ᠵᠦᠪ ᠠᠷᠭ᠎ᠠ ᠪᠡᠷ ᠭᠠᠷ ᠵᠢᠠᠨ ᠤᠬᠢᠶᠠᠵᠤ ᠭᠠᠷ ᠠᠷᠴᠢᠬᠤ ᠠᠯᠴᠢᠭᠤᠷ᠎ᠵᠢᠠᠨ ᠰᠠᠯᠭᠠᠵᠤ ᠬᠡᠷᠡᠭᠯᠡᠪᠡᠯ ᠵᠤᠬᠢᠨ᠎ᠠ
2025-11-28 10:58:47
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠦᠪ ᠠᠷᠭ᠎ᠠ ᠪᠡᠷ ᠭᠠᠷ ᠵᠢᠠᠨ ᠤᠬᠢᠶᠠᠬᠤ ᠨᠢ ᠡᠪᠡᠳᠴᠢᠨ ᠡᠮᠬᠡᠭ᠎ᠤᠨ ᠬᠠᠯᠳᠠᠪᠤᠷᠢᠯᠠᠵᠤ ᠲᠠᠷᠬᠠᠬᠤ ᠵᠢ ᠠᠰᠢᠬᠳᠠᠢ ᠪᠡᠷ ᠰᠡᠷᠬᠡᠢᠯᠡᠵᠤ ᠴᠢᠳᠠᠨ᠎ᠠ᠃

ᠭᠠᠷ᠎ᠢ ᠠᠷᠢᠭᠤᠨ ᠴᠡᠪᠡᠷ ᠪᠠᠢᠯᠭᠠᠬᠤ ᠨᠢ ᠬᠦᠮᠤᠨ᠎ᠤ ᠪᠠᠶ᠎ᠠ ᠵᠢᠨ ᠡᠷᠡᠬᠦᠯ ᠮᠡᠨᠳᠤ ᠯᠤᠬᠡ ᠨᠢᠬᠳᠠ ᠬᠤᠯᠪᠤᠭ᠎ᠠ ᠲᠠᠢ ᠶᠤᠮ᠂ ᠭᠠᠷ ᠨᠢ ᠬᠠᠯᠳᠠᠪᠤᠷᠢᠳᠤ ᠡᠪᠡᠳᠴᠢᠨ᠎ᠢ ᠲᠠᠷᠬᠠᠭᠠᠬᠤ᠎ᠳᠤ ᠴᠢᠬᠤᠯᠠ ᠵᠠᠭᠤᠴᠢ ᠵᠢᠨ ᠨᠢᠬᠡ ᠪᠤᠯᠤᠨ᠎ᠠ᠃ ᠡᠪᠡᠳᠴᠢᠨ ᠡᠬᠦᠰᠬᠡᠭᠴᠢ (ᠡᠪᠡᠳᠴᠢᠨ ᠡᠮᠬᠡᠭ ᠲᠠᠢ ᠪᠤᠯᠭᠠᠬᠤ ᠸᠢᠷᠦ᠋ᠰ ᠪᠠ ᠪᠠᠺᠲᠸᠷᠢ ᠵᠡᠷᠬᠡ) ᠲᠠᠢ ᠭᠠᠷ ᠨᠢ ᠭᠠᠷ ᠠᠳᠬᠤᠬᠤ᠂ ᠲᠦᠰᠢᠬᠦᠷ ᠲᠠᠢ ᠬᠦᠷᠤᠯᠴᠡᠬᠦ ᠵᠡᠷᠬᠡ ᠪᠠᠢᠳᠠᠯ ᠵᠢᠡᠷ ᠡᠪᠡᠳᠴᠢᠨ ᠡᠬᠦᠰᠬᠡᠭᠴᠢ ᠵᠢ ᠪᠤᠰᠤᠳ ᠲᠤ᠌ ᠲᠡᠮᠵᠢᠭᠤᠯᠤᠨ᠎ᠠ᠂ ᠡᠪᠡᠳᠴᠢᠨ ᠡᠬᠦᠰᠬᠡᠭᠴᠢ ᠨᠢ ᠪᠠᠰᠠ ᠨᠢᠳᠤ᠂ ᠠᠮᠠ᠂ ᠬᠠᠮᠠᠷ ᠲᠠᠭᠠᠨ ᠭᠠᠷ ᠬᠦᠷᠬᠦ ᠪᠡᠷ ᠲᠠᠮᠵᠢᠨ ᠪᠡᠶ᠎ᠠ᠎ᠳᠤ ᠤᠷᠤᠭᠠᠳ ᠬᠠᠯᠳᠠᠪᠤᠷᠢᠯᠠᠯ ᠡᠬᠦᠰᠬᠡᠨ᠎ᠠ᠃ ᠡᠢᠮᠤ ᠪᠤᠯᠬᠤᠷ ᠬᠡᠷ ᠲᠡᠬᠡᠨ ᠬᠠᠷᠢᠮᠠᠭᠴᠠ ᠡᠩ ᠲᠠᠷᠢᠬᠦᠨ᠎ᠳᠤ ᠭᠠᠷ ᠵᠢᠠᠨ ᠤᠬᠢᠶᠠᠬᠤ ᠬᠡᠷᠡᠭᠳᠡᠢ᠃


18c5e846-737e-441b-91f9-da6dcf45c47f.png


ᠲᠠᠷᠠᠭᠠᠬᠢ ᠪᠠᠢᠳᠠᠯ᠎ᠳᠤ ᠳᠤᠬᠢᠶᠠᠯᠳᠤᠪᠡᠯ ᠭᠠᠷ ᠵᠢᠠᠨ ᠤᠬᠢᠶᠠᠬᠤ ᠬᠡᠷᠡᠭᠳᠡᠢ᠄

ᠬᠤᠭᠤᠯᠠᠨ᠎ᠳᠤ ᠤᠷᠤᠬᠤ ᠪᠠ ᠡᠮ ᠤᠤᠭᠤᠬᠤ ᠡᠴᠨ ᠡᠮᠤᠨ᠎ᠠ᠂ ᠴᠡᠪᠡᠷ ᠶᠠᠭᠤᠮ᠎ᠠ ᠲᠠᠢ ᠤᠢᠷᠠᠳᠬᠤ ᠪᠠ ᠨᠢᠯᠬ᠎ᠠ ᠬᠡᠤᠬᠡᠳ᠎ᠢ ᠲᠡᠪᠡᠷᠢᠬᠦ ᠡᠴᠨ ᠡᠮᠤᠨ᠎ᠠ᠂ ᠭᠠᠳᠠᠭᠠᠯᠠᠬᠤ ᠡᠴᠨ ᠡᠮᠤᠨ᠎ᠠ ᠬᠤᠢᠨ᠎ᠠ᠂ ᠱᠦᠬᠦᠷᠳᠡᠵᠤ ᠴᠡᠪᠡᠷᠯᠡᠬᠦ ᠠᠵᠢᠯ᠎ᠢ ᠬᠢᠵᠤ ᠲᠠᠭᠤᠰᠤᠭᠰᠠᠠ᠎ᠤ ᠬᠤᠢᠨ᠎ᠠ᠂ ᠵᠤᠭᠤᠰ ᠵᠤᠭ᠎ᠠ ᠠᠳᠬᠤᠭᠰᠠᠠ᠎ᠤ ᠲᠠᠷᠠᠭ᠎ᠠ᠂ ᠭᠠᠳᠠᠨ᠎ᠠ ᠭᠠᠷᠤᠭᠠᠳ ᠢᠷᠡᠭᠰᠡᠡ᠎ᠤ ᠬᠤᠢᠨ᠎ᠠ᠂ ᠡᠮᠨᠡᠯᠬᠡ᠎ᠳᠤ ᠡᠪᠡᠳᠴᠢᠨ ᠦᠵᠡᠬᠦᠯᠬᠦ ᠪᠤᠶᠤ ᠡᠪᠡᠳᠴᠢᠳᠠᠨ ᠲᠠᠢ ᠤᠢᠷᠠᠳᠤᠭᠰᠠᠠ ᠬᠤᠢᠨ᠎ᠠ᠂ ᠴᠢᠰᠤ᠂ ᠨᠢᠯᠪᠤᠰᠤ᠂ ᠨᠢᠰᠤ᠂ ᠴᠡᠷ ᠪᠤᠶᠤ ᠰᠢᠯᠦᠰᠤ ᠢᠯᠠᠩᠭᠤᠶ᠎ᠠ ᠬᠠᠯᠳᠠᠪᠤᠷᠢᠳᠤ ᠡᠳ᠋ ᠲᠠᠢ ᠤᠢᠷᠠᠳᠤᠭᠰᠠᠠ᠎ᠤ ᠲᠠᠷᠠᠭ᠎ᠠ ᠭᠠᠷ ᠵᠢᠠᠨ ᠠᠷᠢᠭᠤᠳᠬᠠᠵᠤ ᠲᠠᠬᠢᠨ ᠲᠠᠪᠳᠡᠨ ᠤᠬᠢᠶᠠᠬᠤ ᠬᠡᠷᠡᠭᠳᠡᠢ᠃

ᠭᠠᠷ ᠤᠬᠢᠶᠠᠬᠤ ᠵᠦᠪ ᠠᠷᠭ᠎ᠠ᠄ ᠤᠰᠤᠨ ᠭᠤᠭᠤᠵᠢᠭᠤᠷ ᠵᠢᠠᠨ ᠨᠡᠬᠡᠬᠡᠬᠡᠳ ᠤᠷᠤᠰᠤᠮᠠᠯ ᠤᠰᠤ ᠪᠡᠷ ᠪᠠᠭᠤᠤ᠂ ᠭᠠᠷ᠎ᠤᠨ ᠠᠯᠠᠭ᠎ᠠ ᠪᠡ ᠬᠤᠷᠤᠭᠤ ᠪᠡᠨ ᠰᠠᠢᠨ ᠨᠤᠷᠭᠠᠵᠤ᠂ ᠭᠠᠷ᠎ᠤᠨ ᠠᠯᠠᠭ᠎ᠠ᠂ ᠠᠷᠤ᠂ ᠬᠤᠷᠤᠭᠤᠨ᠎ᠤ ᠵᠠᠪᠰᠠᠷ ᠵᠡᠷᠬᠡ᠎ᠳ᠋ᠡᠬᠡᠨ ᠰᠠᠪᠤᠩ᠎ᠢ ᠬᠦᠬᠡᠰᠤ ᠭᠠᠷᠳᠠᠯ᠎ᠠ ᠵᠢᠭᠳᠡ ᠲᠦᠷᠬᠢᠬᠡᠳ ᠲᠡᠬᠢᠨ ᠲᠠᠪᠳᠡᠨ ᠬᠤᠶᠠᠷ ᠭᠠᠷ ᠪᠠ ᠪᠠᠭᠤᠤ ᠪᠡᠷ ᠵᠢᠠᠨ 15 ᠰᠸᠺᠦ᠋ᠨ᠋ᠳ᠋ ᠢᠯᠡᠬᠦᠤ ᠨᠤᠬᠤᠯᠠᠭᠠᠳ ᠲᠠᠬᠢᠨ ᠤᠷᠤᠰᠤᠮᠠᠯ ᠲᠦᠬᠡᠬᠡᠯ ᠤᠰᠤ ᠪᠡᠷ ᠵᠠᠢᠯᠠᠨ᠎ᠠ᠃ ᠭᠠᠷ ᠤᠬᠢᠶᠠᠬᠤ ᠳ᠋ᠠᠭᠠᠨ ᠠᠮᠠᠷᠬᠠᠨ ᠡᠪᠡᠳᠴᠢᠨ ᠡᠬᠦᠰᠬᠡᠬᠦ ᠪᠠᠺᠲᠸᠷᠢ ᠨᠠᠭᠠᠯᠳᠤᠬᠤ ᠬᠢᠮᠤᠰᠤ᠂ ᠬᠤᠷᠤᠭᠤᠨ ᠦᠵᠤᠬᠦᠷ᠂ ᠬᠢᠮᠤᠰᠤᠨ᠎ᠤ ᠵᠠᠪᠰᠡᠷ᠂ ᠬᠤᠷᠤᠭᠤᠨ ᠦᠶ᠎ᠠ ᠵᠡᠷᠬᠡ ᠭᠠᠷ᠎ᠤᠨ ᠡᠯ᠎ᠠ ᠬᠡᠰᠡᠭ᠎ᠤᠳ᠎ᠢ ᠴᠦᠮ ᠨᠢᠮᠪᠡᠢ ᠴᠡᠪᠡᠷᠯᠡᠬᠦ ᠬᠡᠷᠡᠭᠳᠡᠢ᠃ ᠲᠦᠬᠡᠬᠡᠯ ᠤᠰᠤ ᠪᠠᠢᠬᠤ ᠦᠬᠡᠢ ᠪᠤᠯ ᠰᠢᠨᠠᠭ᠎ᠠ ᠪᠡᠷ ᠤᠰᠤ ᠭᠤᠭᠤᠵᠢᠭᠤᠯᠤᠨ ᠤᠬᠢᠶᠠᠵᠤ ᠴᠤ᠌ ᠪᠤᠯᠤᠨ᠎ᠠ᠃

ᠭᠠᠷ ᠵᠦᠯᠬᠦᠬᠦ ᠠᠯᠴᠢᠭᠤᠷ ᠵᠢᠠᠨ ᠡᠳᠤᠷ ᠪᠦᠷᠢ ᠴᠦᠬᠡᠨ᠎ᠳ᠋ᠡᠬᠡᠨ ᠨᠢᠬᠡ ᠤᠳᠠᠭ᠎ᠠ ᠳᠤᠢᠯᠪᠤᠷᠢᠳᠡᠢ ᠤᠬᠢᠶᠠᠨ᠎ᠠ᠂ ᠰᠤᠯᠢᠵᠤ ᠬᠡᠷᠡᠭᠯᠡᠬᠦ ᠠᠯᠴᠢᠭᠤᠷ ᠤᠯᠠᠨ ᠪᠡᠯᠡᠳᠬᠡᠪᠡᠯ ᠨᠡᠩ ᠰᠠᠢᠨ ᠪᠠᠢᠳᠠᠭ᠃ ᠭᠠᠷ ᠤᠬᠢᠶᠠᠬᠤ ᠪᠠᠭᠠᠵᠢ ᠪᠠᠢᠬᠤ ᠦᠬᠡᠢ ᠳᠤᠬᠢᠶᠠᠯᠳᠤᠯ᠎ᠳᠤ 60% ᠵᠢᠨ ᠰᠫᠢᠷᠲ ᠪᠦᠬᠦᠢ ᠭᠠᠷ ᠤᠬᠢᠶᠠᠬᠤ ᠠᠷᠢᠭᠤᠳᠬᠠᠭᠴᠢ ᠪᠡᠷ ᠬᠤᠶᠠᠷ ᠭᠠᠷ ᠵᠢᠠᠨ ᠠᠷᠢᠭᠤᠳᠬᠠᠬᠤ ᠬᠡᠷᠡᠭᠳᠡᠢ᠃

ᠪᠠᠶ᠎ᠠ ᠤᠬᠢᠶᠠᠬᠤ ᠨᠢ ᠬᠦᠯᠤᠰᠤ ᠪᠠ ᠬᠤᠤᠷ ᠪᠤᠷᠳᠠᠭ᠎ᠢ ᠤᠬᠢᠶᠠᠨ ᠠᠷᠢᠯᠭᠠᠵᠤ᠂ ᠬᠦᠯᠦᠰᠤ ᠢᠯᠭᠠᠷᠠᠭᠤᠯᠬᠤ ᠵᠢ ᠲᠦᠷᠬᠡᠳᠬᠡᠵᠤ᠂ ᠠᠷᠠᠰᠤ ᠮᠢᠬᠠᠨ᠎ᠤ ᠪᠠᠶ᠎ᠠ ᠵᠢᠨ ᠳᠤᠯᠠᠭᠠᠨ᠎ᠢ ᠠᠰᠢᠬᠳᠠᠢ ᠳᠤᠬᠢᠷᠠᠭᠤᠯᠬᠤ ᠪᠦᠬᠡᠳ ᠠᠷᠠᠰᠤᠨ᠎ᠤ 《ᠠᠮᠢᠰᠬᠤᠬᠤ》 ᠠᠵᠢᠯᠯᠠᠭ᠎ᠠ᠎ᠳᠤ ᠠᠰᠢᠬᠳᠠᠢ ᠤᠢᠯᠡᠴᠢᠯᠡᠳᠡᠭ; ᠪᠠᠶ᠎ᠠ ᠪᠡᠨ ᠤᠬᠢᠶᠠᠬᠤ ᠨᠢ ᠠᠷᠠᠰᠤ ᠪᠠ ᠪᠤᠯᠴᠢᠩ᠎ᠤᠨ ᠴᠢᠰᠤᠨ ᠡᠷᠬᠢᠯᠳᠠ ᠵᠢ ᠲᠦᠷᠬᠡᠳᠬᠡᠵᠤ ᠠᠷᠠᠰᠤᠨ᠎ᠳᠤ ᠨᠡᠩ ᠢᠯᠡᠬᠦᠤ ᠰᠢᠮ᠎ᠠ ᠲᠡᠵᠢᠬᠡᠯ ᠤᠯᠭᠤᠨ᠂ ᠰᠦᠨ᠎ᠤ ᠬᠦᠴᠢᠯ ᠵᠡᠷᠬᠡ ᠬᠦᠮᠤᠨ᠎ᠢ ᠶᠠᠳᠠᠷᠠᠵᠤ ᠵᠦᠳᠡᠷᠡᠬᠦᠯᠬᠦ ᠡᠳ᠋ ᠪᠠ ᠪᠤᠰᠤᠳ ᠬᠠᠶᠠᠭᠳᠠᠯ ᠡᠳ᠋᠎ᠢ ᠴᠡᠪᠡᠷᠯᠡᠵᠤ᠂ ᠪᠠᠶ᠎ᠠ ᠵᠢᠨ ᠶᠠᠳᠠᠷᠠᠭ᠎ᠠ ᠵᠢ ᠬᠦᠩᠬᠡᠷᠡᠬᠦᠯᠵᠤ᠂ ᠪᠤᠯᠴᠢᠩ᠎ᠤᠨ ᠬᠦᠨᠳᠡᠬᠦᠷᠯᠡᠯ᠎ᠢ ᠨᠠᠮᠳᠠᠭᠠᠨ᠎ᠠ; ᠪᠠᠶ᠎ᠠ ᠵᠢᠨ ᠳᠤᠯᠠᠭᠠᠨ ᠡᠴᠨ ᠬᠠᠯᠠᠭᠤᠨ ᠰᠢᠬ᠂ ᠪᠠᠶ᠎ᠠ᠎ᠳᠤ ᠲᠠᠭᠠᠳᠠᠢ ᠤᠬᠢᠶᠠᠯᠭ᠎ᠠ ᠵᠢᠨ ᠤᠰᠤ ᠨᠢ ᠠᠷᠠᠰᠤ᠂ ᠮᠡᠳᠡᠷᠡᠯ᠎ᠢ ᠠᠮᠤᠷᠵᠢᠭᠤᠯᠵᠤ ᠲᠠᠢᠪᠤᠰᠢᠷᠡᠭᠤᠯᠬᠤ ᠤᠢᠯᠠᠳᠤᠯ ᠲᠠᠢ ᠮᠦᠷᠳᠡᠬᠡᠨ ᠵᠠᠭᠠᠳᠤᠨᠠᠬᠤ ᠪᠠ ᠬᠦᠨᠳᠡᠬᠦᠷᠯᠡᠬᠦ ᠵᠢ ᠵᠤᠭᠰᠤᠭᠠᠵᠤ᠂ ᠪᠤᠰᠤᠳ ᠡᠪ ᠦᠬᠡᠢᠷᠡᠬᠦ ᠵᠢ ᠨᠠᠮᠳᠠᠭᠠᠬᠤ ᠪᠤᠯᠤᠨ᠎ᠠ᠃ ᠪᠠᠶ᠎ᠠ ᠤᠬᠢᠶᠠᠬᠤ ᠤᠰᠤ ᠵᠢ 38 ᠭᠷᠡᠳᠦ᠋ᠰ ᠪᠠᠢᠯᠭᠠᠬᠤ ᠨᠢ ᠬᠠᠮᠤᠭ᠎ᠤᠨ ᠳᠤᠬᠢᠷᠠᠮᠵᠢᠳᠡᠢ᠂ 40 ᠭᠷᠡᠳᠦ᠋ᠰ ᠡᠴᠨ ᠲᠠᠪᠠᠭᠤᠯᠬᠤ ᠦᠬᠡᠢ ᠪᠤᠯ ᠬᠠᠮᠤᠭ᠎ᠤᠨ ᠰᠠᠢᠨ᠃

ᠡᠮᠡᠭᠳᠡᠢ ᠡᠷᠡᠭᠳᠡᠢ ᠬᠡᠰᠡᠨ ᠦᠬᠡᠢ ᠤᠷᠤᠢ ᠪᠤᠯᠭᠠᠨ ᠤᠨᠳᠠᠬᠤ ᠡᠴᠨ ᠪᠡᠨ ᠡᠮᠤᠨ᠎ᠠ ᠴᠦᠮ ᠨᠢᠭᠤᠷ ᠭᠠᠷ ᠵᠢᠠᠨ ᠤᠬᠢᠶᠠᠵᠤ᠂ ᠪᠠᠶ᠎ᠠ ᠪᠡᠨ ᠦᠷᠬᠦᠯᠵᠢ ᠤᠬᠢᠶᠠᠨ᠂ ᠠᠯᠴᠢᠭᠤᠷ ᠪᠠ ᠤᠬᠢᠶᠠᠵᠤ ᠴᠡᠪᠡᠷᠯᠡᠬᠦ ᠪᠠᠭᠠᠵᠢ ᠬᠡᠷᠡᠭᠰᠡᠯ᠎ᠢ ᠬᠠᠮᠳᠤ᠎ᠳᠠᠭᠠᠨ ᠬᠡᠷᠡᠭᠯᠡᠬᠦ ᠦᠬᠡᠢ ᠪᠠᠢᠬᠤ ᠬᠡᠷᠡᠭᠳᠡᠢ᠃

ᠰᠢᠳᠤᠨ᠎ᠤ ᠱᠤᠸᠠᠰᠠ᠂ ᠠᠯᠴᠢᠭᠤᠷ᠂ ᠰᠠᠬᠠᠯ᠎ᠤᠨ ᠬᠢᠳᠤᠭ᠎ᠠ ᠵᠢ ᠪᠤᠰᠤᠳ ᠲᠠᠢ ᠬᠠᠮᠳᠤ ᠬᠡᠷᠡᠭᠯᠡᠬᠦ ᠦᠬᠡᠢ ᠪᠠᠢᠵᠤ᠂ ᠡᠪᠡᠳᠴᠢᠨ ᠡᠮᠬᠡᠭ ᠬᠠᠯᠳᠠᠪᠤᠷᠢᠯᠠᠬᠤ ᠡᠴᠨ ᠰᠡᠷᠬᠡᠢᠯᠡᠬᠦ ᠬᠡᠷᠡᠭᠳᠡᠢ᠃ ᠬᠡᠷᠪᠡ ᠠᠷᠠᠰᠤᠨ ᠡᠪᠡᠳᠴᠢᠨ ᠪᠤᠶᠤ ᠪᠤᠰᠤᠳ ᠬᠠᠯᠳᠠᠪᠤᠷᠢᠳᠤ ᠡᠪᠡᠳᠴᠢᠨ ᠲᠠᠢ ᠪᠠᠢᠪᠠᠯ᠂ ᠡᠪᠡᠳᠴᠢᠨ ᠡᠬᠦᠰᠬᠡᠭᠴᠢ ᠨᠢ ᠤᠬᠢᠶᠠᠯᠭ᠎ᠠ ᠵᠢᠨ ᠰᠠᠪᠠ ᠪᠠ ᠠᠯᠴᠢᠭᠤᠷ ᠲᠡᠬᠡᠷ᠎ᠠ ᠨᠠᠭᠠᠯᠳᠤᠭᠠᠳ ᠪᠤᠬᠢᠷᠳᠤᠭᠤᠯᠳᠠᠭ᠃ ᠬᠡᠷᠪᠡ ᠰᠠᠪᠠ᠂ ᠠᠯᠴᠢᠭᠤᠷ ᠵᠢᠠᠨ ᠪᠤᠰᠤᠳ ᠲᠠᠢ ᠬᠠᠮᠳᠤ ᠬᠡᠷᠡᠭᠯᠡᠪᠡᠯ᠂ ᠬᠠᠮᠳᠤ ᠬᠡᠷᠡᠭᠯᠡᠭᠰᠡᠳ ᠨᠢ ᠡᠳᠡᠬᠡᠷ ᠡᠪᠡᠳᠴᠢᠨ ᠡᠮᠬᠡᠭ ᠲᠤ᠌ ᠬᠠᠯᠳᠠᠪᠤᠷᠢᠯᠠᠭᠳᠠᠵᠤ ᠮᠡᠳᠡᠨ᠎ᠠ᠃ ᠠᠯᠴᠢᠭᠤᠷ ᠪᠠ ᠰᠠᠪᠠ ᠪᠡᠨ ᠪᠤᠰᠤᠳ ᠲᠠᠢ ᠬᠠᠮᠳᠤ ᠬᠡᠷᠡᠭᠯᠡᠬᠦ ᠦᠬᠡᠢ ᠪᠠᠢᠪᠠᠯ ᠨᠢᠳᠤ ᠬᠦᠰᠢᠬᠦ ᠡᠪᠡᠳᠴᠢᠨ᠂ 《ᠨᠢᠳᠤ ᠤᠢᠯᠠᠬᠤ ᠡᠪᠡᠳᠴᠢᠨ》 ᠵᠡᠷᠬᠡ ᠬᠦᠷᠤᠯᠴᠡᠬᠦ ᠡᠴᠨ ᠪᠤᠯᠵᠤ ᠬᠠᠯᠳᠠᠪᠤᠷᠢᠯᠠᠬᠤ ᠡᠪᠡᠳᠴᠢᠨ ᠡᠴᠨ ᠰᠡᠷᠬᠡᠢᠯᠡᠵᠤ ᠴᠢᠳᠠᠨ᠎ᠠ᠃

(《ᠡᠷᠡᠬᠦᠯ ᠡᠩᠬᠡ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号