ᠵᠢᠷᠭᠠᠯ ᠵᠠᠮ ᠤ᠋ᠨ ᠮᠠᠯᠴᠢᠳ
2025-11-28 11:29:51
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠦᠢᠳᠡᠨ ᠤ᠋ ᠡᠷᠴᠢ ᠴᠢᠩᠭᠠᠷᠠᠵᠤ᠂ ᠬᠦᠳᠡᠭᠡ ᠨᠤᠳᠤᠭ ᠲᠤ᠌ ᠡᠪᠤᠯ ᠤ᠋ᠨ ᠰᠢᠨᠵᠢ ᠦᠳᠭᠡᠷᠡᠵᠠᠢ᠃


QQ20251128-104716.png


ᠤᠯᠠᠭᠠᠨᠬᠠᠳᠠ ᠬᠤᠳᠠ ᠶ᠋ᠢᠨ ᠪᠠᠭᠠᠷᠢᠨ ᠪᠠᠷᠠᠭᠤᠨ ᠬᠤᠰᠢᠭᠤᠨ ᠤ᠋ ᠵᠢᠷᠭᠠᠯ ᠵᠠᠮ ᠰᠤᠮᠤ ᠶ᠋ᠢᠨ ᠮᠠᠯᠴᠢᠳ ᠤ᠋ᠨ ᠬᠠᠰᠢᠶᠠᠨ ᠳ᠋ᠤ ᠲᠠᠷᠭᠤ ᠰᠠᠢᠳᠠᠢ ᠠᠯᠠᠭ ᠦᠭᠡᠷ ᠤ᠋ᠳ ᠤ᠋ᠨ ᠵᠠᠷᠢᠮ ᠨᠢ ᠨᠡᠷᠡᠨ ᠳ᠋ᠤ ᠡᠭᠡᠭᠡᠵᠦ ᠬᠡᠪᠳᠡᠨ᠂ ᠵᠠᠷᠢᠮ ᠨᠢ ᠡᠵᠡᠨ ᠤ᠋ ᠪᠡᠨ ᠵᠦᠭ ᠪᠠᠷᠠᠯᠠᠨ ᠡᠪᠡᠰᠦ ᠪᠤᠷᠳᠤᠭ᠎ᠠ ᠭᠤᠷᠢᠯᠠᠵᠤ᠂ ᠪᠠᠰᠠ ᠵᠠᠷᠢᠮ ᠨᠢ ᠤᠩᠭᠤᠴᠠᠨ ᠳ᠋ᠡᠬᠢ ᠤᠰᠤ ᠡᠴᠡ ᠪᠤᠯᠢᠶᠠᠯᠳᠤᠨ ᠤᠤᠭᠤᠨ᠎ᠠ᠃ ᠪᠠᠷᠢᠮᠵᠢᠶᠠᠵᠢᠭᠰᠠᠨ ᠫᠧᠩ ᠰᠠᠷᠠᠪᠴᠢᠨ ᠳ᠋ᠤᠨᠢ ᠪᠤᠨᠳᠤᠭᠤᠷ ᠪᠤᠨᠳᠤᠭᠤᠷ ᠲᠤᠭᠤᠯ ᠤ᠋ᠳ ᠤ᠋ᠨ ᠵᠠᠷᠢᠮ ᠨᠢ ᠨᠦᠮᠦᠷᠭᠡ ᠡᠮᠦᠰᠴᠤ ᠡᠢᠰᠢ ᠳᠡᠢᠰᠢ ᠭᠦᠶᠦᠯᠳᠤᠭᠡᠳ ᠡᠵᠡᠨ ᠶ᠋ᠢᠡᠨ ᠪᠠᠶᠠᠰᠬᠠᠵᠤ᠂ ᠵᠠᠷᠢᠮ ᠨᠢ ᠡᠵᠡᠨ ᠤ᠋ ᠪᠡᠨ ᠦᠭᠭᠦᠭᠰᠡᠨ ᠪᠤᠷᠳᠤᠭ᠎ᠠ ᠶ᠋ᠢ ᠲᠤᠯᠤᠭᠠᠢ ᠦᠨᠳᠡᠢᠬᠦ ᠵᠠᠪ ᠦᠭᠡᠢ ᠢᠳᠡᠵᠡᠭᠡᠨ᠎ᠠ᠃


QQ20251128-104741.png


ᠤᠢᠷ᠎ᠠ ᠶ᠋ᠢᠨ ᠵᠢᠯ ᠳ᠋ᠤ ᠵᠢᠷᠭᠠᠯ ᠵᠠᠮ ᠰᠤᠮᠤ ᠶ᠋ᠢᠨ ᠮᠠᠯᠴᠢᠨ ᠠᠢᠯ ᠶ᠋ᠢᠡᠷ ᠪᠠᠷᠢᠮᠵᠢᠶᠠᠵᠢᠭᠰᠠᠨ ᠫᠧᠩ ᠰᠠᠷᠠᠪᠴᠢ᠂ ᠪᠠᠷᠢᠮᠵᠢᠶᠠᠵᠢᠭᠰᠠᠨ ᠲᠡᠵᠢᠭᠡᠯ ᠪᠤᠷᠳᠤᠭ᠎ᠠ ᠦᠭᠬᠦ ᠤᠩᠭᠤᠴᠠ᠂ ᠳᠤᠭᠳᠠᠮᠠᠯ ᠳᠤᠯᠠᠭᠠᠨ ᠤ᠋ ᠮᠠᠯ ᠶ᠋ᠢᠡᠨ ᠤᠰᠤᠯᠠᠬᠤ ᠰᠢᠰᠲ᠋ᠧᠮ᠂ ᠤᠶᠤᠨᠴᠢ ᠬᠢᠨᠡᠨ ᠡᠵᠡᠮᠳᠡᠬᠦᠷ ᠵᠡᠷᠭᠡ ᠰᠢᠨ᠎ᠠ ᠰᠢᠨ᠎ᠠ ᠰᠠᠭᠤᠷᠢ ᠲᠦᠬᠦᠭᠡᠷᠦᠮᠵᠢ ᠡᠳᠦᠷ ᠢᠷᠡᠬᠦᠶ᠎ᠠ ᠲᠦᠭᠡᠮᠡᠯᠵᠢᠵᠤ᠂ ᠦᠷᠡᠵᠢᠯ ᠰᠠᠢᠳᠠᠢ ᠮᠠᠯ ᠤ᠋ᠨ ᠶ᠋ᠢᠡᠨ ᠬᠡᠰᠢᠭ ᠶ᠋ᠢᠡᠷ ᠮᠠᠯᠴᠢᠳ ᠨᠡᠩ ᠵᠢᠷᠭᠠᠯᠳᠠᠢ ᠠᠮᠢᠳᠤᠷᠠᠯ ᠢ᠋ ᠡᠳ᠋ᠯᠡᠬᠦ ᠶ᠋ᠢᠨ ᠲᠦᠯᠦᠭᠡ ᠪᠤᠷᠪᠢ ᠪᠤᠬᠢᠰᠭᠢᠯ ᠦᠭᠡᠢ ᠶᠠᠭᠠᠷᠠᠯᠳᠤᠵᠤ ᠪᠠᠢᠨ᠎ᠠ᠃

                 ᠯᠢ ᠹᠦ  ᠰᠢᠨᠠᠪᠤᠯᠠᠭ  ᠭᠡᠷᠡᠯ ᠵᠢᠷᠤᠭ ᠶ᠋ᠢᠡᠷ ᠮᠡᠳᠡᠭᠡᠯᠡᠪᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号