ᠠᠮᠠᠷᠬᠠᠨ ᠡᠯᠢᠭᠡ ᠥᠭᠡᠬᠦᠯᠡᠬᠦ᠌ ᠮᠠᠭᠤ ᠳᠠᠳᠬᠠᠯ
2025-11-28 11:06:02
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠦᠨᠡᠨ᠎ᠳᠡᠭᠡᠨ ᠢᠳᠡᠷ ᠨᠠᠰᠤᠨ᠎ᠤ ᠬᠥᠮᠦᠨ ᠯᠡ ᠡᠯᠢᠭᠡ ᠥᠭᠡᠬᠦᠯᠡᠬᠦ᠌ ᠡᠪᠡᠳᠴᠢᠨ ᠢ᠋ ᠤᠯᠳᠠᠭ ᠪᠢᠰᠢ᠂ ᠵᠠᠷᠢᠮ᠎ᠳᠠᠭᠠᠨ ᠦᠵᠡᠬᠦ᠌᠎ᠳᠤ ᠲᠤᠷᠠᠩᠬᠠᠶ ᠵᠠᠯᠠᠭᠤ ᠬᠥᠮᠦᠨ ᠴᠦ᠍ ᠡᠯᠢᠭᠡ ᠥᠭᠡᠬᠦᠯᠡᠬᠦ᠌ ᠡᠪᠡᠳᠴᠢᠨ ᠢ᠋ ᠤᠯᠵᠤ ᠮᠡᠳᠡᠨ᠎ᠡ᠃ ᠤᠴᠢᠷ᠎ᠨᠢ ᠡᠯᠢᠭᠡ ᠥᠭᠡᠬᠦᠯᠡᠬᠦ᠌᠎ᠨᠢ ᠬᠣᠭᠣᠯᠠ ᠢᠳᠡᠬᠦ᠌᠎ᠲᠠᠢ ᠬᠣᠯᠪᠣᠭ᠎ᠠ᠎ᠲᠠᠢ ᠪᠡᠷ ᠪᠠᠷᠠᠬᠤ ᠦᠭᠡᠢ ᠪᠠᠰᠠ ᠠᠮᠢᠳᠤᠷᠠᠯ᠎ᠤᠨ ᠵᠠᠩ ᠲᠠᠳᠬᠠᠯ ᠲᠠᠢ ᠬᠣᠯᠪᠣᠭ᠎ᠠ᠎ᠲᠠᠢ ᠪᠠᠶ᠋ᠢᠳᠠᠭ᠃ ᠬᠦᠮᠦᠰ᠎ᠤᠨ ᠰᠠᠨᠠᠭᠠᠨ ᠳ᠋ᠠᠭᠠᠨ ᠠᠪᠳᠠᠭ ᠦᠬᠡᠢ ᠨᠢᠭᠡᠨ ᠪᠠᠭ᠎ᠠ ᠳᠠᠳᠬᠠᠯ ᠨᠢ ᠡᠳᠦᠷ ᠪᠦᠷᠢ ᠰᠡᠮᠡᠭᠡᠷ ᠲᠠᠨ᠎ᠤ ᠡᠯᠢᠭᠡ᠎ᠶᠢ ᠥᠭᠡᠬᠦᠯᠡᠬᠦᠯᠵᠦ᠍ ᠪᠠᠶ᠋ᠢᠵᠤ ᠮᠠᠭᠠᠳ ᠦᠭᠡᠢ᠃ ᠵᠢᠱ᠌ᠢᠶᠡᠯᠡᠪᠡᠯ᠂ ᠤᠳᠠᠭᠠᠨ ᠰᠠᠭᠤᠬᠤ᠃ ᠡᠳᠦᠷ ᠪᠦᠷᠢ ᠢᠯᠡᠭᠦᠦ 1 ᠴᠠᠭ ᠰᠠᠭᠤᠪᠠᠯ ᠡᠯᠢᠭᠡᠨ᠎ᠤ ᠥᠭᠡᠬᠦ᠌᠎ᠶᠢᠨ ᠠᠭᠤᠯᠤᠭᠳᠠᠴᠠ 1.15 % ᠪᠡᠷ ᠨᠡᠮᠡᠭᠳᠡᠳᠡᠭ᠂ ᠪᠣᠰᠴᠤ᠌ ᠵᠣᠭᠰᠣᠬᠤ᠂ ᠠᠯᠬᠤᠭᠠᠳ ᠪᠠᠶ᠋ᠢᠪᠠᠯ ᠡᠯᠢᠭᠡ ᠥᠭᠡᠬᠦᠯᠡᠬᠦ᠌ ᠬᠠᠮᠢᠶ᠎ᠠ ᠪᠦᠬᠦᠢ ᠭᠦᠢᠴᠡᠳᠬᠡᠯ ᠲᠣᠭ᠎ᠠ᠎ᠶᠢ ᠪᠠᠭᠤᠷᠠᠭᠤᠯᠳᠠᠭ᠂ ᠰᠤᠯᠠ ᠠᠯᠬᠤᠬᠤ ᠪᠤᠶᠤ ᠵᠣᠭᠰᠣᠬᠤ ᠵᠡᠷᠭᠡ ᠳᠤᠮᠳᠠ ᠳᠣᠣᠷ᠎ᠠ ᠬᠦᠴᠦᠯᠡᠴᠡ ᠲᠠᠢ ᠬᠥᠳᠡᠯᠭᠡᠭᠡᠨ ᠬᠢᠵᠦ᠍ ᠤᠳᠠᠭᠠᠨ ᠰᠠᠭᠤᠬᠤ ᠪᠡᠨ ᠲᠠᠰᠤᠯᠳᠠᠭᠤᠯᠪᠠᠯ ᠡᠯᠢᠭᠡ ᠥᠭᠡᠬᠦᠯᠡᠬᠦ᠌᠎ᠲᠠᠢ ᠬᠠᠮᠢᠶ᠎ᠠ ᠪᠦᠬᠦᠢ ᠭᠦᠢᠴᠡᠳᠬᠡᠯ ᠲᠣᠭ᠎ᠠ᠎ᠶᠢ ᠪᠠᠭᠤᠷᠠᠭᠤᠯᠬᠤ᠎ᠳᠤ ᠪᠦᠷ ᠠᠰᠢᠬᠳᠠᠢ ᠶᠤᠮ᠃


0c90b65f-11ec-43dc-877a-a6298aeb18c0.png


1. ᠪᠣᠰᠴᠤ᠌ ᠵᠤᠬᠰᠤᠭᠠᠳ ᠠᠯᠬᠤᠪᠠᠯ 2 ᠮᠢᠨᠦ᠋ᠲ ᠳᠣᠲᠣᠷ᠎ᠠ ᠢᠨᠰᠦᠯᠢᠨ᠎ᠤ ᠬᠡᠮᠵᠢᠶ᠎ᠡ ᠪᠠᠭᠤᠷᠠᠨ᠎ᠠ᠃

2. ᠪᠣᠰᠴᠤ᠌ ᠵᠤᠬᠰᠤᠪᠠᠯ 30 ᠮᠢᠨᠦ᠋ᠲ ᠳᠣᠲᠣᠷ᠎ᠠ ᠴᠢᠰᠤᠨ᠎ᠤ ᠰᠢᠬᠢᠷ ᠪᠠᠭᠤᠷᠠᠨ᠎ᠠ᠃

3. ᠪᠣᠰᠴᠤ᠌ ᠵᠤᠬᠰᠤᠬᠤ᠎ᠨᠢ ᠬᠡᠳᠦᠢ ᠣᠯᠠᠨ ᠪᠣᠯ ᠴᠢᠰᠤᠨ᠎ᠤ ᠥᠭᠡᠬᠦ᠌᠎ᠶᠢ ᠲᠡᠳᠦᠢ ᠪᠠᠭᠤᠷᠠᠭᠤᠯᠵᠤ᠂ ᠪᠦᠰᠡᠯᠡᠬᠦᠷ᠎ᠤᠨ ᠬᠡᠰᠡᠭ᠎ᠵᠢᠡᠷ ᠨᠠᠷᠢᠬᠠᠨ ᠪᠤᠯᠤᠨ᠎ᠠ ᠃

(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号