— ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠢ᠋ ᠠᠭᠤᠰᠤᠯᠴᠠᠭᠤᠯᠤᠨ ᠬᠦᠭᠵᠢᠭᠦᠯᠦᠭᠰᠡᠨ 《ᠯᠢᠤᠢ ᠺᠠᠡᠭ ᠶᠤᠸᠠᠨ ᠤ᠋ ᠵᠠᠭᠪᠤᠷ》 ᠢ᠋ ᠲᠡᠮᠲᠡᠭᠯᠡᠪᠡ
11 ᠰᠠᠷ᠎ᠠ ᠵᠢᠨ ᠰᠡᠬᠦᠯᠴᠢ ᠪᠡᠷ ᠬᠦᠢᠲᠡᠨ ᠤ᠋ ᠡᠷᠴᠢ ᠴᠢᠡᠭᠭᠠᠷᠠᠭᠰᠡᠨ ᠪᠤᠯᠪᠠᠴᠦ ᠤᠯᠠᠭᠠᠨᠴᠠᠪ ᠤ᠋ᠨ ᠹᠧᠩᠵᠧᠨ ᠬᠤᠲᠠ ᠡᠴᠡ 10 ᠺᠢᠯᠤᠮᠸᠲᠷ ᠤ᠋ᠨ ᠵᠠᠢᠲᠠᠢ ᠵᠢᠦᠢ ᠪᠤᠤ ᠵᠤᠸᠠᠡᠭ ᠪᠠᠯᠭᠠᠰᠤ ᠶ᠋ᠢᠨ ᠯᠢᠦᠢ ᠺᠠᠩ ᠶᠤᠸᠠᠨ ᠠᠮᠢ ᠠᠬᠤᠢ ᠶ᠋ᠢᠨ ᠲᠠᠷᠢᠶᠠᠯᠠᠩ ᠤ᠋ᠨ ᠬᠦᠷᠢᠶᠡᠯᠡᠩ ᠲᠤᠭᠤᠷᠢᠭ ᠤ᠋ᠨ 201 ᠪᠠᠷᠢᠮᠵᠢᠶᠠᠵᠢᠭ᠍ᠰᠠᠨ ᠬᠦᠯᠡᠮᠵᠢ ᠳ᠋ᠦ ᠬᠠᠷᠢᠨ ᠨᠠᠪᠴᠢ ᠴᠡᠴᠡᠭ ᠳᠡᠯᠭᠡᠷᠡᠵᠦ᠂ ᠵᠢᠮᠢᠰ ᠨᠤᠭᠤᠭ᠎ᠠ ᠶ᠋ᠢᠨ ᠦᠨᠦᠷ ᠬᠠᠡᠭᠬᠤᠯᠤᠨ ᠵᠤᠨ ᠮᠡᠳᠦ ᠤᠷᠢᠨ ᠳᠤᠯᠠᠭᠠᠨ ᠪᠠᠢᠯ᠎ᠠ ᠃ ᠡᠳᠡᠭᠡᠷ ᠬᠦᠯᠡᠮᠵᠢ ᠳ᠋ᠤ 73 ᠵᠦᠢᠯ ᠤ᠋ᠨ ᠤᠷᠭᠠᠨᠢᠭ ᠢᠳᠡᠰᠢᠨ ᠨᠤᠭᠤᠭ᠎ᠠ ᠲᠠᠷᠢᠵᠤ ᠪᠠᠢᠬᠤ ᠪᠦᠭᠡᠳ ᠪᠠᠨᠠᠨᠠ᠂ ᠭᠠᠳᠢᠷ᠎ᠠ ᠵᠢᠮᠢᠰ᠂ ᠢᠩᠲᠤᠤᠷ ᠵᠡᠷᠭᠡ ᠡᠮᠦᠨ᠎ᠠ ᠤᠷᠤᠨ ᠤ᠋ ᠬᠠᠯᠠᠭᠤᠨ ᠪᠦᠰᠡ ᠶ᠋ᠢᠨ ᠵᠢᠮᠢᠰ ᠢ᠋ ᠴᠦ᠍ ᠲᠠᠷᠢᠵᠤ ᠪᠠᠢᠭ᠎ᠠ ᠨᠢ ᠨᠢᠭᠡ ᠶᠤᠰᠤᠨ ᠤ᠋ ᠭᠠᠢᠬᠠᠮᠰᠢᠭ ᠪᠢᠯᠡ᠃

2015 ᠤᠨ ᠳ᠋ᠤ ᠪᠠᠢᠭᠤᠯᠤᠭᠳᠠᠭᠰᠠᠨ ᠦᠪᠦᠷ ᠮᠤᠩᠭᠤᠯ ᠤ᠋ᠨ ᠯᠢᠦᠢ ᠺᠠᠩ ᠶᠤᠸᠠᠨ ᠠᠮᠢ ᠠᠬᠤᠢ ᠶ᠋ᠢᠨ ᠲᠠᠷᠢᠶᠠᠯᠠᠩ ᠤ᠋ᠨ ᠬᠢᠵᠠᠭᠠᠷᠳᠦ ᠺᠤᠮᠫᠠᠨᠢ ᠨᠢ ᠲᠠᠩ ᠴᠤᠯᠭᠤᠶ ᠲᠠᠷᠢᠮᠠᠯ ᠤ᠋ᠨ ᠦᠢᠯᠡᠰ ᠡᠷᠬᠢᠯᠡᠵᠦ ᠪᠠᠢᠭᠰᠠᠨ ᠡᠴᠡ ᠪᠠᠨ ᠠᠭᠠᠵᠢᠮ ᠶ᠋ᠢᠡᠷ ᠤᠷᠭᠠᠨᠢᠭ ᠢᠳᠡᠰᠢᠨ ᠨᠤᠭᠤᠭ᠎ᠠ ᠵᠢᠮᠢᠰ ᠪᠠ ᠡᠯᠳᠡᠪ ᠠᠮᠤ ᠶ᠋ᠢ ᠲᠠᠷᠢᠬᠤ᠂ ᠡᠳ᠋ᠰᠢᠭᠦᠯᠦᠨ ᠪᠤᠯᠪᠠᠰᠤᠷᠠᠭᠤᠯᠬᠤ᠂ ᠪᠤᠷᠤᠯᠠᠭᠤᠯᠬᠤ ᠪᠠ ᠬᠦᠷᠭᠡᠬᠦ ᠵᠢ ᠨᠢᠭᠡ ᠴᠤᠭᠴᠠᠵᠢᠭᠤᠯᠤᠭᠰᠠᠨ ᠪᠦᠬᠦ ᠠᠵᠤ ᠦᠢᠯᠡᠰ ᠤ᠋ᠨ ᠬᠡᠯᠬᠢᠶ᠎ᠡ ᠶ᠋ᠢᠨ ᠲᠠᠷᠢᠶᠠᠯᠠᠩ ᠤ᠋ᠨ ᠳᠠᠭᠠᠭᠤᠯᠤᠭ᠍ᠴᠢ ᠠᠵᠤ ᠠᠬᠤᠢᠯᠠᠯ ᠪᠤᠯᠤᠭᠰᠠᠨ ᠶᠤᠮ᠃ ᠲᠤᠰ ᠺᠤᠮᠫᠠᠨᠢ ᠵᠢᠯ ᠤ᠋ᠨ 100 ᠲᠦᠮᠡᠨ ᠵᠢᠩ ᠤ᠋ᠨ ᠤᠷᠭᠠᠨᠢᠭ ᠢᠳᠡᠰᠢᠨ ᠨᠤᠭᠤᠭ᠎ᠠ ᠦᠢᠯᠡᠳᠪᠤᠷᠢᠯᠡᠵᠦ᠂ ᠭᠤᠤᠯ ᠪᠤᠯᠬᠤ ᠪᠦᠲᠦᠭᠡᠭᠳᠡᠭᠦᠨ ᠨᠢ 7 ᠵᠢᠯ ᠳᠠᠷᠠᠭᠠᠯᠠᠨ ᠤᠯᠤᠰ ᠤ᠋ᠨ ᠣᠷᠭᠠᠨᠢᠭ ᠪᠦᠲᠦᠭᠡᠭᠳᠡᠭᠦᠨ ᠤ᠋ ᠭᠡᠷᠡᠴᠢᠯᠡᠯ ᠢ᠋ ᠣᠯᠵᠤ᠂ ᠪᠡᠭᠡᠵᠢᠩ᠂ ᠲᠢᠶᠠᠨᠵᠢᠨ᠂ ᠾᠧᠪᠧᠢ᠂ ᠵᠢᠶᠠᠩᠰᠤ᠂ ᠵᠧᠵᠢᠶᠠᠩ᠂ ᠭᠤᠸᠠᠩᠳ᠋ᠦ᠋ᠩ᠂ ᠱᠠᠨ ᠰᠢ ᠵᠡᠷᠭᠡ ᠪᠦᠬᠦ ᠤᠯᠤᠰ ᠤ᠋ᠨ 20 ᠭᠠᠷᠤᠢ ᠮᠤᠵᠢ ᠬᠤᠳᠠ ᠪᠠ ᠭᠠᠵᠠᠷ ᠤᠷᠤᠨ ᠳ᠋ᠤ ᠪᠤᠷᠤᠯᠠᠭᠤᠯᠤᠭᠳᠠᠵᠤ ᠪᠠᠢᠨ᠎ᠠ᠃
ᠤᠢᠷ᠎ᠠ ᠶ᠋ᠢᠨ ᠵᠢᠯ ᠳ᠋ᠤ ᠲᠤᠰ ᠺᠣᠮᠫᠠᠨᠢ ᠤᠷᠭᠠᠨᠢᠭ ᠲᠠᠷᠢᠶᠠᠯᠠᠩ ᠶ᠋ᠢᠡᠷ ᠰᠠᠭᠤᠷᠢ ᠪᠤᠯᠭᠠᠨ᠂ 《ᠳᠦᠷᠪᠡᠨ ᠤᠯᠠᠷᠢᠯ ᠤ᠋ᠨ ᠠᠷᠠᠳ ᠤ᠋ᠨ ᠰᠠᠭᠤᠴᠠ + ᠴᠠᠭ ᠤᠯᠠᠷᠢᠯ ᠤ᠋ᠨ ᠰᠤᠳᠤᠯᠤᠯ + ᠰᠢᠨᠵᠢᠯᠡᠬᠦ ᠤᠬᠠᠭᠠᠨᠴᠢ ᠡᠷᠡᠭᠦᠯᠵᠢᠯ ᠰᠤᠪᠢᠯᠠᠯᠲᠠ 》 ᠵᠢᠨ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠢ᠋ ᠠᠭᠤᠰᠤᠯᠴᠠᠭᠤᠯᠤᠨ ᠬᠦᠭᠵᠢᠭᠦᠯᠬᠦ ᠵᠠᠭ᠍ᠪᠤᠷ ᠶ᠋ᠢᠡᠷ 6 ᠲᠦᠮᠡᠨ ᠮᠦ᠍ ᠶ᠋ᠢᠨ ᠬᠦᠳᠡᠭᠡ ᠲᠤᠰᠬᠤᠨ ᠤ᠋ ᠵᠤᠭ᠎ᠠ ᠴᠡᠡᠭᠭᠡᠯ ᠤ᠋ᠨ ᠬᠦᠷᠢᠶᠡᠯᠡᠡᠭ ᠢ᠋ ᠪᠠᠢᠭᠤᠯᠵᠤ᠂ 《 ᠦᠢᠯᠡᠳᠪᠤᠷᠢᠯᠡᠯ — ᠠᠮᠢᠳᠤᠷᠠᠯ — ᠠᠮᠢ ᠠᠬᠤᠢ 》 ᠭᠤᠷᠪᠠ ᠶ᠋ᠢ ᠨᠢᠭᠡ ᠴᠤᠭᠴᠠᠵᠢᠭᠤᠯᠤᠭᠰᠠᠨ ᠲᠠᠯ᠎ᠠ ᠨᠤᠲᠤᠭ ᠤ᠋ᠨ ᠣᠷᠭᠠᠨᠢᠭ ᠠᠮᠢᠳᠤᠷᠠᠯ ᠤ᠋ᠨ ᠲᠤᠭᠤᠷᠢᠭ ᠢ᠋ ᠴᠤᠭᠴᠠᠯᠠᠨ᠂ ᠬᠤᠳᠠ ᠶ᠋ᠢᠨ ᠠᠷᠠᠳ ᠲᠤ᠌ ᠡᠷᠡᠭᠦᠯ ᠪᠦᠭᠡᠳ ᠴᠢᠨᠠᠷᠯᠢᠭ ᠠᠮᠢᠳᠤᠷᠠᠯ ᠢ᠋ ᠬᠦᠭᠡᠭᠡᠴᠡᠯᠳᠦᠬᠦ᠂ ᠬᠦᠳᠡᠭᠡ ᠨᠤᠳᠤᠭ ᠤ᠋ᠨ ᠬᠠᠪᠤ ᠴᠡᠩᠭᠡᠯ ᠢ᠋ ᠮᠡᠳᠡᠷᠡᠬᠦ ᠤᠷᠤᠨ ᠵᠠᠢ ᠬᠠᠩᠭᠠᠪᠠ᠃
ᠳᠥᠷᠪᠡᠨ ᠤᠯᠠᠷᠢᠯ ᠤ᠋ᠨ ᠠᠷᠠᠳ ᠤ᠋ᠨ ᠰᠠᠭᠤᠴᠠ ᠨᠢ 《 ᠬᠠᠪᠤᠷ ᠲᠦᠯᠵᠢᠬᠦ᠂ ᠵᠣᠨ ᠤᠷᠭᠤᠬᠤ᠂ ᠨᠠᠮᠤᠷ ᠬᠤᠷᠢᠶᠠᠬᠤ᠂ ᠡᠪᠦᠯ ᠨᠦᠬᠡᠴᠡᠯᠡᠬᠦ 》 ᠪᠡᠷ ᠭᠤᠤᠯ ᠰᠡᠳᠦᠪ ᠪᠤᠯᠭᠠᠨ᠂ ᠲᠠᠯ᠎ᠠ ᠨᠤᠲᠤᠭ ᠤ᠋ᠨ ᠦᠪᠡᠷᠮᠢᠴᠠ ᠡᠯᠧᠮᠧᠨ᠋ᠲ ᠢ᠋ ᠤᠷᠠᠨ ᠶ᠋ᠢᠡᠷ ᠠᠭᠤᠰᠤᠯᠴᠠᠭᠤᠯᠵᠤ᠂ 24 ᠲᠠᠰᠤᠯᠭ᠎ᠠ ᠮᠤᠳᠤᠨ ᠪᠠᠢᠰᠢᠡᠭ ᠪᠠ ᠢᠵᠢ ᠪᠦᠷᠢᠳᠦᠭᠰᠡᠨ ᠲᠦᠬᠦᠭᠡᠷᠦᠮᠵᠢ ᠲᠠᠢ ᠬᠡᠭᠡᠷ᠎ᠡ ᠪᠠᠭᠤᠳᠠᠯᠯᠠᠬᠤ ᠰᠠᠭᠤᠷᠢᠨ ᠢ᠋ ᠲᠤᠬᠢᠷᠠᠭᠤᠯᠤᠨ ᠪᠠᠢᠷᠢᠰᠢᠭᠤᠯᠵᠠᠢ᠃ ᠡᠯ᠎ᠠ ᠤᠯᠠᠷᠢᠯ ᠤ᠋ᠨ ᠠᠷᠠᠳ ᠤ᠋ᠨ ᠰᠠᠭᠤᠴᠠ ᠨᠢ ᠤᠯᠠᠷᠢᠯ ᠳ᠋ᠠᠭᠠᠨ ᠲᠤᠬᠢᠷᠠᠭᠰᠠᠨ ᠵᠠᠰᠠᠯ ᠴᠢᠮᠡᠭᠯᠡᠯ ᠪᠠ ᠲᠠᠷᠢᠮᠠᠯ ᠤ᠋ᠨ ᠬᠠᠰᠢᠶ᠎ᠠ ᠲᠠᠢ ᠪᠦᠭᠡᠳ ᠠᠷᠴᠢᠭᠤᠷ᠂ ᠬᠠᠳᠤᠭᠤᠷ᠂ ᠤᠰᠤ ᠰᠦᠷᠴᠢᠬᠦ ᠲᠠᠪᠤᠷ᠎ᠠ ᠵᠡᠷᠭᠡ ᠪᠠᠭᠠᠵᠢ ᠵᠢ ᠡᠩᠨᠡᠷᠡᠭᠦᠯᠦᠨ ᠲᠠᠯᠪᠢᠵᠤ᠂ ᠵᠢᠭᠤᠯᠴᠢᠯᠠᠭᠰᠠᠳ ᠰᠠᠢᠨ ᠳᠤᠷ᠎ᠠ ᠡᠴᠡ ᠪᠡᠨ ᠲᠠᠷᠢᠮᠠᠯ ᠤ᠋ᠨ ᠬᠠᠰᠢᠶ᠎ᠠ ᠶ᠋ᠢ ᠨᠢ ᠳᠠᠭᠠᠭᠠᠴᠢᠯᠠᠨ ᠠᠪᠴᠤ ᠲᠠᠷᠢᠵᠤ ᠠᠷᠠᠴᠢᠯᠠᠬᠤ ᠠᠵᠢᠯᠯᠠᠭ᠎ᠠ ᠳ᠋ᠦ ᠪᠠᠶᠠᠴᠢᠯᠡᠨ ᠤᠷᠤᠯᠴᠠᠵᠤ ᠪᠤᠯᠤᠨ᠎ᠠ᠃ ᠠᠭᠤᠳᠠᠮ ᠰᠠᠷᠠᠭᠤᠯ ᠵᠦᠯᠭᠡᠳᠤ ᠭᠠᠵᠠᠷ ᠲᠤ᠌ ᠪᠠᠢᠷᠢᠯᠠᠭᠤᠯᠤᠭᠰᠠᠨ ᠬᠡᠭᠡᠷ᠎ᠡ ᠪᠠᠭᠤᠳᠠᠯᠯᠠᠬᠤ ᠰᠠᠭᠤᠷᠢᠨ ᠨᠢ ᠬᠦᠨᠵᠢᠯᠡ ᠳᠡᠪᠢᠰᠭᠡᠷ᠂ ᠨᠠᠷᠠᠨ ᠤ᠋ ᠡᠨ᠋ᠸᠷᠬᠢ ᠶ᠋ᠢᠨ ᠴᠠᠬᠢᠯᠭᠠᠨ ᠴᠡᠨᠡᠭᠯᠡᠬᠦ ᠲᠦᠬᠦᠭᠡᠷᠦᠮᠵᠢ ᠵᠡᠷᠭᠡ ᠨᠠᠭᠠᠳᠤ ᠵᠠᠬ᠎ᠠ ᠶ᠋ᠢᠨ ᠠᠮᠢᠳᠤᠷᠠᠯ ᠤ᠋ᠨ ᠬᠡᠷᠡᠭᠴᠡᠭᠡ ᠶ᠋ᠢ ᠬᠠᠩᠭᠠᠬᠤ ᠡᠯ᠎ᠡ ᠵᠦᠢᠯ ᠤ᠋ᠨ ᠮᠠᠢᠬᠠᠨ ᠢ᠋ ᠳᠦᠷᠢᠶᠠᠰᠦᠯᠡᠭᠦᠯᠳᠡᠭ᠃ ᠮᠠᠢᠬᠠᠨ ᠤ᠋ ᠭᠠᠳᠠᠨ᠎ᠠ ᠨᠢ ᠪᠠᠰᠠ ᠦᠪᠡᠷᠮᠢᠴᠡ ᠤᠨᠴᠠᠯᠢᠭᠳᠤ ᠰᠢᠷᠡᠭᠡ ᠰᠠᠨᠳᠠᠯᠢ᠂ ᠳᠡᠭᠦᠵᠢᠡᠭ ᠤᠷᠤ ᠵᠡᠷᠭᠡ ᠪᠠᠢᠵᠤ᠂ ᠵᠢᠭᠤᠯᠴᠢᠯᠠᠭᠰᠠᠳ ᠤ᠋ᠨ ᠬᠡᠭᠡᠷ᠎ᠡ ᠬᠣᠭᠣᠯᠠᠯᠠᠬᠤ᠂ ᠠᠮᠠᠷᠠᠯᠲᠠ ᠶ᠋ᠢᠨ ᠡᠳᠦᠷ ᠶ᠋ᠢᠡᠨ ᠬᠠᠪᠤᠲᠠᠢ ᠰᠠᠢᠬᠠᠨ ᠦᠩᠭᠡᠷᠡᠭᠦᠯᠬᠦ ᠳ᠋ᠤ ᠭᠤᠢᠳᠠ ᠰᠠᠢᠬᠠᠨ ᠤᠷᠴᠢᠨ ᠬᠠᠩᠭᠠᠪᠠ᠃ ᠬᠤᠷᠢᠨ ᠳᠦᠷᠪᠡᠨ ᠤᠯᠠᠷᠢᠯ ᠤ᠋ᠨ ᠭᠤᠤᠯ ᠰᠡᠳᠦᠪᠳᠤ ᠲᠤᠭᠤᠭᠠᠨ ᠭᠡᠷ ᠨᠢ ᠪᠠᠰᠠ ᠮᠠᠰᠢ ᠰᠤᠨᠢᠷᠬᠠᠯᠳᠠᠢ ᠤᠷᠤᠨ ᠪᠠᠢᠵᠤ᠂ ᠵᠢᠭᠤᠯᠴᠢᠯᠠᠭᠰᠠᠳ ᠪᠡᠯᠡᠨ ᠪᠠᠢᠬᠤ ᠲᠤᠭᠤᠭᠠᠨ ᠭᠡᠷ ᠤ᠋ᠨ ᠬᠡᠷᠡᠭᠰᠡᠯ ᠪᠠ ᠤᠷᠭᠠᠨᠢᠭ ᠢᠳᠡᠭᠡᠨ ᠤ᠋ ᠮᠠᠲᠧᠷᠢᠶᠠᠯ ᠶ᠋ᠢᠡᠷ ᠨᠢ ᠡᠯ᠎ᠠ ᠴᠠᠭ ᠤᠯᠠᠷᠢᠯ ᠤ᠋ᠨ ᠤᠨᠴᠠᠯᠢᠭᠳᠤ ᠢᠳᠡᠭᠡᠨ ᠢ᠋ ᠬᠢᠵᠦ ᠠᠮᠳᠠᠷᠬᠠᠨ ᠵᠤᠭᠤᠭᠯᠠᠵᠤ ᠪᠤᠯᠤᠨ᠎ᠠ᠃

ᠴᠠᠭ ᠤᠯᠠᠷᠢᠯ ᠤ᠋ᠨ ᠰᠤᠳᠤᠯᠤᠯ ᠨᠢ ᠺᠤᠮᠫᠠᠨᠢ ᠶ᠋ᠢᠨ ᠲᠠᠷᠢᠶᠠᠯᠠᠩ ᠤ᠋ᠨ ᠰᠤᠶᠤᠯ ᠤ᠋ᠨ ᠦᠵᠡᠭᠦᠯᠭᠡ ᠶ᠋ᠢᠨ ᠤᠷᠳᠤᠨ ᠬᠢᠭᠡᠳ ᠰᠢᠨᠵᠢᠯᠡᠬᠦ ᠤᠬᠠᠭᠠᠨ ᠢ᠋ ᠲᠦᠭᠡᠮᠡᠯᠵᠢᠭᠦᠯᠬᠦ ᠤᠷᠳᠤᠨ ᠳ᠋ᠤ ᠲᠦᠰᠢᠭᠯᠡᠨ《ᠲᠠᠷᠢᠶᠠᠯᠠᠩ ᠦᠢᠯᠡᠳᠪᠦᠷᠢᠯᠡᠯ ᠤ᠋ᠨ ᠦᠶ᠋ᠯᠡᠳᠦᠯᠭᠡ + ᠰᠤᠶᠤᠯ ᠰᠢᠨᠵᠢᠯᠡᠬᠦ ᠤᠬᠠᠭᠠᠨ ᠢ᠋ ᠲᠦᠭᠡᠮᠡᠯᠵᠢᠭᠦᠯᠬᠦ᠌ + ᠳᠤᠷ᠎ᠠ ᠪᠠᠬ᠎ᠠ ᠶ᠋ᠢᠨ ᠠᠵᠢᠯᠯᠠᠭ᠎ᠠ》 ᠶ᠋ᠢᠨ ᠢᠵᠢ ᠪᠦᠷᠢᠨ ᠰᠤᠳᠤᠯᠤᠨ ᠰᠤᠷᠤᠯᠴᠠᠬᠤ ᠰᠢᠰᠲᠸᠮ ᠢ᠋ ᠪᠠᠢᠭᠤᠯᠵᠤ᠂ ᠵᠢᠯ ᠤ᠋ᠨ 12 ᠲᠦᠮᠡᠨ ᠵᠢᠭᠤᠯᠴᠢᠯᠠᠭᠴᠢ ᠶ᠋ᠢ ᠬᠦᠯᠢᠶᠡᠨ ᠠᠪᠬᠤ ᠴᠢᠳᠠᠪᠤᠷᠢ ᠶ᠋ᠢ ᠪᠦᠷᠢᠯᠳᠦᠭᠦᠯᠪᠡ᠃ ᠡᠭᠦᠨ ᠳ᠋ᠤ ᠵᠢᠭᠤᠯᠴᠢᠯᠠᠭᠰᠠᠳ᠂ ᠤᠨᠴᠠᠭᠠᠢᠯᠠᠨ ᠵᠠᠯᠠᠭᠤᠴᠤᠳ ᠪᠠᠭᠠᠴᠤᠳ ᠲᠦ᠍ ᠬᠠᠨᠳᠤᠭᠤᠯᠤᠨ ᠬᠠᠪᠤᠷ ᠤ᠋ᠨ ᠬᠤᠭᠤᠰ ᠤ᠋ᠨ ᠦᠶᠡᠰ ᠶ᠋ᠢᠡᠷ 《ᠦᠨᠳᠡᠭᠡ ᠵᠤᠭᠰᠤᠭᠠᠬᠤ ᠮᠦᠷᠦᠢᠴᠡᠭᠡᠨ》 ᠡᠷᠬᠢᠯᠡᠵᠤ᠂ ᠳᠡᠯᠡᠭᠡᠢ ᠶ᠋ᠢᠨ ᠪᠦᠮᠪᠤᠷᠴᠡᠭ ᠤ᠋ᠨ ᠰᠤᠷᠢᠨᠵᠢᠨ ᠤᠷᠤᠨ ᠤ᠋ ᠬᠤᠪᠢᠷᠠᠯᠳᠠ ᠶ᠋ᠢᠨ ᠭᠠᠢᠬᠠᠮᠰᠢᠭ ᠢ᠋ ᠬᠠᠷᠠᠭᠤᠯᠬᠤ ᠶ᠋ᠢᠨ ᠬᠠᠮᠳᠤ ᠡᠷᠳᠡᠨᠢ ᠰᠢᠰᠢ ᠪᠠ ᠪᠤᠷᠴᠠᠭ ᠲᠠᠷᠢᠬᠤ ᠠᠵᠢᠯᠯᠠᠭ᠎ᠠ ᠳᠤᠬᠢᠷᠠᠭᠤᠯᠤᠨ᠂ ᠤᠳᠤᠨ ᠤᠷᠤᠨ ᠤ᠋ ᠤᠬᠠᠭᠠᠨ ᠲᠠᠢ ᠤᠶᠠᠯᠳᠤᠭᠤᠯᠤᠨ ᠬᠠᠪᠤᠷ ᠤ᠋ᠨ ᠬᠤᠭᠤᠰ ᠶ᠋ᠢᠡᠷ ᠡᠳᠦᠷ ᠰᠦᠨᠢ ᠲᠡᠩᠴᠡᠵᠦ ᠢᠷᠡᠬᠦ ᠶ᠋ᠢᠨ ᠤᠭ ᠶᠤᠰᠤ ᠶ᠋ᠢ ᠲᠠᠢᠯᠪᠤᠷᠢᠯᠠᠵᠤ᠂ ᠬᠠᠪᠤᠷ ᠤ᠋ᠨ ᠬᠤᠭᠤᠰ ᠤ᠋ᠨ ᠲᠠᠷᠢᠶᠠᠯᠠᠩ ᠦᠢᠯᠡᠳᠪᠤᠷᠢᠯᠡᠯ ᠳ᠋ᠡᠬᠢ ᠴᠢᠬᠤᠯᠠ ᠴᠢᠨᠠᠷ ᠢ᠋ ᠤᠢᠯᠠᠭᠠᠭᠤᠯᠳᠠᠭ᠃ ᠡᠪᠤᠯ ᠤ᠋ᠨ ᠲᠤᠢᠯ ᠤ᠋ᠨ ᠦᠶᠡᠰ ᠶ᠋ᠢᠡᠷ ᠪᠠᠩᠰᠢ ᠪᠠᠷᠢᠬᠤ ᠤᠷᠤᠯᠳᠤᠭᠠᠨ ᠢ᠋ ᠵᠤᠬᠢᠶᠠᠨ ᠪᠠᠢᠭᠤᠯᠵᠤ᠂ ᠶᠢᠰᠦ ᠤᠷᠤᠭᠰᠠᠨ ᠡᠳᠦᠷ ᠤ᠋ᠳ ᠶ᠋ᠢᠡᠷ ᠳᠠᠭᠠᠷᠠᠵᠤ ᠵᠢᠩᠬᠢᠨᠡᠬᠦ ᠡᠴᠡ ᠰᠡᠷᠭᠡᠢᠯᠡᠬᠦ ᠶᠤᠰᠤ ᠤᠬᠠᠭᠠᠨ ᠢ᠋ ᠲᠠᠢᠯᠪᠤᠷᠢᠯᠡᠵᠦ ᠦᠭᠳᠡᠭ᠃ ᠲᠠᠷᠢᠶᠠᠯᠠᠩ ᠦᠢᠯᠡᠳᠪᠦᠷᠢᠯᠡᠯ ᠤ᠋ᠨ ᠦᠶ᠋ᠯᠡᠳᠦᠯᠭᠡ ᠶ᠋ᠢᠨ ᠲᠠᠯ᠎ᠠ ᠪᠡᠷ ᠢᠳᠡᠰᠢᠨ ᠨᠤᠭᠤᠭ᠎ᠠ ᠶ᠋ᠢ ᠲᠠᠨᠢᠬᠤ ᠪᠠ ᠲᠡᠬᠦᠬᠦ ᠲᠤᠭᠤᠷᠢᠭ ᠭᠠᠷᠭᠠᠵᠤ᠂ ᠪᠠᠭᠠᠴᠤᠳ ᠬᠡᠤᠬᠡᠳ ᠤ᠋ᠨ ᠲᠤᠷ᠎ᠠ ᠪᠠᠬ᠎ᠠ ᠳ᠋ᠤ ᠵᠤᠬᠢᠴᠠᠭᠤᠯᠤᠭᠰᠠᠨ ᠬᠦᠳᠡᠯᠮᠦᠷᠢ ᠶ᠋ᠢᠨ ᠨᠠᠭᠠᠳᠤᠮ ᠳᠤᠬᠢᠷᠠᠭᠤᠯᠤᠨ᠂ ᠨᠠᠭᠠᠳᠴᠤ ᠬᠦᠭᠡᠷᠬᠦ ᠶ᠋ᠢᠨ ᠬᠤᠭᠤᠷᠤᠨᠳᠤ ᠮᠡᠳᠡᠯᠭᠡ ᠡᠵᠡᠮᠰᠢᠬᠦᠯᠳᠡᠭ ᠶᠤᠮ᠃
ᠰᠢᠨᠵᠢᠯᠡᠬᠦ ᠤᠬᠠᠭᠠᠨᠴᠢ ᠡᠷᠡᠭᠦᠯᠵᠢᠯ ᠰᠤᠪᠢᠯᠠᠯᠲᠠ ᠨᠢ ᠺᠤᠮᠫᠠᠨᠢ ᠶ᠋ᠢᠨ ᠤᠷᠭᠠᠨᠢᠭ ᠲᠠᠷᠢᠮᠠᠯ ᠤ᠋ᠨ ᠡᠬᠢ ᠪᠠᠶᠠᠯᠢᠭ ᠪᠤᠯᠤᠨ ᠤᠳᠤ ᠦᠶ᠎ᠡ ᠶ᠋ᠢᠨ ᠡᠷᠡᠭᠦᠯ ᠮᠡᠨᠳᠦ ᠶ᠋ᠢᠨ ᠬᠠᠮᠢᠶᠠᠷᠤᠯᠲᠠ ᠶ᠋ᠢᠨ ᠮᠡᠷᠭᠡᠵᠢᠯ ᠲᠠᠢ ᠤᠶᠠᠯᠳᠤᠭᠤᠯᠤᠨ᠂ 《ᠢᠳᠡᠭᠡᠨ ᠤ᠋ ᠰᠤᠪᠢᠯᠠᠯᠲᠠ + ᠹᠢᠽᠢᠺ ᠤ᠋ᠨ ᠵᠠᠰᠠᠯ + ᠬᠢᠨᠠᠨ ᠬᠡᠮᠵᠢᠯᠲᠡ》 ᠶ᠋ᠢᠨ ᠡᠷᠡᠭᠦᠯᠵᠢᠯ ᠰᠤᠪᠢᠯᠠᠯᠲᠠ ᠶ᠋ᠢᠨ ᠱᠢᠰᠲ᠋ᠧᠮ ᠢ᠋ ᠪᠠᠢᠭᠤᠯᠵᠤ᠂ ᠵᠢᠭᠤᠯᠴᠢᠯᠠᠭ᠍ᠰᠠᠳ ᠲᠤ᠌ ᠪᠦᠬᠦ᠌ ᠲᠠᠯ᠎ᠠ ᠶ᠋ᠢᠨ ᠡᠷᠡᠭᠦᠯ ᠮᠡᠨᠳᠦ᠍ ᠶ᠋ᠢᠨ ᠦᠢᠯᠡᠴᠢᠯᠡᠭᠡ ᠦᠷᠨᠢᠭᠦᠯᠵᠦ ᠪᠤᠢ᠃ ᠡᠭᠦᠨ ᠳ᠋ᠤ ᠺᠤᠮᠫᠠᠨᠢ ᠶ᠋ᠢᠨ ᠵᠢᠡᠨ 73 ᠵᠦᠢᠯ ᠤ᠋ᠨ ᠤᠷᠭᠠᠨᠢᠭ ᠢᠳᠡᠰᠢᠨ ᠨᠤᠭᠤᠭ᠎ᠠ ᠲᠠᠢ ᠤᠶᠠᠯᠳᠤᠭᠤᠯᠤᠨ᠂ ᠲᠤᠰᠬᠠᠢ ᠮᠡᠷᠭᠡᠵᠢᠯ ᠤ᠋ᠨ ᠰᠢᠮ᠎ᠡ ᠲᠡᠵᠢᠭᠡᠯ ᠤ᠋ᠨ ᠤᠬᠠᠭᠠᠨᠳᠠᠨ ᠢ᠋ ᠤᠷᠢᠵᠤ ᠬᠤᠷᠢᠨ ᠳᠦᠷᠪᠡᠨ ᠴᠠᠭ ᠤᠯᠠᠷᠢᠯ ᠵᠢᠴᠢ ᠵᠢᠭᠤᠯᠴᠢᠯᠠᠭᠴᠢ ᠶ᠋ᠢᠨ ᠪᠡᠶ᠎ᠡ ᠮᠠᠬᠠᠪᠤᠳ ᠤ᠋ᠨ ᠪᠠᠢᠳᠠᠯ ᠢ᠋ ᠦᠨᠳᠦᠰᠦᠯᠡᠵᠦ᠂ ᠳᠡᠯᠢᠭᠦᠦ ᠰᠠᠢᠵᠢᠷᠠᠭᠤᠯᠬᠤ ᠱᠢᠩᠭᠡᠨ ᠪᠤᠳᠠᠭ᠎ᠠ᠂ ᠠᠭᠤᠰᠭᠢ ᠶ᠋ᠢ ᠵᠦᠭᠡᠯᠡᠷᠡᠭᠦᠯᠬᠦ ᠤᠮᠳᠠᠭᠠᠨ ᠵᠡᠷᠭᠡ ᠵᠠᠬᠢᠶᠠᠯᠠᠭ᠎ᠠ ᠶ᠋ᠢᠨ ᠢᠳᠡᠭᠡᠨ ᠤᠮᠳᠠᠭᠠᠨ ᠬᠠᠩᠭᠠᠳᠠᠭ᠃ ᠪᠠᠰᠠ ᠨᠡᠷᠡᠳᠤ ᠡᠮᠴᠢ ᠵᠢ ᠤᠷᠢᠵᠤ᠂ ᠵᠢᠭᠤᠯᠴᠢᠯᠠᠭᠰᠠᠳ ᠲᠦ᠍ ᠰᠤᠢᠬᠠ ᠪᠡᠷ ᠲᠦᠭᠡᠨᠡᠬᠦ᠂ ᠢᠯᠢᠵᠦ ᠨᠤᠬᠤᠯᠠᠬᠤ᠂ ᠵᠡᠭᠦᠦ ᠪᠡᠷ ᠲᠦᠭᠡᠨᠡᠬᠦ ᠵᠡᠷᠭᠡ ᠬᠢᠲᠠᠳ ᠡᠮᠨᠡᠯᠭᠡ ᠶ᠋ᠢᠨ ᠹᠢᠽᠢᠺ ᠤ᠋ᠨ ᠵᠠᠰᠠᠯ ᠤ᠋ᠨ ᠦᠶ᠋ᠯᠡᠴᠢᠯᠡᠭᠡ ᠬᠠᠡᠭᠭᠠᠵᠤ ᠪᠠᠢᠨ᠎ᠠ᠃
ᠯᠢᠦᠢ ᠺᠠᠩ ᠶᠤᠸᠠᠨ ᠺᠣᠮᠫᠠᠨᠢ ᠶ᠋ᠢᠨ ᠡᠢᠨ ᠬᠦ᠌ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠢ᠋ ᠠᠭᠤᠰᠤᠯᠴᠠᠭᠤᠯᠤᠨ ᠬᠦᠭᠵᠢᠭᠦᠯᠬᠦ ᠵᠠᠭᠪᠤᠷ ᠨᠢ ᠤᠯᠠᠮᠵᠢᠯᠠᠯᠲᠤ ᠠᠵᠤ ᠦᠢᠯᠡᠰ ᠤ᠋ᠨ ᠳᠤᠮᠳᠠᠬᠢ ᠵᠠᠭᠠᠭ ᠱᠤᠭᠤᠮ ᠢ᠋ ᠡᠪᠳᠡᠵᠦ᠂ ᠡᠯ᠎ᠡ ᠠᠵᠤ ᠦᠢᠯᠡᠰ ᠤ᠋ᠨ ᠠᠩ ᠵᠠᠢ ᠦᠭᠡᠢ ᠵᠣᠯᠭᠠᠯᠴᠠᠬᠤ ᠪᠠ ᠬᠠᠮᠵᠢᠯᠴᠠᠨ ᠬᠥᠭ᠌ᠵᠢᠬᠦ᠌ᠶ᠋ᠢ ᠪᠡᠶᠡᠯᠡᠭᠦᠯᠵᠠᠢ᠃ ᠵᠢᠭᠤᠯᠴᠢᠯᠠᠭᠰᠡᠳ ᠨᠢᠭᠡ ᠯᠡ ᠡᠳᠦᠷ ᠤ᠋ᠨ ᠲᠤᠳᠤᠷ᠎ᠠ ᠤᠷᠭᠠᠨᠢᠭ ᠠᠮᠢᠳᠤᠷᠠᠯ ᠤ᠋ᠨ ᠲᠤᠭᠤᠷᠢᠭ ᠢ᠋ ᠭᠦᠢᠴᠡᠳ ᠤᠢᠯᠠᠭᠠᠵᠤ᠂ ᠵᠢᠭᠤᠯᠴᠢᠯᠠᠯ ᠤ᠋ᠨ ᠮᠡᠳᠡᠷᠡᠮᠵᠢ ᠪᠡᠨ ᠪᠠᠶᠠᠯᠢᠭᠵᠢᠭᠤᠯᠬᠤ ᠶ᠋ᠢᠨ ᠵᠡᠷᠭᠡ ᠪᠡᠷ ᠺᠤᠮᠫᠠᠨᠢ ᠶ᠋ᠢᠨ ᠲᠠᠷᠢᠶᠠᠯᠠᠩ ᠤ᠋ᠨ ᠪᠦᠲᠦᠭᠡᠭᠳᠡᠭᠦᠨ ᠤ᠋ ᠨᠡᠮᠡᠯᠲᠡ ᠦᠷᠳᠡᠭ ᠢ᠋ ᠶᠡᠬᠡ ᠪᠡᠷ ᠳᠡᠭᠡᠭ᠌ᠰᠢᠯᠡᠭᠦᠯᠵᠦ᠍᠂ ᠡᠯ᠎ᠠ ᠠᠵᠤ ᠦᠢᠯᠡᠰ ᠤ᠋ᠨ ᠬᠠᠷᠢᠯᠴᠠᠨ ᠳᠠᠢᠴᠢᠯᠠᠵᠤ ᠬᠠᠷᠢᠯᠴᠠᠨ ᠬᠦᠭᠵᠢᠭᠦᠯᠬᠦ ᠦᠢᠯᠡᠳᠦᠯ ᠢ᠋ ᠴᠢᠩᠭᠠᠳᠬᠠᠨ᠂ ᠰᠠᠢᠨ ᠰᠠᠢᠬᠠᠨ ᠡᠷᠬᠢᠯᠳᠡᠳᠦ ᠠᠵᠤ ᠦᠢᠯᠡᠰ ᠤ᠋ᠨ ᠠᠮᠢ ᠠᠬᠤᠢ ᠵᠢ ᠪᠦᠷᠢᠯᠳᠦᠭᠦᠯᠪᠡ᠃
ᠲᠤᠰ ᠺᠣᠮᠫᠠᠨᠢ ᠡᠷᠬᠢᠨ ᠲᠤᠭᠤᠷᠢᠨ ᠤ᠋ 100 ᠭᠠᠷᠤᠢ ᠲᠠᠷᠢᠶᠠᠴᠢᠨ ᠢ᠋ ᠬᠦᠯᠦᠰᠤᠯᠠᠵᠤ᠂ 70 ᠬᠦᠮᠦᠨ ᠲᠠᠢ ᠨᠢ ᠤᠷᠳᠤ ᠬᠤᠭᠤᠴᠠᠭᠠᠨ ᠤ᠋ ᠬᠦᠳᠡᠯᠮᠦᠷᠢ ᠶ᠋ᠢᠨ ᠭᠡᠷ᠎ᠡ ᠲᠤᠭᠲᠠᠬᠤ ᠵᠢᠴᠢ ᠲᠠᠷᠢᠶᠠᠴᠢᠳ ᠤ᠋ᠨ ᠲᠠᠷᠢᠶ᠎ᠠ ᠵᠢ ᠮᠦ᠍ ᠪᠦᠷᠢ ᠳ᠋ᠤ 500 ᠲᠦᠭᠦᠷᠢᠭ ᠶ᠋ᠢᠡᠷ ᠳᠦᠷᠢᠶᠡᠰᠦᠯᠡᠬᠦ ᠵᠡᠷᠭᠡ ᠠᠷᠭ᠎ᠠ ᠪᠡᠷ 《 ᠲᠣᠭ᠍ᠲᠠᠮᠠᠯ ᠴᠠᠯᠢᠩ + ᠬᠤᠪᠢ ᠣᠷᠣᠭᠤᠯᠤᠭ᠍ᠰᠠᠨ ᠮᠥᠩᠭᠥ᠌ + ᠲᠦᠷᠢᠶᠡᠰᠦᠨ ᠮᠥᠩᠭᠥ᠌ 》 ᠶ᠋ᠢᠨ ᠲᠠᠷᠢᠶᠠᠴᠢᠳ ᠤ᠋ᠨ ᠣᠷᠣᠯᠭ᠎ᠠ ᠶ᠋ᠢ ᠪᠠᠳᠤᠯᠠᠬᠤ ᠤᠯᠠᠨ ᠡᠱᠢᠲᠦ ᠵᠠᠭᠪᠤᠷ ᠢ᠋ ᠪᠠᠢᠭᠤᠯᠤᠨ᠂ 143 ᠲᠠᠷᠢᠶᠠᠯᠠᠬᠤ ᠡᠷᠦᠬᠡ ᠶ᠋ᠢ ᠶᠠᠳᠠᠭᠤ ᠡᠴᠡ ᠠᠩᠬᠢᠵᠢᠷᠠᠭᠤᠯᠵᠤ᠂ ᠡᠷᠦᠬᠡ ᠳᠤᠮᠳᠠᠴᠢ ᠶ᠋ᠢᠨ ᠤᠷᠤᠯᠭ᠎ᠠ ᠶ᠋ᠢ ᠨᠢ 4 ᠲᠦᠮᠡᠨ ᠲᠦᠭᠦᠷᠢᠭ ᠨᠡᠮᠡᠭᠳᠡᠭᠦᠯᠵᠠᠢ᠃ ᠡᠭᠦᠨ ᠤ᠋ ᠵᠡᠷᠭᠡ ᠪᠡᠷ ᠲᠠᠷᠢᠶᠠᠴᠢᠳ ᠲᠦ᠍ ᠲᠡᠷᠢᠭᠦᠨ ᠤ᠋ ᠮᠡᠷᠭᠡᠵᠢᠯ ᠪᠠ ᠬᠠᠮᠢᠶᠠᠷᠤᠯᠲᠠ ᠶ᠋ᠢᠨ ᠲᠤᠷᠱᠢᠯᠭ᠎ᠠ ᠶ᠋ᠢ ᠰᠤᠷᠴᠤ ᠰᠤᠷᠤᠯᠴᠠᠬᠤ ᠵᠠᠪᠰᠢᠶᠠᠨ ᠤᠯᠭᠤᠵᠤ᠂ ᠲᠠᠷᠢᠶᠠᠴᠢᠳ ᠤ᠋ᠨ ᠬᠡᠪ ᠪᠤᠯᠪᠠᠰᠤᠷᠠᠯ ᠢ᠋ ᠳᠡᠭᠡᠭᠰᠢᠯᠡᠭᠦᠯᠤᠨ᠂ ᠰᠢᠨ᠎ᠠ ᠴᠠᠭ ᠦᠶ᠎ᠠ ᠶ᠋ᠢᠨ 《ᠰᠢᠨ᠎ᠠ ᠲᠠᠷᠢᠶᠠᠴᠢᠨ》 ᠪᠤᠯᠭᠠᠨ ᠬᠤᠪᠢᠷᠠᠭᠤᠯᠬᠤ ᠳ᠋ᠤ ᠬᠦᠴᠦᠨ ᠨᠡᠮᠡᠷᠢᠯᠡᠭᠰᠡᠨ ᠪᠠᠢᠨ᠎ᠠ᠃

ᠤᠢᠷ᠎ᠠ ᠶ᠋ᠢᠨ ᠵᠢᠯ ᠳ᠋ᠤ ᠯᠢᠦᠢ ᠺᠠᠩ ᠶᠤᠸᠠᠨ ᠺᠣᠮᠫᠠᠨᠢ ᠤᠷᠢᠳ ᠬᠤᠵᠢᠳ ᠤᠯᠤᠰ ᠤ᠋ᠨ 《ᠤᠴᠢ ᠶ᠋ᠢᠨ ᠭᠠᠯ ᠰᠢᠨ᠎ᠡ ᠵᠢ ᠡᠭᠦᠳᠴᠦ ᠦᠢᠯᠡᠰ ᠪᠤᠰᠬᠠᠬᠤ ᠦᠢᠯᠡᠴᠢᠯᠡᠭᠡᠨ ᠤ᠋ ᠲᠠᠪᠴᠠᠡᠭ》 ᠤ᠋ᠨ ᠲᠤᠷᠰᠢᠯᠲᠠ ᠶ᠋ᠢᠨ ᠴᠡᠭ ᠤ᠋ᠨ ᠨᠢᠭᠡᠴᠢ᠂ ᠤᠯᠤᠰ ᠤ᠋ᠨ ᠳᠡᠰ ᠤ᠋ᠨ ᠠᠮᠢ ᠠᠬᠤᠢ ᠶ᠋ᠢᠨ ᠲᠠᠷᠢᠶᠠᠯᠠᠡᠭ ᠤ᠋ᠨ ᠲᠠᠯᠠᠪᠠᠢ᠂ ᠥᠪᠡᠷᠲᠡᠭᠡᠨ ᠵᠠᠰᠠᠬᠤ ᠣᠷᠣᠨ ᠤ᠋ ᠶᠠᠳᠠᠭᠤᠶ᠋ᠢ ᠲᠡᠳᠬᠦᠬᠦ ᠳᠠᠭᠠᠭᠤᠯᠤᠭ᠍ᠴᠢ ᠠᠵᠤ ᠠᠬᠤᠢᠯᠠᠯ᠂《ᠲᠦᠮᠡᠨ ᠠᠵᠤ ᠠᠬᠤᠢᠯᠠᠯ ᠲᠦᠮᠡᠨ ᠲᠤᠰᠬᠤᠨ ᠢ᠋ ᠳᠡᠳᠬᠦᠬᠦ》 ᠤᠨᠢᠨ ᠳᠡᠭᠡᠷ᠎ᠠ ᠨᠢ ᠶᠠᠳᠠᠭᠤ ᠶ᠋ᠢ ᠳᠡᠳᠬᠦᠬᠦ ᠲᠡᠷᠢᠭᠦᠨ ᠤ᠋ ᠠᠵᠤ ᠠᠬᠤᠢᠯᠠᠯ ᠵᠡᠷᠭᠡ ᠢᠷᠠᠭᠤ ᠠᠯᠳᠠᠷ ᠢ᠋ ᠬᠦᠷᠳᠡᠵᠠᠢ᠃ ᠺᠤᠮᠫᠠᠨᠢ ᠶ᠋ᠢᠨ ᠠᠷᠠᠳ ᠤ᠋ᠨ ᠰᠠᠭᠤᠴᠠ ᠬᠢᠭᠡᠳ ᠰᠤᠳᠤᠯᠤᠨ ᠰᠤᠷᠤᠯᠴᠠᠬᠤ ᠲᠤᠬᠠᠢᠯᠠᠭ᠍ᠰᠠᠨ ᠠᠵᠢᠯ ᠤ᠋ᠨ ᠡᠵᠡᠯᠡᠬᠦ ᠬᠠᠷᠢᠴᠠᠯ ᠨᠢ ᠲᠦᠷᠭᠡᠨ ᠨᠡᠮᠡᠭᠳᠡᠵᠦ᠂ ᠡᠨᠡ ᠵᠢᠯ ᠤ᠋ᠨ ᠳᠡᠭᠡᠷ᠎ᠡ ᠬᠠᠭᠠᠰ ᠵᠢᠯ ᠳ᠋ᠦ 120 ᠲᠦᠮᠡᠨ ᠲᠥᠭᠥᠷᠢᠭ ᠤ᠋ᠨ ᠡᠵᠡᠩᠨᠡᠯᠲᠡ ᠶ᠋ᠢᠨ ᠣᠷᠣᠯᠭ᠎ᠠ ᠡᠭᠦᠳᠴᠠᠢ᠃
ᠡᠷᠬᠡ ᠰᠦᠷᠳᠦ ᠪᠠᠢᠭᠤᠯᠤᠮᠵᠢ ᠶ᠋ᠢᠨ ᠵᠠᠬ᠎ᠠ ᠳᠡᠯᠭᠡᠭᠦᠷ ᠤ᠋ᠨ ᠪᠠᠢᠴᠠᠭᠠᠯᠳᠠ ᠶ᠋ᠢᠨ ᠲᠤᠭ᠎ᠠ ᠪᠠᠷᠢᠮᠳᠠ ᠶ᠋ᠢ ᠦᠨᠳᠦᠰᠦᠯᠡᠪᠡᠯ᠂ ᠤᠢᠷ᠎ᠠ ᠶ᠋ᠢᠨ ᠵᠢᠯ ᠳ᠋ᠤ ᠤᠷᠭᠠᠨᠢᠭ ᠢᠳᠡᠭᠡᠨ ᠤ᠋ ᠵᠠᠬ᠎ᠠ ᠳᠡᠯᠭᠡᠭᠦᠷ ᠵᠢᠯ ᠪᠦᠷᠢ 20% ᠶ᠋ᠢ ᠳᠠᠪᠠᠬᠤ ᠬᠤᠷᠳᠤᠴᠠ ᠪᠡᠷ ᠨᠡᠮᠡᠭᠳᠡᠵᠦ ᠪᠠᠢᠬᠤ ᠪᠦᠭᠡᠳ ᠡᠢᠨ ᠬᠦ᠌ ᠬᠠᠨᠳᠤᠰᠢ ᠪᠡᠨ ᠨᠡᠯᠢᠶᠡᠳ ᠤᠷᠳᠤ ᠬᠤᠭᠤᠴᠠᠭ᠎ᠠ ᠪᠡᠷ ᠳᠤᠭᠳᠠᠭᠤᠨ ᠶ᠋ᠢᠡᠷ ᠪᠠᠳᠤᠯᠠᠬᠤ ᠪᠠᠢᠳᠠᠯ ᠲᠠᠢ᠃ ᠡᠨᠡ ᠬᠦ᠌ ᠯᠤᠳᠤ ᠶᠡᠬᠡ ᠪᠦᠭᠡᠳ ᠳᠦᠷᠬᠡᠨ ᠨᠡᠮᠡᠭᠳᠡᠬᠦ ᠵᠠᠬ᠎ᠠ ᠳᠡᠯᠭᠡᠭᠦᠷ ᠤ᠋ᠨ ᠬᠡᠷᠡᠭᠴᠡᠭᠡ ᠨᠢ ᠯᠢᠤᠢ ᠺᠠᠩ ᠶᠤᠸᠠᠨ ᠺᠤᠮᠫᠠᠨᠢ ᠳ᠋ᠤ ᠦᠷᠭᠡᠨ ᠳᠡᠯᠭᠡᠷ ᠬᠦᠭᠵᠢᠯᠳᠡ ᠶ᠋ᠢᠨ ᠤᠷᠤᠨ ᠵᠠᠢ ᠬᠠᠩᠭᠠᠬᠤ ᠪᠤᠯᠤᠨ᠎ᠠ᠃ 2027 ᠣᠨ ᠪᠣᠯᠬᠤ ᠳ᠋ᠤ ᠡᠵᠡᠩᠨᠡᠯᠲᠡ ᠶ᠋ᠢᠨ ᠣᠷᠣᠯᠭ᠎ᠠ ᠪᠠᠨ 2400 ᠲᠦᠮᠡᠨ ᠲᠥᠭᠥᠷᠢᠭ ᠲᠦ᠍ ᠬᠦᠷᠬᠡᠨ᠂ ᠴᠡᠪᠡᠷ ᠠᠱᠢᠭ ᠤᠯᠵᠠᠪᠤᠷᠢ ᠵᠢ 500 ᠲᠦᠮᠡᠨ ᠲᠥᠭᠥᠷᠢᠭ ᠲᠦ᠍ ᠬᠦᠷᠬᠡᠨ᠎ᠠ᠃ ᠡᠨᠡ ᠪᠤᠯ ᠯᠢᠤᠢ ᠺᠠᠩ ᠶᠤᠸᠠᠨ ᠺᠤᠮᠫᠠᠨᠢ ᠵᠢᠨ ᠤᠬᠤᠷ ᠬᠤᠭᠤᠴᠠᠭᠠᠨ ᠤ᠋ ᠬᠦᠭᠵᠢᠯᠳᠡ ᠵᠢᠨ ᠬᠠᠷᠠᠯᠳᠠ ᠶᠤᠮ᠃
(ᠭᠡᠷᠡᠯ ᠵᠢᠷᠤᠭ ᠢ᠋ ᠦᠪᠦᠷ ᠮᠤᠩᠭᠤᠯ ᠤ᠋ᠨ ᠯᠢᠦᠢ ᠺᠠᠩ ᠶᠤᠸᠠᠨ ᠠᠮᠢ ᠠᠬᠤᠢ ᠶ᠋ᠢᠨ ᠲᠠᠷᠢᠶᠠᠯᠠᠩ ᠤ᠋ᠨ ᠬᠢᠵᠠᠭᠠᠷᠳᠦ ᠺᠤᠮᠫᠠᠨᠢ ᠡᠴᠡ ᠬᠠᠩᠭᠠᠪᠠ)