᠲᠦᠮᠡ ᠭᠠᠷᠤᠢ ᠲᠦᠬᠦᠷᠢᠭ ᠎ᠤᠨ ᠬᠤᠭᠤᠷᠤᠨᠳᠦ ᠬᠦᠷᠴᠦ ᠪᠤᠢ᠃ ᠡᠨᠡ ᠵᠢᠯ ᠪᠢᠳᠠ ᠤᠤᠯ ᠎ᠤᠨ ᠬᠤᠶᠠᠷ ᠵᠦᠢᠯ ᠎ᠤᠨ ᠪᠦᠲᠦᠭᠡᠭᠳᠡᠬᠦᠨ ᠵᠢᠨᠨ ᠳᠡᠰ ᠳᠡᠪᠰᠢᠬᠦᠯᠦᠨ ᠲᠠᠪᠤᠨ ᠵᠦᠢᠯ ᠎ᠤᠨ ᠪᠦᠲᠦᠭᠡᠭᠳᠡᠬᠦᠨ ᠪᠤᠯᠭᠠᠬᠰᠠᠨ ᠪᠦᠭᠡᠳ ᠪᠠᠰᠠ ᠬᠤᠶᠠᠷ ᠵᠠᠭᠤ ᠭᠠᠷᠤᠢ ᠤᠷᠤᠯᠠᠨ ᠪᠤᠷᠤᠯᠠᠭᠤᠯᠤᠭᠴᠢ ᠡᠯᠰᠡᠭᠡᠳ ᠪᠤᠢ ᠭᠡᠵᠦ ᠡᠦ ᠎ᠳᠠ ᠹᠠ  ᠶᠠᠷᠢᠵᠤ ᠪᠠᠢᠯ᠎ᠠ᠃

《ᠡᠪᠡᠳᠴᠢᠨ ᠎ᠢ ᠰᠡᠷᠬᠡᠢᠯᠡᠬᠦ ᠨᠢ ᠡᠪᠡᠳᠴᠢᠨ ᠎ᠢ ᠵᠠᠰᠠᠬᠤ ᠡᠴᠡ ᠴᠢᠬᠤᠯᠠ᠂ ᠡᠮ ᠵᠢᠡᠷ ᠨᠦᠬᠦᠪᠦᠷᠢᠯᠡᠬᠦ ᠨᠢ ᠢᠳᠡᠭᠡᠨ ᠵᠢᠡᠷ ᠨᠦᠬᠦᠪᠦᠷᠢᠯᠡᠬᠦ ᠵᠢ ᠬᠦᠷᠬᠦ ᠦᠬᠡᠢ》᠂ ᠡᠨᠡ ᠪᠤᠯ ᠡᠦ ᠎ᠳᠠ ᠹᠠ ᠵᠢᠨ ᠦᠵᠡᠯᠲᠡ᠂ ᠮᠦᠨ ᠴᠤ᠌ ᠡᠳᠡᠭᠡᠷ ᠵᠢᠯ ᠎ᠤᠨ ᠲᠤᠷᠰᠢ ᠲᠠᠪᠤᠨ ᠲᠠᠷᠢᠶ᠎ᠠ ᠵᠢᠨ ᠦᠷ᠎ᠡ ᠵᠢ ᠬᠤᠳᠠᠯᠳᠤᠨ ᠪᠤᠷᠤᠯᠠᠭᠤᠯᠵᠤ ᠢᠷᠡᠭᠰᠡᠨ ᠪᠠᠷᠢᠮᠲᠠᠯᠠᠯ᠃ ᠬᠡᠷᠪᠡ ᠬᠤᠪᠢ ᠪᠠᠨ ᠪᠤᠳᠤᠵᠦ ᠳᠤᠪᠤ ᠪᠠᠨ ᠰᠢᠷᠠᠯᠠᠭᠤᠯᠳᠠᠭ ᠬᠦᠮᠦᠨ ᠪᠤᠯᠤᠭᠰᠠᠨ ᠪᠤᠯ ᠡᠦ ᠎ᠳᠠ ᠹᠠ ᠦᠨᠡᠨ ᠎ᠳᠡᠭᠡᠨ ᠦᠪᠡᠷ ᠎ᠤᠨ ᠬᠡᠳᠦᠨ ᠵᠦᠢᠯ ᠎ᠤᠨ ᠪᠦᠲᠦᠭᠡᠭᠳᠡᠬᠦᠨ ᠵᠢᠨᠨ ᠬᠤᠳᠠᠯᠳᠤᠭᠠᠳ ᠤᠯᠬᠤ ᠶᠤᠰᠤᠲᠠᠢ ᠵᠤᠭᠤᠰ ᠵᠢᠨᠨ ᠤᠯᠤᠭᠠᠳ ᠰᠡᠳᠬᠢᠯ ᠠᠮᠤᠷ ᠰᠠᠭᠤᠵᠦ ᠪᠤᠯᠬᠤ ᠯᠠ ᠪᠠᠢᠭᠰᠠᠨ᠃ ᠭᠡᠳᠡᠯ᠎ᠠ ᠶᠡᠬᠡ ᠵᠢ ᠪᠦᠲᠦᠭᠡᠵᠦ ᠬᠤᠯᠠ ᠶᠠᠪᠤᠬᠤ ᠬᠦᠮᠦᠨ᠎ᠤ ᠬᠠᠷᠠᠴᠠ ᠭᠡᠳᠡᠭ ᠬᠠᠰᠢᠯᠠ ᠤᠨᠳᠤᠤ᠃ ᠭᠠᠬᠴᠠ ᠡᠷᠡᠬᠦᠯ ᠢᠳᠡᠭᠡᠨ ᠎ᠤ ᠪᠦᠲᠦᠭᠡᠭᠳᠡᠬᠦᠨ ᠬᠤᠳᠠᠯᠳᠤᠭᠠᠳ ᠤᠯᠠᠨ ᠲᠦᠮᠡᠨ ᠎ᠳᠡᠭᠡᠨ ᠲᠡᠢᠮᠦ ᠶᠡᠬᠡ ᠠᠴᠢ ᠳᠤᠰᠠ ᠦᠵᠡᠬᠦᠯᠵᠤ  ᠳᠡᠢᠯᠬᠦ ᠦᠬᠡᠢ᠂ ᠤᠯᠠᠨ ᠲᠦᠮᠡᠨ ᠎ᠤ ᠡᠷᠡᠬᠦᠯ ᠮᠡᠨᠳᠦ ᠵᠢᠨ ᠦᠢᠯᠡᠰ ᠲᠤ᠌ ᠬᠦᠴᠦᠨ ᠨᠠᠮᠠᠷᠢᠯᠠᠶ᠎ᠠ ᠬᠡᠪᠡᠯ᠂ ᠤᠯᠠᠨ ᠎ᠤ ᠦᠵᠡᠯᠲᠡ ᠲᠠᠨᠢᠯᠲᠠ ᠵᠢ ᠬᠤᠪᠢᠷᠠᠭᠤᠯᠬᠤ ᠡᠴᠡ ᠭᠠᠷᠳᠠᠨ᠂ ᠡᠷᠡᠬᠦᠯ ᠠᠮᠢᠳᠤᠷᠠᠯ ᠎ᠤᠨ ᠮᠡᠳᠡᠯᠬᠡ ᠮᠡᠳᠡᠴᠡ ᠵᠢᠨ ᠬᠦᠮᠦᠵᠢᠯ  ᠬᠦᠷᠲᠡᠭᠡᠬᠦ ᠴᠢᠬᠤᠯᠠᠲᠠᠢ ᠬᠡᠮᠡᠨ  ᠲᠡᠷᠡ 2025 ᠤᠨ ᠎ᠤ ᠳᠤᠤᠷ᠎ᠠ ᠬᠠᠭᠠᠰ ᠵᠢᠯ ᠡᠴᠡ 《ᠡᠷᠡᠬᠦᠯ ᠴᠢᠬᠢᠷᠠᠭ ᠎ᠤᠨ ᠠᠶᠠᠯᠠᠯ》 ᠵᠢᠨᠨ ᠰᠡᠲᠦᠨ ᠡᠷᠬᠢᠯᠡᠪᠠ᠃

— 《ᠡᠷᠡᠬᠦᠯ ᠴᠢᠬᠢᠷᠠᠭ ᠎ᠤᠨ ᠠᠶᠠᠯᠠᠯ》 ᠭᠡᠳᠡᠭ ᠨᠢ ᠡᠷᠡᠬᠦᠯ ᠮᠡᠨᠳᠤ ᠵᠢᠨ ᠳᠠᠢᠯᠤᠮᠵᠢ ᠪᠤᠯᠤᠨ᠎ᠠ᠂ ᠪᠢ ᠬᠤᠪᠢ ᠪᠡᠷ ᠎ᠢᠶᠡᠨ ᠮᠦᠡᠭᠬᠦ ᠭᠠᠷᠭᠠᠨ ᠪᠦᠬᠦ ᠤᠷᠤᠨ ᠎ᠤ ᠡᠯ᠎ᠡ ᠭᠠᠵᠠᠷ ᠎ᠤᠨ ᠨᠡᠷᠡᠲᠦ ᠡᠮᠴᠢ᠂ ᠲᠤᠰᠬᠠᠢ ᠮᠡᠷᠭᠡᠵᠢᠯᠲᠡᠨ ᠎ᠢ ᠤᠷᠢᠨ ᠤᠯᠠᠨ ᠳᠦᠮᠡᠨ ᠎ᠳᠡᠭᠡᠨ ᠦᠨ᠎ᠠ ᠳᠦᠯᠦᠪᠤᠷᠢ ᠦᠬᠡᠢ ᠪᠡᠷ ᠡᠷᠡᠬᠦᠯ ᠮᠡᠨᠳᠤ ᠵᠢᠨ ᠮᠡᠳᠡᠯᠭᠡ ᠬᠦᠷᠳᠡᠭᠡᠵᠤ ᠪᠠᠢᠨ᠎ᠠ᠃  ᠤᠳᠤᠬᠠᠨ ᠪᠤᠯᠳᠠᠯ᠎ᠠ᠂  ᠡᠢᠮᠦᠷᠬᠦ ᠲᠠᠢᠯᠤᠮᠵᠢ ᠵᠢ ᠨᠢᠬᠡᠨᠲᠡ ᠬᠤᠶᠠᠷ ᠤᠳᠠᠭ᠎ᠠ ᠡᠷᠬᠢᠯᠡᠨ ᠶᠠᠪᠤᠭᠳᠠᠭᠤᠯᠤᠭᠰᠠᠨ ᠪᠦᠬᠡᠳ ᠤᠳᠠᠭ᠎ᠠ ᠪᠦᠷᠢ ᠬᠡᠳᠦᠨ ᠵᠠᠭᠤᠨ ᠬᠦᠮᠦᠨ ᠤᠷᠤᠯᠴᠠᠵᠠᠢ᠃  《ᠡᠷᠡᠬᠦᠯ ᠴᠢᠬᠢᠷᠠᠭ ᠎ᠤᠨ ᠠᠶᠠᠯᠠᠯ》 ᠡᠴᠡ ᠮᠢᠨᠢ ᠬᠡᠳᠦᠬᠡᠨ ᠬᠦᠮᠦᠨ ᠴᠤ᠌ ᠭᠡᠰᠡᠨ ᠦᠵᠡᠯᠳᠡ ᠲᠠᠨᠢᠯᠲᠠ ᠨᠢ ᠬᠤᠪᠢᠷᠠᠭᠠᠳ᠂ ᠡᠷᠡᠬᠦᠯ ᠮᠡᠨᠳᠦ ᠵᠢᠨ ᠮᠡᠳᠡᠯᠬᠡ ᠮᠡᠳᠡᠴᠡ ᠨᠢ ᠳᠡᠭᠡᠭᠰᠢᠯᠡᠴᠢᠭᠡᠪᠡᠯ ᠮᠢᠨᠦ ᠬᠦᠰᠡᠯ ᠬᠦᠢᠴᠡᠬᠦ ᠨᠢ ᠲᠡᠷᠡ᠎ᠳᠠ ᠭᠡᠵᠦ ᠡᠦ ᠎ᠳᠠ ᠹᠠ ᠪᠠᠶᠠᠷᠲᠠᠢ ᠨᠢ ᠠᠷᠭ᠎ᠠ ᠦᠬᠡᠢ ᠬᠡᠯᠡᠵᠦ ᠪᠠᠢᠯ᠎ᠠ᠃

ᠤᠳᠤᠬᠠᠨ ᠪᠤᠯᠬᠤ ᠎ᠳᠤ᠂ ᠡᠦ ᠎ᠳᠠ ᠹᠠ ᠵᠢᠨ ᠡᠷᠡᠬᠦᠯ ᠢᠳᠡᠭᠡᠨ ᠎ᠤ ᠪᠦᠲᠦᠭᠡᠭᠳᠡᠬᠦᠨ ᠎ᠤ ᠬᠦᠷᠢᠶᠡᠯᠡᠭᠴᠢ ᠵᠢᠨ ᠲᠤᠭ᠎ᠠ 50 ᠲᠦᠮᠡ ᠵᠢ ᠳᠠᠪᠠᠵᠦ᠂ ᠵᠢᠯ ᠪᠤᠯᠭᠠᠨ ᠮᠠᠰᠢ ᠤᠯᠠᠨ ᠬᠦᠮᠦᠰ ᠳᠤᠰ ᠪᠦᠳᠦᠭᠡᠭᠳᠡᠬᠦᠨ ᠡᠴᠡ ᠠᠰᠢᠭ ᠬᠦᠷᠳᠡᠵᠤ  ᠪᠤᠢ᠃  ᠡᠦ ᠎ᠳᠠ ᠹᠠ ᠵᠢᠨ ᠡᠷᠡᠬᠦᠯ ᠢᠳᠡᠭᠡᠨ ᠎ᠤ ᠪᠦᠳᠦᠭᠡᠭᠳᠡᠬᠦᠨ᠂ 《ᠡᠷᠡᠬᠦᠯ ᠴᠢᠬᠢᠷᠠᠭ ᠎ᠤᠨ ᠠᠶᠠᠯᠠᠯ 》 ᠨᠢ ᠨᠡᠡᠭ ᠤᠯᠠᠨ ᠬᠦᠮᠦᠰ ᠎ᠲᠤ ᠠᠰᠢᠭ ᠬᠦᠷᠳᠡᠭᠡᠬᠦ ᠨᠢ ᠯᠠᠪᠳᠠᠢ ᠶᠤᠮ᠃  ᠲᠡᠢᠮᠦ ᠡ! ᠬᠦᠴᠢᠷ ᠎ᠤᠨ ᠳᠤᠮᠳᠠ ᠬᠦᠮᠦᠵᠢᠭᠰᠡᠨ ᠬᠦᠳᠡᠭᠡ ᠵᠢᠨ ᠬᠦᠦ ᠡᠦ ᠎ᠳᠠ ᠹᠠ ᠨᠢᠬᠡ ᠮᠡᠳᠡᠬᠦ ᠎ᠳᠤ ᠤᠳᠤ ᠨᠢᠬᠡᠨᠲᠡ ᠢᠲᠡᠭᠡᠯ ᠳᠡᠭᠡᠳᠦᠯᠡᠵᠦ ᠬᠠᠢᠷ᠎ᠠ ᠪᠢᠯᠬᠠᠭᠤᠯᠤᠭᠰᠠᠨ ᠵᠠᠯᠠᠭᠤ ᠠᠵᠦ ᠠᠬᠤᠢᠯᠠᠯᠲᠠᠨ ᠪᠤᠯᠴᠢᠬᠠᠭᠰᠠᠨ ᠬᠢᠯᠠᠷᠠᠵᠦ ᠶᠠᠪᠤᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号