ᠡᠮᠦᠨᠡᠬᠡᠨ᠂ ᠳᠦᠩᠯᠢᠶᠤᠤ ᠬᠤᠳᠠ ᠵᠢᠨ
ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠤ ᠵᠢᠷᠭᠠᠯᠠᠡᠭ ᠪᠠᠯᠭᠠᠰᠤ ᠵᠢᠨ ᠮᠤᠷᠢᠨ ᠲᠠᠯ᠎ᠠ ᠭᠠᠴᠠᠭ᠎ᠠ
ᠵᠢᠨ 《ᠮᠤᠷᠢᠨ ᠲᠠᠯ᠎ᠠ ᠳᠠᠷᠢᠶᠠᠯᠠᠡᠭ ᠤᠨ ᠲᠤᠰᠬᠠᠢ ᠬᠤᠷᠰᠢᠶᠠᠵᠢᠯ》 ᠨᠢ 20 ᠲᠦᠮᠡᠨ ᠲᠦᠬᠦᠷᠢᠭ ᠭᠠᠷᠭᠠᠵᠦ
ᠬᠤᠷᠰᠢᠶᠠᠵᠢᠯ ᠪᠠᠢᠭᠤᠯᠤᠭᠳᠠᠭᠰᠠᠨ 10 ᠵᠢᠯᠤᠨ ᠤᠢ ᠪᠠᠨ ᠲᠡᠮᠲᠡᠭᠯᠡᠬᠦ ᠪᠠ ᠡᠯᠪᠡᠭ ᠬᠤᠷᠢᠶᠠᠯᠲᠠ ᠪᠠᠨ
ᠪᠡᠯᠬᠡᠯᠡᠬᠦ ᠨᠠᠭᠠᠳᠤᠮ ᠡᠷᠬᠢᠯᠡᠪᠡ᠃ ᠨᠠᠢᠷ ᠨᠠᠭᠠᠳᠤᠮᠢ ᠨᠢ ᠰᠤᠨᠢᠷᠬᠠᠬᠤ ᠵᠢᠨ ᠳᠠᠭᠠᠦ ᠲᠤᠰ
ᠬᠤᠷᠰᠢᠶᠠᠵᠢᠯᠤᠨ ᠲᠤᠬᠠᠢ ᠰᠤᠷᠪᠤᠯᠵᠢᠯᠠᠭᠠᠳ ᠨᠡᠬᠡᠷᠡᠨ ᠭᠠᠢᠬᠠᠰᠢ ᠠᠯᠳᠠᠯ᠎ᠠ᠃ ᠲᠡᠭᠡᠭᠡᠳ ᠬᠤᠷᠰᠢᠶᠠᠵᠢᠯᠤᠨ ᠤᠯᠠᠨ ᠲᠦᠮᠡᠨ ᠵᠢᠨᠨ ᠳᠠᠭᠠᠭᠤᠯᠤᠨ ᠤᠷᠤᠯᠭ᠎ᠠ ᠵᠢ ᠨᠢ ᠨᠡᠮᠡᠭᠳᠡᠬᠦᠯᠵᠦ᠂ ᠬᠤᠷᠰᠢᠶᠠᠵᠢᠯᠢᠶᠡᠨ ᠬᠦᠭᠵᠢᠬᠦᠯᠦᠨ ᠪᠤᠵᠠᠭᠠᠢᠷᠠᠭᠤᠯᠵᠤ ᠪᠠᠢᠭ᠎ᠠ ᠮᠡᠷᠭᠡᠨ ᠬᠢᠳᠡᠯ
ᠨᠠᠨᠳᠢᠨ ᠲᠤᠷᠰᠢᠯᠭ᠎ᠠ ᠡᠴᠡ ᠨᠢ ᠨᠡᠢᠲᠡ ᠲᠦᠮᠡᠨ ᠲᠠᠢ ᠪᠠᠨ ᠬᠤᠪᠢᠶᠠᠯᠴᠠᠬᠤ ᠵᠢ ᠰᠠᠨᠠᠯ᠎ᠠ᠃
《ᠮᠤᠷᠢᠨ ᠲᠠᠯ᠎ᠠ ᠲᠠᠷᠢᠶᠠᠯᠠᠡᠭᠤᠨ
ᠲᠤᠰᠬᠠᠢ ᠬᠤᠷᠰᠢᠶᠠᠵᠢᠯ》ᠢ ᠶᠠᠷᠢᠬᠤᠳᠤ᠂ ᠮᠤᠷᠢᠨ ᠲᠠᠯ᠎ᠠ ᠭᠠᠴᠠᠭ᠎ᠠ ᠵᠢᠨ ᠨᠠᠮ ᠤᠨ ᠡᠬᠦᠷ ᠤᠨ ᠱᠦᠵᠢ᠂
ᠭᠠᠴᠠᠭᠠᠨ ᠳᠠᠷᠤᠭ᠎ᠠ ᠪᠤᠤ ᠱᠠᠨ ᠨᠦᠬᠦᠷᠢ ᠳᠤᠷᠠᠳᠬᠤ ᠴᠢᠬᠤᠯᠠᠲᠠᠢ᠃ ᠦᠨᠦ ᠲᠠᠪᠢᠨ ᠨᠠᠰᠤ ᠵᠢ ᠳᠠᠪᠠᠵᠦ
ᠪᠠᠢᠭ᠎ᠠ ᠪᠤᠤ ᠱᠠᠨ ᠭᠡᠭᠴᠢ ᠡᠨᠡ ᠨᠤᠲᠤᠭ ᠤᠨ ᠵᠢᠨᠨ ᠤᠤᠭᠠᠯ᠂ ᠳᠠᠷᠠ ᠪᠠᠭ᠎ᠠ ᠡᠴᠡ ᠪᠠᠨ ᠲᠠᠷᠢᠬᠢ ᠲᠤᠯᠤᠭᠠᠢ ᠬᠤᠷᠴᠠ ᠰᠡᠷᠬᠦᠯᠡᠡᠭ ᠬᠦᠮᠦᠨ ᠪᠠᠢᠵᠦ᠂ ᠵᠠᠯᠠᠭᠤ
ᠽᠠᠨᠳᠠᠨ ᠨᠠᠰᠤᠨ ᠡᠴᠡ ᠪᠠᠨ ᠠᠷᠠᠯᠵᠢᠶ᠎ᠠ ᠮᠠᠢᠮᠠᠢ ᠵᠢᠨ ᠦᠷᠭᠡᠨ ᠵᠠᠬ᠎ᠠ ᠳᠤ ᠤᠬᠠᠭᠠᠨ ᠰᠤᠢᠵᠦ ᠶᠠᠪᠤᠭᠰᠠᠨ
ᠨᠢᠬᠡᠨ ᠪᠢᠯᠡ᠃ ᠲᠡᠷᠡ ᠪᠡᠷ ᠤᠯᠠᠨ ᠠᠵᠢᠯ ᠲᠦᠷᠦᠯ ᠡᠷᠬᠢᠯᠡᠨ ᠭᠠᠳᠠᠷ ᠤᠷᠤᠨ ᠢᠶᠡᠷ ᠦᠢᠯᠡᠰ ᠪᠤᠰᠬᠠᠵᠦ
ᠶᠠᠪᠤᠬᠤᠳᠠᠭᠠᠨ ᠤᠨᠠᠭᠰᠠᠨ ᠰᠢᠷᠤᠢ ᠤᠤᠭᠤᠭᠰᠠᠨ ᠤᠰᠤ ᠪᠠᠨ ᠮᠠᠷᠳᠠᠭ᠎ᠠ ᠦᠬᠡᠢ᠃ 2015 ᠤᠨ ᠳᠤ ᠪᠤᠤ ᠱᠠᠨ
ᠨᠤᠳᠤᠬᠴᠢ ᠰᠡᠳᠬᠢᠯ ᠳᠡᠭᠡᠨ ᠬᠦᠳᠦᠯᠦᠭᠳᠡᠨ ᠨᠤᠳᠤᠭ ᠳᠠᠭᠠᠨ ᠪᠤᠴᠠᠵᠤ᠂ ᠤᠯᠠᠨ ᠲᠦᠮᠡᠨ ᠤ ᠪᠠᠨ ᠢᠲᠡᠭᠡᠯ
ᠨᠠᠢᠳᠠᠯᠭ᠎ᠠ ᠪᠡᠷ ᠭᠠᠴᠠᠭᠠᠨ ᠤ ᠪᠠᠨ ᠨᠠᠮ ᠤᠨ ᠡᠬᠦᠷ ᠤᠨ ᠱᠦᠵᠢ᠂ ᠭᠠᠴᠠᠭᠠᠨ ᠳᠠᠷᠤᠭ᠎ᠠ ᠵᠢᠨ ᠲᠤᠰᠢᠶᠠᠯ
ᠢ ᠡᠬᠦᠷᠭᠡᠯᠡᠪᠡ᠃ ᠨᠢᠬᠡ ᠭᠠᠴᠠᠭᠠᠨ ᠤ ᠮᠢᠨᠭᠭᠠ ᠭᠠᠷᠤᠢ ᠠᠮᠠᠨ ᠲᠤᠭᠠᠨ ᠤ ᠪᠠᠨ 《ᠲᠦᠷᠦᠬᠦᠴᠢ ᠭᠠᠯᠠᠭᠤ》 ᠪᠤᠯᠤᠭᠰᠠᠨ ᠲᠡᠷᠡ ᠪᠡᠷ ᠬᠡᠷᠬᠢᠨ ᠤᠯᠠᠨ ᠲᠦᠮᠡᠨ ᠤ ᠤᠷᠤᠯᠭ᠎ᠠ ᠵᠢ ᠨᠢ ᠨᠡᠮᠡᠭᠳᠡᠬᠦᠯᠵᠦ ᠠᠮᠢᠳᠤᠷᠠᠯᠢ
ᠨᠢ ᠰᠠᠢᠵᠢᠷᠠᠭᠤᠯᠬᠤ ᠪᠤᠢ ᠭᠡᠵᠦ ᠤᠨᠲᠠᠬᠤ ᠨᠤᠢᠷ ᠦᠬᠡᠢ ᠤᠭᠤᠷᠠᠭ ᠲᠠᠷᠢᠬᠢ ᠪᠠᠨ ᠰᠢᠪᠬᠠᠵᠦ ᠶᠠᠪᠤᠵᠠᠢ᠃ 《ᠶᠠᠭᠤᠨᠤ ᠤᠷᠢᠳ ᠨᠢᠬᠡ ᠪᠦᠯᠦᠭ ᠬᠦᠮᠦᠨᠢ ᠳᠠᠢᠴᠢᠯᠠᠨ ᠬᠤᠷᠰᠢᠶᠠᠵᠢᠯ ᠪᠠᠢᠭᠤᠯᠵᠦ ᠤᠯᠠᠨ ᠲᠦᠮᠡᠨ ᠵᠢᠨᠨ
ᠳᠠᠭᠠᠭᠤᠯᠤᠶ᠎ᠠ᠂ ᠭᠠᠴᠠᠭᠠᠨᠤ ᠤᠯᠠᠨᠤ ᠤᠤᠯᠤᠨ ᠲᠡᠭᠷᠢ ᠵᠢ ᠲᠦᠰᠢᠵᠦ ᠲᠠᠷᠢᠶᠠᠯᠠᠵᠦ ᠮᠠᠯᠵᠢᠬᠤ ᠤᠯᠠᠮᠵᠢᠯᠠᠯᠲᠤ
ᠰᠡᠳᠬᠢᠴᠠ ᠵᠢ ᠨᠢ ᠬᠤᠪᠢᠷᠠᠭᠤᠯᠤᠶ᠎ᠠ》 ᠭᠡᠵᠦ ᠲᠡᠷᠡ ᠵᠤᠷᠢᠭ ᠰᠢᠭᠤᠳᠴᠠᠢ᠃ ᠡᠢᠨᠬᠦ ᠲᠡᠷᠡ 2015 ᠤᠨᠳᠤ
18 ᠬᠡᠰᠢᠬᠦᠨ ᠢᠶᠡᠷ ᠪᠦᠷᠢᠯᠳᠦᠭᠰᠡᠨ 《ᠮᠤᠷᠢᠨ ᠲᠠᠯ᠎ᠠ
ᠲᠠᠷᠢᠶᠠᠯᠠᠡᠭᠤᠨ ᠲᠤᠰᠬᠠᠢ ᠬᠤᠷᠰᠢᠶᠠᠵᠢᠯ》ᠢ ᠡᠬᠦᠰᠭᠡᠨ ᠪᠠᠢᠭᠤᠯᠪᠠ᠃ ᠬᠤᠷᠰᠢᠶᠠᠵᠢᠯ ᠨᠢ ᠠᠨᠭᠬ᠎ᠠ
ᠡᠬᠢᠨ ᠳᠡᠭᠡᠨ ᠨᠡᠷ᠎ᠡ ᠵᠢᠨ ᠲᠡᠳᠦᠢ ᠯᠠ ᠪᠠᠢᠵᠦ᠂ ᠳᠡᠮᠡᠢ ᠠᠵᠢᠯ ᠦᠬᠡᠢ ᠪᠠᠢᠪᠠ᠃ ᠠᠵᠢᠯ ᠬᠢᠬᠦ ᠭᠡᠪᠡᠯ
ᠡᠷᠬᠡᠪᠰᠢ ᠭᠠᠷ ᠲᠠᠭᠠᠨ ᠪᠡᠯᠡ ᠮᠦᠨᠭᠭᠦ ᠪᠠᠢᠬᠤ ᠬᠡᠷᠡᠭᠲᠡᠢ᠃ 2019 ᠤᠨᠳᠤ ᠪᠤᠤ ᠱᠠᠨ ᠱᠦᠵᠢ18 ᠬᠤᠷᠰᠢᠶᠠᠵᠢᠯᠤᠨ ᠬᠡᠰᠢᠬᠦᠨ ᠵᠢᠨᠨ ᠳᠠᠢᠴᠢᠯᠠᠨ ᠬᠤᠪᠢᠴᠠᠭ᠎ᠠ
ᠪᠦᠷᠢ ᠵᠢ 5000 ᠳᠦᠬᠦᠷᠢᠭᠢᠶᠡᠷ ᠪᠤᠳᠤᠵᠤ ᠨᠡᠢᠲᠡ 35.5 ᠳᠦᠮᠡᠨ ᠲᠦᠬᠦᠷᠢᠭ ᠪᠡᠯᠡ ᠮᠦᠨᠭᠭᠦ
ᠬᠤᠷᠠᠮᠳᠤᠭᠤᠯᠤᠨ ᠬᠤᠷᠰᠢᠶᠠᠵᠢᠯ ᠵᠢᠨᠨ ᠠᠮᠢᠯᠠᠭᠤᠯᠤᠨ ᠠᠵᠢᠯ ᠬᠢᠵᠦ ᠡᠬᠢᠯᠡᠪᠡ᠃ ᠳᠤᠰ ᠵᠢᠯ ᠡᠴᠡ ᠬᠤᠷᠰᠢᠶᠠᠵᠢᠯ
ᠨᠢ ᠤᠯᠤᠰ ᠤᠨ ᠲᠦᠷᠦ ᠵᠢᠨ ᠪᠤᠳᠤᠯᠭ᠎ᠠ ᠵᠢ ᠴᠤᠤᠷᠢᠶᠠᠳᠤᠨ ᠳᠠᠭᠠᠵᠤ᠂ ᠭᠠᠴᠠᠭᠠᠨ ᠤ ᠪᠠᠨ ᠤᠯᠠᠨ ᠲᠦᠮᠡᠨ
ᠤ ᠲᠠᠷᠢᠶ᠎ᠠ ᠵᠢ ᠵᠠᠬ᠎ᠠ ᠳᠡᠯᠬᠡᠬᠦᠷ ᠤᠨ ᠬᠠᠨᠭᠰᠢ ᠡᠴᠡ ᠬᠢᠮᠳᠠ ᠪᠦᠬᠡᠳ ᠴᠢᠨᠠᠷᠲᠠᠢ ᠲᠠᠷᠢᠵᠦ
ᠦᠭᠭᠦᠭᠰᠡᠨ ᠵᠢᠡᠷ ᠤᠯᠠᠨ ᠲᠦᠮᠡᠨᠤ ᠬᠦᠷᠢᠶᠡᠯᠡᠯᠢ ᠤᠯᠵᠠᠢ᠃
— ᠬᠤᠷᠰᠢᠶᠠᠵᠢᠯ ᠪᠠᠢᠭᠤᠯᠤᠭᠰᠠᠨᠤ ᠭᠤᠤᠯ ᠵᠤᠷᠢᠯᠭ᠎ᠠ ᠨᠢ ᠤᠯᠠᠨ
ᠲᠦᠮᠡᠨ ᠳᠡᠭᠡᠨ ᠠᠰᠢᠬ ᠬᠦᠷᠲᠡᠭᠡᠬᠦ ᠵᠢᠨ ᠲᠦᠯᠦᠬᠡ ᠶᠤᠮ᠃ ᠵᠢᠱ᠌ᠢᠶᠡᠯᠡᠵᠦ ᠬᠡᠯᠡᠪᠡᠯ᠂ ᠦᠨᠭᠭᠡᠷᠡᠭᠰᠡᠨ ᠳᠤ
ᠮᠠᠰᠢᠨ ᠬᠡᠷᠡᠭᠰᠡᠯ ᠦᠬᠡᠢ ᠶᠠᠳᠠᠭᠤ ᠬᠦᠴᠢᠷᠲᠡᠢ ᠡᠷᠦᠭᠡ ᠪᠤᠰᠤᠳ ᠡᠴᠡ ᠬᠤᠵᠢᠬᠳᠠᠵᠤ ᠲᠠᠷᠢᠶ᠎ᠠ ᠪᠠᠨ ᠲᠠᠷᠢᠳᠠᠭ
ᠪᠠᠢᠭᠰᠠᠨ ᠪᠦᠬᠡᠳ ᠤᠷᠤᠢᠲᠠᠬᠰᠠᠨ ᠲᠠᠷᠢᠶ᠎ᠠ ᠨᠢ ᠴᠢᠬᠢ ᠠᠯᠳᠠᠬᠤ ᠵᠡᠷᠭᠡ ᠰᠢᠯᠳᠠᠭᠠᠨ ᠡᠴᠡ ᠪᠤᠯᠵᠦ ᠬᠤᠷᠢᠶᠠᠯᠲᠠ
ᠬᠠᠰᠤᠭᠳᠠᠬᠤ ᠪᠠᠢᠳᠠᠯ ᠭᠠᠷᠳᠠᠭ ᠪᠠᠢᠵᠠᠢ᠃ ᠬᠤᠷᠰᠢᠶᠠᠵᠢᠯ
ᠡᠴᠡ ᠨᠢᠬᠡᠲᠦᠯᠲᠡᠢ ᠲᠠᠷᠢᠭᠰᠠᠨ ᠡᠴᠡ ᠠᠪᠤᠭᠠᠳ ᠭᠠᠴᠠᠭᠠᠨᠤ ᠶᠠᠳᠠᠭᠤ ᠬᠦᠴᠢᠷᠲᠡᠯᠳᠡᠢ ᠡᠷᠦᠭᠡ ᠵᠢᠨ
ᠳᠠᠷᠢᠶ᠎ᠠ ᠵᠢ ᠤᠷᠢᠳ ᠢᠶᠡᠷ ᠲᠠᠷᠢᠵᠦ ᠦᠭᠳᠡᠭ ᠪᠦᠬᠡᠳ
85% ᠵᠢᠨ ᠴᠢᠬᠢ ᠵᠢ ᠪᠠᠲᠤᠯᠠᠬᠤ ᠬᠡᠷ᠎ᠡ ᠲᠤᠭᠲᠠᠳᠠᠭ ᠪᠤᠯᠵᠠᠢ᠃ ᠡᠨᠡ ᠨᠢ ᠲᠠᠷᠢᠬᠤ ᠡᠴᠡ ᠬᠤᠷᠢᠶᠠᠬᠤ ᠬᠦᠷᠳᠡᠯ᠎ᠡ
ᠨᠢᠭᠡ ᠮᠤ᠌ ᠲᠠᠷᠢᠶ᠎ᠠ ᠡᠴᠡ ᠪᠠᠭ᠎ᠠ ᠪᠤᠰᠤ ᠵᠤᠭᠤᠰ ᠠᠷᠪᠢᠯᠠᠳᠠᠭ
ᠪᠤᠯᠤᠬᠰᠠᠨ ᠪᠦᠬᠡᠳ ᠡᠳᠡᠭᠡᠷᠡᠯᠲᠡ ᠵᠢ ᠪᠠᠲᠤᠯᠠᠳᠠᠭ ᠡᠴᠡ ᠬᠤᠷᠰᠢᠶᠠᠵᠢᠯ ᠵᠢᠡᠷ ᠲᠠᠷᠢᠭᠤᠯᠬᠤ ᠬᠦᠮᠦᠰ
ᠶᠠᠪᠤᠬᠤ ᠲᠤᠳᠤᠮ ᠤᠯᠠᠰᠢᠷᠠᠵᠠᠢ᠃ 2019 ᠤᠨᠤ ᠲᠡᠷᠡ
ᠵᠢᠯ ᠮᠠᠨᠤ ᠬᠤᠷᠰᠢᠶᠠᠵᠢᠯᠤᠨ ᠬᠢᠨ ᠨᠡᠢᠬᠡᠮᠴᠢᠯᠡᠭᠰᠡᠨ ᠦᠢᠯᠡᠴᠢᠯᠡᠬᠡᠨᠤ ᠲᠦᠷᠦᠯ ᠵᠦᠢᠯ ᠵᠢᠡᠷ
ᠨᠡᠢᠳᠡ 3.35 ᠳᠦᠮᠡᠨ ᠮᠤ᠌ ᠲᠠᠷᠢᠶ᠎ᠠ ᠲᠠᠷᠢᠵᠦ᠂ ᠤᠯᠤᠰᠤᠨ ᠲᠤᠰᠬᠠᠢ ᠲᠦᠷᠦᠯ ᠵᠦᠢᠯᠤᠨ ᠨᠦᠬᠦᠪᠦᠷᠢ ᠮᠦᠨᠭᠭᠦ
ᠵᠢ 90 ᠭᠠᠷᠤᠢ ᠲᠦᠮᠡᠨ ᠲᠦᠬᠦᠷᠢᠭ ᠤᠯᠤᠬᠰᠠᠨ ᠰᠢᠦ ᠭᠡᠵᠦ ᠪᠤᠤ ᠱᠠᠨ ᠱᠦᠵᠢ ᠡᠷᠬᠢᠴᠡᠬᠦᠯᠤᠨᠠ᠃
2020 ᠤᠨᠳᠤ ᠲᠡᠳᠡ ᠬᠤᠷᠰᠢᠶᠠᠵᠢᠯᠤᠨ ᠵᠢᠨᠨ ᠨᠡᠷ᠎ᠡ ᠪᠡᠷ ᠲᠤᠮᠤ ᠬᠡᠯᠪᠡᠷᠢ ᠵᠢᠨ ᠳᠠᠷᠢᠶᠠᠯᠠᠡᠭᠤᠨ ᠮᠠᠰᠢᠨᠤ ᠲᠦᠷᠦᠯ ᠵᠦᠢᠯᠢ ᠭᠤᠶᠤᠴᠢᠯᠠᠬᠤᠳᠤ᠂ ᠳᠡᠭᠡᠷ᠎ᠠ ᠱᠠᠳᠤᠨ ᠡᠴᠡ ᠭᠠᠴᠠᠭᠠᠨ ᠳᠤᠨᠢ ᠵᠠᠭᠤ
ᠭᠠᠷᠤᠢ ᠲᠦᠮᠡᠨ ᠲᠦᠬᠦᠷᠢᠭᠤᠨ ᠦᠷᠳᠡᠭ ᠪᠦᠬᠦᠢ ᠲᠤᠮᠤ ᠬᠡᠯᠪᠡᠷᠢ ᠵᠢᠨ ᠲᠠᠷᠢᠶᠠᠯᠠᠡᠭ ᠤᠨ ᠮᠠᠰᠢᠨ ᠦᠭᠴᠡᠢ᠃ ᠬᠤᠷᠰᠢᠶᠠᠵᠢᠯ ᠨᠢ ᠭᠠᠴᠠᠭ᠎ᠠ ᠳᠠᠭᠠᠨ ᠵᠢᠯ ᠪᠦᠷᠢ ᠨᠢᠬᠡ
ᠪᠦᠯᠦᠭ ᠵᠤᠭᠤᠰ ᠲᠤᠰᠢᠶᠠᠬᠤ ᠬᠡᠯᠪᠡᠷᠢ ᠪᠡᠷ ᠤᠳᠤ ᠬᠦᠷᠳᠡᠯ᠎ᠡ ᠲᠡᠳᠡᠭᠡᠷ ᠲᠠᠷᠢᠶᠠᠯᠠᠡᠭᠤᠨ ᠮᠠᠰᠢᠨᠢ
ᠬᠡᠷᠡᠭᠯᠡᠭᠰᠡᠭᠡᠷ ᠪᠤᠢ᠃ 2020 ᠤᠨᠳᠤ
ᠬᠤᠷᠰᠢᠶᠠᠵᠢᠯ ᠨᠢ ᠨᠡᠢᠬᠡᠮᠴᠢᠯᠡᠭᠰᠡᠨ ᠦᠢᠯᠡᠴᠢᠯᠡᠬᠡᠨᠤ ᠲᠦᠷᠦᠯ ᠵᠦᠢᠯ ᠵᠢᠡᠷ 5.9 ᠳᠦᠮᠡᠨ ᠮᠤ᠌
ᠲᠠᠷᠢᠶ᠎ᠠ ᠲᠠᠷᠢᠵᠦ ᠵᠠᠭᠤ ᠭᠠᠷᠤᠢ ᠲᠦᠮᠡᠨ ᠲᠦᠬᠦᠷᠢᠭ
ᠤᠨ ᠨᠦᠬᠦᠪᠦᠷᠢ ᠮᠦᠨᠭᠭᠦ ᠤᠯᠪᠠ᠃ ᠡᠨᠡ ᠮᠡᠲᠦ ᠪᠡᠷ ᠬᠤᠷᠰᠢᠶᠠᠵᠢᠯ ᠨᠢ ᠤᠯᠤᠰ ᠤᠨ ᠲᠦᠷᠦ ᠵᠢᠨ ᠪᠤᠳᠤᠯᠭ᠎ᠠ
ᠳᠤ ᠲᠦᠰᠢᠭᠯᠡᠨ᠂ ᠨᠡᠢᠬᠡᠮᠴᠢᠯᠡᠭᠰᠡᠨ ᠦᠢᠯᠡᠴᠢᠯᠡᠬᠡ᠂ ᠬᠦᠷᠦᠰᠦ ᠵᠢ ᠬᠦᠨ ᠰᠤᠯᠠᠷᠠᠭᠤᠯᠵᠤ ᠲᠡᠭᠰᠢᠯᠡᠬᠦ᠂ ᠬᠠᠮᠠᠭᠠᠯᠠᠯᠳᠠ ᠵᠢᠨ ᠴᠢᠨᠠᠷᠳᠠᠢ ᠲᠠᠷᠢᠶᠠᠯᠠᠬᠤ ᠵᠡᠷᠭᠡ ᠲᠦᠷᠦᠯ
ᠵᠦᠢᠯ ᠢᠶᠡᠷ ᠳᠡᠮᠵᠢᠨ ᠵᠢᠯ ᠪᠦᠷᠢ ᠲᠠᠷᠢᠶ᠎ᠠ ᠲᠠᠷᠢᠬᠤ ᠲᠠᠯᠠᠪᠠᠢ ᠪᠠᠨ ᠶᠡᠭᠡᠰᠭᠡᠨ ᠤᠷᠤᠯᠭ᠎ᠠ ᠪᠠᠨ ᠨᠡᠮᠡᠭᠳᠡᠬᠦᠯᠦᠭᠰᠡᠭᠡᠷ
ᠪᠠᠢᠪᠠ᠃ ᠬᠤᠷᠰᠢᠶᠠᠵᠢᠯ ᠨᠢ ᠴᠡᠪᠡᠷ ᠤᠷᠤᠯᠭ᠎ᠠ ᠵᠢᠨ ᠵᠢᠨᠨ 60% ᠵᠢ ᠨᠢ ᠬᠡᠰᠢᠬᠦᠳ ᠳᠡᠭᠡᠨ ᠬᠤᠪᠢᠶᠠᠷᠢᠯᠠᠨ᠂ ᠦᠯᠡᠳᠡᠭᠰᠡᠨᠢ ᠨᠢ ᠬᠤᠷᠰᠢᠶᠠᠵᠢᠯᠤᠨ ᠵᠢᠨᠨ ᠬᠦᠭᠵᠢᠯᠲᠡᠳᠤ ᠬᠡᠷᠡᠭᠯᠡᠨ᠎ᠡ ᠭᠡᠬᠦ ᠲᠤᠭᠲᠠᠭᠠᠯ ᠲᠠᠢ ᠪᠠᠢᠳᠠᠭ᠃ ᠤᠳᠤᠬᠠᠨ ᠪᠤᠯᠬᠤ ᠳᠤ᠂ ᠬᠤᠷᠰᠢᠶᠠᠵᠢᠯ
ᠨᠢ ᠨᠢᠬᠡᠨᠲᠡ ᠮᠢᠨᠭᠭᠠ ᠰᠢᠬᠠᠮ ᠲᠦᠮᠡᠨ ᠲᠦᠬᠦᠷᠢᠭ ᠤᠨ ᠦᠷᠳᠡᠭ ᠪᠦᠬᠦᠢ ᠮᠠᠰᠢᠨ ᠬᠡᠷᠡᠭᠰᠡᠯ ᠲᠠᠢ ᠪᠤᠯᠤᠭᠰᠠᠨ
ᠪᠠᠢᠨ᠎ᠠ᠃ ᠬᠤᠷᠰᠢᠶᠠᠵᠢᠯᠤᠨ ᠡᠯ᠎ᠠ ᠵᠦᠢᠯ ᠤᠨ
ᠮᠠᠰᠢᠨ ᠳᠦᠬᠦᠭᠡᠷᠦᠮᠵᠢ ᠵᠢᠨ ᠳᠡᠬᠦᠯᠳᠡᠷᠵᠢᠨ ᠪᠦᠷᠢᠳᠬᠦ ᠵᠢ ᠳᠠᠭᠠᠯᠳᠤᠨ ᠳᠠᠷᠢᠶᠠᠯᠠᠡᠭ ᠦᠢᠯᠡᠳᠪᠦᠷᠢᠯᠠᠯᠤᠨ ᠦᠷ᠎ᠠ ᠪᠦᠳᠦᠮᠵᠢ ᠳᠠᠰᠤᠷᠠᠯᠳᠠ ᠦᠬᠡᠢ ᠳᠡᠭᠡᠭᠰᠢᠯᠡᠭᠰᠡᠨ ᠡᠴᠡ ᠬᠤᠷᠰᠢᠶᠠᠵᠢᠯ ᠢ ᠡᠷᠢᠨ ᠳᠠᠷᠢᠶ᠎ᠠ
ᠳᠦᠮᠦᠰᠤ ᠪᠠᠨ ᠨᠠᠢᠳᠠᠨ ᠬᠠᠮᠢᠶᠠᠷᠠᠭᠤᠯᠬᠤ ᠬᠦᠮᠦᠰ ᠤᠯᠠᠰᠢᠷᠠᠵᠠᠢ᠃
ᠳᠤᠰ ᠭᠠᠴᠠᠭ᠎ᠠ ᠵᠢᠨ ᠴᠠᠡᠭ ᠮᠤᠤ ᠵᠢᠨ ᠲᠤᠪᠤ ᠪᠤᠯᠤᠨ ᠮᠤᠷᠢᠨ ᠲᠠᠯ᠎ᠠ ᠬᠤᠶᠠᠷ ᠳᠤᠭᠤᠢᠯᠠᠡᠭ
ᠤᠨ ᠡᠷᠦᠬᠡ ᠪᠤᠯᠭᠠᠨ ᠬᠠᠳᠤᠯᠠᠡᠭ ᠲᠠᠢ ᠪᠠᠢᠵᠦ᠂ ᠬᠠᠳᠤᠯᠠᠡᠭ ᠪᠠᠭ᠎ᠠ ᠨᠢ ᠵᠢᠯ ᠳᠤ 800 ᠪᠤᠭᠤᠵᠢ᠂ ᠠᠷᠪᠢᠨ
ᠰᠢᠬ ᠨᠢ 2000 ᠪᠤᠭᠤᠵᠢ ᠡᠪᠡᠰᠦ ᠬᠤᠷᠢᠶᠠᠳᠠᠭ᠃ ᠬᠤᠷᠰᠢᠶᠠᠵᠢᠯ ᠨᠢ ᠡᠪᠡᠰᠦ ᠪᠤᠭᠤᠵᠢᠯᠠᠬᠤ ᠮᠠᠰᠢᠨ ᠠᠪᠤᠭᠰᠠᠨ
ᠤ ᠳᠠᠷᠠᠭ᠎ᠠ᠂ ᠤᠤᠯ ᠳᠠᠭᠠᠨ ᠪᠤᠭᠤᠵᠢ ᠪᠦᠷᠢ ᠳᠡᠭᠡᠨ 5 ᠲᠦᠬᠦᠷᠢᠭ ᠪᠠᠢᠭᠰᠠᠨ ᠡᠪᠡᠰᠦ ᠪᠤᠭᠤᠵᠢᠯᠠᠬᠤ ᠵᠠᠷᠤᠳᠠᠯᠢ ᠪᠤᠭᠤᠵᠢ ᠪᠦᠷᠢ ᠡᠴᠡ 3 ᠲᠦᠬᠦᠷᠢᠭ ᠬᠤᠷᠢᠶᠠᠬᠤ ᠪᠤᠯᠵᠦ ᠤᠯᠠᠨ ᠲᠦᠮᠡᠨᠳᠤ ᠪᠠᠭ᠎ᠠ ᠪᠤᠰᠤ ᠵᠠᠷᠤᠳᠠᠯ ᠠᠷᠪᠢᠯᠠᠵᠦ
ᠦᠭᠬᠦ ᠪᠤᠯᠵᠠᠢ᠃ ᠠᠴᠢ ᠲᠤᠰᠠ ᠵᠢ ᠨᠢ ᠬᠦᠷᠲᠡᠭᠰᠡᠨ ᠭᠠᠴᠠᠭᠠᠨ
ᠤ ᠤᠯᠠᠨ ᠨᠢ ᠬᠤᠷᠰᠢᠶᠠᠵᠢᠯ ᠵᠢᠨᠨ ᠤᠯᠠᠮ ᠢᠲᠡᠭᠡᠨ ᠬᠦᠷᠢᠶᠡᠯᠡᠬᠦ ᠪᠤᠯᠪᠡ᠃ 2024 ᠤᠨᠳᠤ ᠲᠤᠰ ᠭᠠᠴᠠᠭᠠᠨᠤ 6 ᠡᠷᠦᠬᠡ ᠬᠤᠪᠢᠴᠠᠭ᠎ᠠ ᠪᠦᠷᠢ
ᠵᠢ ᠲᠦᠮᠡᠨ ᠲᠦᠬᠦᠷᠢᠭ ᠵᠢᠡᠷ ᠪᠤᠳᠤᠵᠦ ᠬᠤᠷᠰᠢᠶᠠᠵᠢᠯᠳᠤ ᠬᠤᠪᠢ ᠤᠷᠤᠵᠠᠢ᠃ ᠤᠳᠤ ᠪᠤᠯᠬᠤᠳᠤ᠂ ᠬᠤᠷᠰᠢᠶᠠᠵᠢᠯ
ᠨᠢ 24 ᠬᠤᠪᠢ ᠡᠷᠦᠬᠡ ᠪᠠ ᠭᠠᠴᠠᠭ᠎ᠠ ᠵᠢ ᠪᠠᠭᠲᠠᠭᠠᠭᠰᠠᠨ
25 ᠬᠡᠰᠢᠬᠦᠨ ᠲᠠᠢ ᠪᠤᠯᠤᠬᠰᠠᠨ ᠪᠠᠢᠨ᠎ᠠ᠃ ᠳᠤᠰ ᠭᠠᠴᠠᠭᠠᠨᠤ ᠵᠦᠪᠯᠡᠯᠤᠨ ᠪᠦᠬᠦ ᠬᠡᠰᠢᠬᠦᠳ ᠪᠦᠷ ᠬᠤᠷᠰᠢᠶᠠᠵᠢᠯᠤᠨ ᠬᠡᠰᠢᠬᠦᠨ ᠪᠠᠢᠵᠦ᠂ ᠭᠠᠴᠠᠭ᠎ᠠ ᠬᠢᠭᠡᠳ ᠬᠤᠷᠰᠢᠶᠠᠵᠢᠯ ᠰᠡᠳᠬᠢᠯ ᠨᠢᠬᠡᠳᠤᠨ ᠬᠠᠮᠲᠤᠷᠠᠨ ᠠᠵᠢᠯᠯᠠᠭᠰᠠᠨ ᠡᠴᠡ
ᠰᠠᠶᠢ ᠬᠤᠷᠰᠢᠶᠠᠵᠢᠯᠤᠨ ᠦᠨᠦᠳᠦᠷᠤᠨ ᠠᠮᠵᠢᠯᠲᠠ ᠵᠢ ᠤᠯᠵᠦ ᠴᠢᠳᠠᠬᠰᠠᠨ ᠭᠡᠵᠦ ᠪᠤᠤ ᠱᠠᠨ ᠱᠦᠵᠢ ᠦᠵᠡᠳᠡᠭ
ᠠᠵᠢ᠃ ᠬᠤᠷᠰᠢᠶᠠᠵᠢᠯ ᠨᠢ ᠪᠠᠰᠠ ᠬᠢᠮᠢ ᠵᠢᠨ ᠪᠤᠷᠳᠤᠭᠤᠷ᠂ ᠲᠠᠷᠢᠶᠠᠨ ᠡᠮ ᠬᠡᠷᠡᠭᠯᠡᠬᠦ ᠦᠬᠡᠢ ᠪᠡᠷ ᠨᠢᠬᠡ ᠪᠦᠯᠦᠭ ᠡᠷᠳᠡᠨᠢ ᠰᠢᠰᠢ᠂ ᠨᠠᠷᠢᠮᠦ᠂ ᠪᠤᠭᠤᠳᠠᠢ᠂ ᠰᠠᠭᠠᠭ ᠵᠡᠷᠭᠡ
ᠵᠢ ᠲᠠᠷᠢᠵᠦ᠂ ᠳᠡᠳᠡᠭᠡᠷ ᠪᠤᠬᠢᠷᠳᠤᠯ ᠦᠬᠡᠢ ᠪᠦᠳᠦᠭᠡᠭᠳᠡᠬᠦᠨ ᠢᠶᠡᠨ ᠬᠤᠷᠰᠢᠶᠠᠵᠢᠯ ᠤᠨ ᠵᠢᠨᠨ ᠨᠡᠷ᠎ᠡ ᠪᠡᠷ
ᠳᠠᠡᠭᠰᠠᠯᠠᠭᠤᠯᠤᠨ ᠭᠠᠳᠠᠭᠰᠢ ᠪᠤᠷᠤᠯᠠᠭᠤᠯᠵᠦ ᠪᠤᠢ᠃ ᠡᠨᠡ ᠶᠠᠪᠤᠴᠠ ᠳᠤ ᠬᠤᠷᠰᠢᠶᠠᠵᠢᠯ ᠤᠨ ᠬᠢᠨ ᠤᠭᠤᠳᠠᠯᠠᠵᠤ
ᠪᠤᠭᠤᠳᠠᠯᠯᠠᠬᠤ ᠲᠠᠰᠤᠭ ᠢᠶᠡᠷ ᠭᠠᠴᠠᠭᠠᠨᠤ ᠪᠠᠨ ᠨᠢᠬᠡ ᠭᠡᠷᠢ ᠬᠡᠷᠡᠭᠯᠡᠳᠡᠭ ᠡᠴᠡ ᠭᠠᠴᠠᠭ᠎ᠠ ᠳᠠᠭᠠᠨ
ᠵᠢᠯ ᠪᠦᠷᠢ ᠬᠤᠶᠠᠷ ᠲᠦᠮᠡᠨ ᠲᠦᠬᠦᠷᠢᠭ ᠲᠤᠰᠢᠶᠠᠳᠠᠭ᠃ ᠡᠨᠡ
ᠮᠡᠲᠦ ᠪᠡᠷ ᠬᠤᠷᠰᠢᠶᠠᠵᠢᠯ ᠨᠢ ᠵᠢᠯ ᠪᠦᠷᠢ ᠭᠠᠴᠠᠭ᠎ᠠ ᠳᠠᠭᠠᠨ ᠮᠠᠰᠢᠨ ᠬᠡᠷᠡᠭᠯᠡᠭᠰᠡᠨ ᠵᠤᠭᠤᠰ ᠪᠤᠯᠤᠨ ᠠᠰᠢᠭ ᠬᠤᠪᠢᠶᠠᠷᠢᠯᠠᠭᠰᠠᠨ ᠵᠤᠭᠤᠰ᠂ ᠭᠡᠷ ᠳᠦᠷᠢᠶᠡᠰᠦᠯᠡᠭᠰᠡᠨ
ᠵᠤᠭᠤᠰ ᠬᠡᠬᠦ ᠮᠡᠳᠤ ᠪᠡᠷ ᠠᠷᠪᠠᠭᠠᠳ ᠲᠦᠮᠡᠨ ᠲᠦᠬᠦᠷᠢᠭ ᠲᠤᠰᠢᠶᠠᠳᠠᠭ ᠪᠢᠯᠠ᠃ ᠭᠠᠴᠠᠭ᠎ᠠ ᠨᠢ ᠲᠡᠷᠡ ᠵᠤᠭᠤᠰ ᠵᠢᠨᠨ ᠤᠨᠴᠠ ᠬᠦᠴᠢᠷᠳᠡᠯᠲᠡᠢ ᠤᠯᠠᠨ ᠲᠦᠮᠡᠨᠢ
ᠳᠡᠮᠵᠢᠬᠦ᠂ ᠬᠦᠨᠳᠦ ᠡᠪᠡᠳᠴᠢᠳᠠᠨᠢ ᠬᠠᠪᠰᠤᠷᠬᠤ᠂ ᠶᠡᠬᠡ ᠰᠤᠷᠭᠠᠭᠤᠯᠢ ᠳᠤ ᠤᠷᠤᠭᠰᠠᠨ ᠤᠶᠤᠲᠠᠳᠢ ᠵᠤᠷᠢᠭᠵᠢᠭᠤᠯᠬᠤ᠂
ᠠᠬᠠᠮᠠᠳ ᠨᠠᠰᠤᠲᠠᠳ ᠪᠠ ᠨᠠᠮᠤᠨ ᠬᠡᠰᠢᠬᠦᠳᠢ ᠪᠤᠯᠭᠤᠭᠠᠨ ᠲᠤᠬᠤᠨᠢᠭᠤᠯᠬᠤ ᠭᠡᠬᠦ ᠮᠡᠲᠦ ᠪᠡᠷ ᠬᠢᠷᠢ ᠪᠠᠷᠤᠭᠤᠨ ᠭᠠᠴᠠᠭ᠎ᠠ ᠲᠤᠰᠬᠤᠨ ᠬᠢᠵᠦ ᠳᠡᠢᠯᠦᠮᠡᠷ
ᠦᠬᠡᠢ ᠤᠯᠠᠨ ᠳᠦᠷᠦᠯᠤᠨ ᠠᠷᠠᠳᠤᠨ ᠰᠡᠳᠬᠢᠯᠢ ᠳᠤᠯᠠᠭᠠᠴᠠᠭᠤᠯᠬᠤ ᠨᠡᠢᠲᠡ ᠵᠢᠨ ᠠᠰᠠᠷᠠᠮᠵᠢ ᠵᠢᠨ ᠠᠵᠢᠯ
ᠳᠤ ᠬᠡᠷᠡᠭᠯᠡᠵᠦ ᠪᠤᠢ᠃
— 2024 ᠤᠨᠳᠤ ᠮᠠᠨᠤ
ᠬᠤᠷᠰᠢᠶᠠᠵᠢᠯ 90 ᠭᠠᠷᠤᠢ ᠲᠦᠮᠡᠨ ᠲᠦᠬᠦᠷᠢᠭᠤᠨ ᠮᠠᠯ ᠠᠪᠴᠦ᠂ 100 ᠭᠠᠷᠤᠢ ᠲᠦᠮᠡᠨ ᠲᠦᠬᠦᠷᠢᠭᠤᠨ
ᠮᠠᠰᠢᠨ ᠬᠡᠷᠡᠭᠰᠡᠯ ᠠᠪᠴᠠᠢ᠃ ᠤᠳᠤᠬᠠᠨᠳᠤ᠂ ᠬᠤᠷᠰᠢᠶᠠᠵᠢᠯᠤᠨ ᠮᠠᠰᠢᠨ ᠬᠡᠷᠡᠭᠰᠡᠯ᠂ ᠮᠠᠯ ᠤᠨᠤᠭ᠎ᠠ᠂
ᠭᠡᠷ ᠬᠦᠷᠢᠶ᠎ᠡ ᠫᠧᠡᠭ ᠰᠠᠷᠠᠪᠴᠢ ᠵᠡᠷᠭᠡ ᠵᠢ ᠪᠠᠭᠲᠠᠭᠠᠭᠰᠠᠨ ᠲᠤᠭᠲᠠᠮᠠᠯ ᠬᠦᠷᠦᠨᠭᠭᠡ ᠪᠠᠷᠤᠭ 2000
ᠲᠦᠮᠡᠨ ᠲᠦᠬᠦᠷᠢᠭ ᠲᠤ᠌ ᠬᠦᠷᠴᠦ ᠪᠠᠢᠨ᠎ᠠ᠃ ᠡᠨᠡ ᠵᠢᠯ ᠮᠠᠨᠤ ᠬᠤᠷᠰᠢᠶᠠᠵᠢᠯ ᠭᠠᠵᠠᠷ ᠰᠢᠷᠤᠢ ᠵᠢ ᠡᠷᠬᠢᠯᠳᠦᠬᠦᠯᠦᠨ ᠠᠰᠢᠭᠯᠠᠬᠤ ᠬᠡᠯᠪᠡᠷᠢ ᠪᠡᠷ 8000 ᠮᠤ᠌ ᠲᠠᠷᠢᠶ᠎ᠠ
ᠲᠠᠷᠢᠬᠰᠠᠨ ᠪᠦᠭᠡᠳ ᠡᠷᠳᠡᠨᠢ ᠰᠢᠰᠢ ᠵᠢᠨ ᠮᠤ᠌
ᠨᠢᠭᠡᠴᠢ ᠵᠢᠨ ᠤᠨᠠᠯᠲᠠ ᠵᠢ ᠨᠡᠮᠡᠭᠳᠡᠬᠦᠯᠬᠦ ᠲᠦᠷᠦᠯ ᠵᠦᠢᠯ ᠵᠢᠡᠷ ᠭᠠᠴᠠᠭᠠᠨᠤ ᠪᠠᠨ ᠤᠯᠠᠨ ᠳᠦᠮᠡᠨᠤ ᠲᠠᠷᠢᠶ᠎ᠠ
ᠵᠢ ᠲᠦᠮᠡᠨ ᠮᠤ᠌ ᠲᠠᠷᠢᠵᠤ᠂ ᠪᠤᠰᠤᠳ ᠰᠤᠮᠤ ᠪᠠᠯᠭᠠᠰᠤ ᠪᠠ ᠭᠠᠴᠠᠭ᠎ᠠ ᠲᠤᠰᠬᠤᠨᠤ ᠲᠠᠷᠢᠶ᠎ᠠ ᠵᠢ ᠪᠠᠰᠠ 15
ᠲᠦᠮᠡᠨ ᠮᠤ᠌ ᠲᠠᠷᠢᠵᠠᠢ᠃ ᠲᠠᠷᠢᠶ᠎ᠠ ᠲᠠᠷᠢᠬᠤ ᠭᠡᠳᠡᠭ ᠴᠢᠨᠢ ᠦᠨᠡᠨᠢ ᠬᠡᠯᠡᠪᠡᠯ ᠲᠡᠢᠮᠦ ᠬᠢᠯᠪᠠᠷ ᠶᠠᠪᠤᠳᠠᠯ
ᠪᠢᠰᠢ᠂ ᠮᠠᠨ ᠤ ᠬᠤᠷᠰᠢᠶᠠᠵᠢᠯ ᠤᠨ ᠪᠡᠯᠡ ᠤᠷᠤᠭᠤᠯᠤᠯᠳᠠ ᠶᠡᠬᠡ᠂ ᠮᠤ᠌ ᠪᠦᠷᠢᠳᠤ ᠪᠠᠷᠤᠭ 1300 ᠲᠦᠬᠦᠷᠢᠭᠤᠨ ᠪᠡᠯᠡ ᠤᠷᠤᠭᠤᠯᠵᠦ ᠪᠤᠢ᠂ ᠪᠠᠭ᠎ᠠ ᠯᠠ ᠠᠯᠳᠠᠰᠢ
ᠭᠠᠷᠪᠠᠯ ᠬᠤᠬᠢᠷᠠᠯ ᠪᠠᠭ᠎ᠠ ᠪᠤᠰᠤ᠃ ᠡᠢᠮᠦ ᠡᠴᠡ ᠪᠢᠳᠡ ᠡᠨᠡ ᠵᠢᠯ ᠺᠠᠢᠯᠤ ᠰᠢᠶᠠᠨ ᠡᠴᠡ ᠲᠤᠰᠬᠠᠢ ᠮᠡᠷᠭᠡᠵᠢᠯᠲᠡᠨ
ᠤᠷᠢᠵᠦ᠂ ᠪᠦᠬᠦ ᠶᠠᠪᠤᠴᠠᠳᠤ ᠮᠡᠷᠭᠡᠵᠢᠯ ᠤᠨ ᠵᠢᠯᠤᠭᠤᠳᠤᠯᠭ᠎ᠠ ᠬᠢᠯᠭᠡᠨ᠂ ᠲᠠᠷᠢᠶᠠᠨ ᠭᠠᠵᠠᠷ ᠤᠨ ᠬᠦᠷᠦᠰᠦ
ᠵᠢ ᠰᠢᠯᠭᠠᠬᠤ ᠡᠴᠡ ᠡᠬᠢᠯᠡᠬᠡᠳ ᠦᠷ᠎ᠡ ᠰᠤᠨᠭᠭᠤᠬᠤ᠂ ᠲᠠᠷᠢᠬᠤ᠂ ᠠᠷᠠᠴᠢᠯᠠᠵᠤ ᠬᠠᠮᠢᠶᠠᠷᠬᠤ᠂ ᠬᠤᠷᠢᠶᠠᠬᠤ ᠬᠦᠷᠳᠡᠯ᠎ᠡ
ᠪᠦᠷ ᠰᠢᠨᠵᠢᠯᠡᠬᠦ ᠤᠬᠠᠭᠠᠨᠴᠢ ᠪᠡᠷ ᠠᠵᠢᠯᠯᠠᠵᠦ ᠪᠤᠢ᠃ ᠵᠠᠷᠢᠮ ᠬᠦᠮᠦᠰ ᠲᠠᠷᠢᠬᠤ ᠵᠢᠨ ᠲᠦᠯᠦᠬᠡ ᠯᠠ ᠲᠠᠷᠢᠵᠦ᠂ ᠵᠤᠭᠤᠰ ᠵᠢᠨᠨ ᠬᠠᠢᠷᠠᠯᠠᠭᠠᠳ ᠳᠡᠮᠡᠢ ᠪᠡᠯᠡ ᠤᠷᠤᠭᠤᠯᠬᠤ ᠦᠬᠡᠢ᠂ ᠨᠠᠷᠢᠨ ᠨᠢᠮᠪᠠᠢ ᠠᠷᠠᠴᠢᠯᠠᠵᠦ ᠳᠤᠳᠤᠮᠲᠠᠬᠤ
ᠦᠬᠡᠢ ᠪᠠᠢᠳᠠᠭ ᠡᠴᠡ ᠲᠠᠷᠢᠶ᠎ᠠ ᠠᠯᠳᠠᠵᠦ ᠪᠠᠢᠳᠠᠭ᠃ ᠮᠠᠨᠤ ᠬᠤᠷᠰᠢᠶᠠᠵᠢᠯ ᠪᠤᠯ ᠲᠡᠭᠡᠵᠤ ᠪᠤᠯᠬᠤ ᠦᠬᠡᠢ᠂
ᠵᠠᠪᠠᠯ ᠤᠷᠤᠯᠭ᠎ᠠ ᠤᠯᠬᠤ ᠪᠡᠷ ᠴᠢᠷᠮᠠᠢᠬᠤ ᠴᠢᠬᠤᠯᠠᠳᠠᠢ᠃ ᠤᠴᠢᠷ ᠨᠢ ᠪᠢᠳᠡ ᠤᠯᠠᠨ ᠲᠦᠮᠡᠨ ᠤ ᠲᠠᠷᠢᠶ᠎ᠠ ᠵᠢ
ᠨᠡᠯᠢᠶᠡᠳ ᠦᠨᠳᠦᠷ ᠬᠠᠨᠭᠰᠢ ᠪᠡᠷ ᠳᠠᠭᠠᠭᠠᠴᠢᠯᠠᠨ ᠠᠪᠴᠦ ᠳᠠᠷᠢᠵᠤ ᠪᠤᠢ᠂ ᠡᠷᠳᠡᠨᠢ ᠰᠢᠰᠢ ᠲᠠᠷᠢᠬᠤ ᠪᠡᠷ ᠵᠢᠱ᠌ᠢᠶᠡᠯᠡᠬᠦᠳᠤ᠂ ᠲᠠᠷᠢᠶᠠᠨ ᠭᠠᠵᠠᠷ ᠨᠢ ᠰᠠᠢᠨ ᠪᠤᠯ ᠪᠢᠳᠠ ᠮᠤ᠌ ᠪᠦᠷᠢᠳᠤ 1600 ᠵᠢᠡᠭ ᠠᠮᠤ ᠪᠤᠳᠠᠭ᠎ᠠ ᠦᠭᠴᠤ᠂ ᠲᠡᠬᠦᠨ
ᠡᠴᠡ ᠳᠡᠭᠡᠭᠰᠢ ᠭᠠᠷᠤᠭᠰᠠᠨ ᠬᠡᠰᠡᠭᠢ ᠨᠢ ᠲᠡᠭᠰᠢ ᠪᠡᠷ ᠬᠤᠪᠢᠶᠠᠯᠴᠠᠵᠤ᠂ ᠲᠠᠷᠢᠶᠠᠨ ᠭᠠᠵᠠᠷ ᠨᠢ ᠠᠨᠠᠢᠬᠠᠨ
ᠪᠤᠯ ᠮᠤ᠌ ᠪᠦᠷᠢ ᠳᠤ 800 ᠵᠢᠡᠭ ᠠᠮᠤ ᠪᠤᠳᠠᠭ᠎ᠠ ᠦᠭᠬᠦ ᠬᠡᠷ᠎ᠡ ᠲᠤᠭᠲᠠᠬᠰᠠᠨ ᠪᠠᠢᠳᠠᠭ᠃ ᠲᠠᠷᠢᠶᠠᠴᠢᠳ ᠭᠠᠵᠠᠷ
ᠵᠢᠨᠨ ᠵᠢᠭᠠᠭᠠᠳ ᠦᠭᠪᠡᠯ ᠪᠤᠯᠴᠢᠬᠠᠨ᠎ᠠ᠂ ᠪᠤᠰᠤᠳ ᠠᠵᠢᠯ
ᠪᠤᠯᠤᠨ ᠪᠦᠬᠦ ᠪᠡᠯᠡ ᠤᠷᠤᠭᠤᠯᠤᠯᠳᠠ ᠵᠢ ᠨᠢ ᠪᠦᠷ ᠬᠤᠷᠰᠢᠶᠠᠵᠢᠯ ᠬᠠᠷᠢᠭᠤᠴᠠᠨ᠎ᠠ᠂ ᠡᠢᠮᠦ ᠡᠴᠡ ᠮᠠᠨᠤ ᠬᠤᠷᠰᠢᠶᠠᠵᠢᠯ
ᠬᠠᠮᠤᠭ ᠦᠨᠳᠦᠷ ᠤᠨᠠᠯᠲᠠ ᠳᠤ ᠬᠦᠷᠭᠡᠵᠤ ᠴᠢᠳᠠᠪᠠᠯ ᠰᠠᠶᠢ ᠤᠷᠤᠯᠭ᠎ᠠ ᠤᠯᠵᠦ ᠳᠡᠢᠯᠦᠨ᠎ᠡ ᠭᠡᠵᠦ ᠪᠤᠤ ᠱᠠᠨ ᠱᠦᠵᠢ
ᠲᠠᠨᠢᠯᠴᠠᠭᠤᠯᠤᠨ᠎ᠠ᠃
ᠬᠤᠷᠰᠢᠶᠠᠵᠢᠯ ᠨᠢ ᠲᠠᠷᠢᠶ᠎ᠠ ᠪᠠᠨ ᠬᠤᠷᠰᠢᠶᠠᠵᠢᠯᠳᠤ ᠳᠠᠭᠠᠭᠠᠴᠢᠯᠠᠭᠤᠯᠤᠬᠰᠠᠨ ᠭᠠᠴᠠᠭᠠᠨᠤ ᠪᠠᠨ
ᠦᠯᠡᠬᠦᠦ ᠬᠦᠳᠡᠯᠮᠦᠷᠢ ᠬᠦᠴᠦ ᠵᠢ ᠬᠤᠷᠰᠢᠶᠠᠵᠢᠯᠤᠨ ᠳᠠᠷᠢᠶ᠎ᠠ ᠵᠢ ᠠᠷᠠᠴᠢᠯᠠᠵᠤ ᠬᠠᠮᠢᠶᠠᠷᠬᠤ᠂ ᠬᠤᠷᠰᠢᠶᠠᠵᠢᠯᠤᠨ ᠮᠠᠰᠢᠨ ᠲᠷᠠᠺᠲ᠋ᠤᠷᠢ ᠵᠢᠯᠤᠭᠤᠳᠬᠤ᠂ ᠬᠤᠷᠰᠢᠶᠠᠵᠢᠯᠤᠨ ᠲᠠᠷᠢᠶᠠᠯᠠᠡᠭᠤᠨ ᠪᠦᠲᠦᠭᠡᠭᠳᠡᠬᠦᠨ ᠢ ᠤᠭᠤᠳᠠᠯᠠᠵᠤ
ᠪᠤᠭᠤᠳᠠᠯᠯᠠᠬᠤ ᠵᠡᠷᠭᠡ ᠠᠵᠢᠯ ᠳᠤ ᠬᠦᠯᠦᠰᠦᠯᠡᠨ ᠤᠷᠤᠯᠭ᠎ᠠ ᠵᠢ ᠨᠢ ᠨᠡᠮᠡᠭᠳᠡᠬᠦᠯᠵᠦ ᠪᠤᠢ᠃ ᠵᠢᠱ᠌ᠢᠶᠡᠯᠡᠪᠡᠯ᠂
ᠲᠤᠰ ᠭᠠᠴᠠᠭᠠᠨ ᠤ ᠦᠵᠡᠰᠬᠦᠯᠡᠡᠭ ᠭᠡᠭᠴᠢ ᠵᠠᠯᠠᠭᠤ ᠬᠤᠷᠰᠢᠶᠠᠵᠢᠯ ᠤᠨ ᠲᠠᠷᠢᠶᠠᠯᠠᠡᠭ ᠤᠨ ᠮᠠᠰᠢᠨᠢ ᠵᠢᠯᠤᠭᠤᠳᠤᠨ
ᠵᠢᠯ ᠳᠤ 8 ᠳᠦᠮᠡᠨ ᠳᠦᠬᠦᠷᠢᠭ ᠤᠯᠵᠤ ᠪᠠᠢᠨ᠎ᠠ; ᠯᠦᠡᠭ ᠮᠸᠢ᠂ ᠬᠤᠡᠭ ᠶᠢᠡᠭ ᠮᠡᠳᠤ ᠵᠢᠨ ᠬᠦᠮᠦᠰ ᠬᠤᠷᠰᠢᠶᠠᠵᠢᠯᠤᠨ ᠪᠤᠬᠢᠷᠳᠤᠯ ᠦᠬᠡᠢ ᠲᠠᠷᠢᠶᠠᠯᠠᠡᠭᠤᠨ ᠪᠦᠲᠦᠭᠡᠭᠳᠡᠬᠦᠨᠢ ᠤᠭᠤᠳᠠᠯᠠᠵᠤ
ᠪᠤᠭᠤᠳᠠᠯᠯᠠᠬᠤ ᠠᠵᠢᠯ ᠬᠢᠵᠦ ᠡᠳᠦᠷ ᠲᠤ 120 ᠳᠦᠬᠦᠷᠢᠭ ᠤᠯᠵᠤ ᠪᠠᠢᠨ᠎ᠠ ᠁ ᠡᠨᠡ ᠮᠡᠲᠦ ᠪᠡᠷ ᠬᠤᠷᠰᠢᠶᠠᠵᠢᠯᠤᠨ ᠬᠦᠮᠦᠨ ᠬᠦᠯᠦᠰᠦᠯᠡᠭᠰᠡᠨ
ᠦᠨᠦ ᠵᠢᠯᠤᠨ ᠵᠠᠷᠤᠯᠭ᠎ᠠ ᠨᠢᠬᠡᠨᠲᠡ 50 ᠲᠦᠮᠡᠨ ᠲᠦᠬᠦᠷᠢᠭᠢ ᠳᠠᠪᠠᠴᠢᠬᠠᠭᠰᠠᠨ ᠭᠡᠳᠡᠭ᠃
— ᠪᠢᠳᠡ ᠡᠨᠡ ᠵᠢᠯ ᠪᠠᠷᠤᠭ 80 ᠲᠦᠮᠡᠨ ᠵᠢᠡᠭ ᠰᠢᠷ᠎ᠠ ᠪᠤᠷᠴᠠᠭ ᠬᠤᠷᠢᠶᠠᠬᠤ
ᠪᠡᠷ ᠳᠦᠯᠦᠪᠯᠡᠵᠤ ᠪᠤᠢ᠂ ᠳᠡᠬᠦᠨ ᠵᠢᠨᠨ ᠪᠢᠳᠡ ᠰᠢᠭᠤᠳ
ᠬᠤᠳᠠᠯᠳᠤᠬᠤ ᠦᠬᠡᠢ᠂ ᠲᠤᠰᠤ ᠰᠢᠬᠠᠵᠦ ᠬᠤᠳᠠᠯᠳᠤᠬᠤ ᠰᠠᠨᠠᠭ᠎ᠠ ᠲᠠᠢ᠂ ᠲᠡᠭᠡᠪᠡᠯ ᠠᠰᠢᠭ ᠤᠷᠤᠯᠭ᠎ᠠ ᠨᠢ ᠨᠡᠡᠭ
ᠦᠨᠳᠦᠷ ᠪᠤᠯᠤᠨ᠎ᠠ᠃ ᠵᠠᠭᠤᠨ ᠵᠢᠡᠭ ᠰᠢᠷ᠎ᠠ ᠪᠤᠷᠴᠠᠭ ᠡᠴᠡ
13 ᠵᠢᠡᠭ ᠲᠤᠰᠤ᠂ 87 ᠵᠢᠡᠭ ᠳ᠋ᠸᠤᠪᠢᠡᠭ ᠭᠠᠷᠳᠠᠭ᠂ᠳ᠋ᠸᠤᠪᠢᠡᠭ
ᠨᠢ ᠮᠠᠯ ᠲᠡᠵᠢᠬᠡᠬᠦ ᠳᠤ ᠰᠠᠢᠨ ᠡᠳ᠋ ᠪᠤᠯᠳᠠᠭ᠃ ᠪᠢᠳᠡ ᠡᠨᠡ ᠵᠢᠯ ᠪᠠᠰᠠ ᠬᠡᠳᠦᠨ ᠮᠤ᠌ ᠤᠷᠳᠤ ᠪᠤᠷᠴᠠᠭ ᠲᠤᠷᠰᠢᠨ ᠲᠠᠷᠢᠵᠡᠢ᠂ ᠰᠠᠢᠲᠤᠷ ᠠᠷᠠᠴᠢᠯᠠᠪᠠᠯ
ᠮᠤ᠌ ᠨᠢᠭᠡᠴᠢ ᠵᠢᠨ ᠤᠨᠠᠯᠳᠠ ᠨᠢ 2000 ᠵᠢᠡᠭ ᠬᠦᠷᠦᠨ᠎ᠠ᠂ ᠵᠢᠡᠭ ᠪᠦᠷᠢ ᠵᠢ 2.5 ᠲᠦᠬᠦᠷᠢᠭ ᠵᠢᠡᠷ ᠪᠤᠳᠤᠪᠠᠯ᠂
ᠨᠢᠬᠡ ᠮᠤ᠌ ᠡᠴᠡ 5000 ᠲᠦᠬᠦᠷᠢᠭᠤᠨ ᠤᠷᠤᠯᠭ᠎ᠠ ᠤᠯᠵᠦ ᠪᠤᠯᠤᠨ᠎ᠠ᠃ 10 ᠵᠢᠡᠭ ᠬᠦᠭᠡ ᠪᠤᠷᠴᠠᠭ ᠡᠴᠡ 1.1 ᠵᠢᠡᠭ ᠬᠠᠲᠠᠭᠠᠭᠰᠠᠨ ᠪᠤᠷᠴᠠᠭ ᠭᠠᠷᠤᠨ᠎ᠠ᠂
ᠬᠠᠲᠠᠭᠠᠭᠠᠳ ᠬᠤᠳᠠᠯᠳᠤᠪᠠᠯ ᠨᠡᠡᠭ ᠦᠨᠡᠳᠡᠢ᠃ ᠪᠢᠳᠡ ᠳᠠᠷᠠᠭᠠᠴᠢ ᠪᠡᠷ ᠡᠢᠮᠦᠷᠬᠦᠦ ᠪᠤᠬᠢᠷᠳᠤᠯ ᠦᠬᠡᠢ ᠲᠠᠷᠢᠶᠠᠯᠠᠡᠭᠤᠨ ᠪᠦᠲᠦᠭᠡᠭᠳᠡᠬᠦᠨ ᠪᠠ ᠤᠨᠴᠠᠯᠢᠬᠲᠦ ᠲᠠᠷᠢᠮᠠᠯ ᠳᠠᠷᠢᠬᠤ ᠬᠡᠪᠴᠢᠶ᠎ᠠ ᠪᠠᠨ ᠶᠡᠭᠡᠰᠭᠡᠨ ᠤᠷᠤᠯᠭ᠎ᠠ ᠪᠠᠨ ᠨᠡᠮᠡᠭᠳᠡᠬᠦᠯᠬᠦ
ᠪᠡᠷ ᠲᠦᠯᠦᠪᠯᠡᠵᠦ ᠪᠤᠢ ᠭᠡᠵᠦ ᠪᠤᠤ ᠱᠠᠨ ᠱᠦᠵᠢ ᠶᠠᠷᠢᠵᠤ ᠪᠠᠢᠯ᠎ᠠ᠃
ᠲᠦᠷᠦ ᠵᠢᠨ ᠪᠤᠳᠤᠯᠭ᠎ᠠ ᠵᠢᠨ ᠳᠡᠮᠵᠢᠯᠬᠡ
ᠶᠡᠬᠡ᠂ ᠵᠠᠬ᠎ᠠ ᠳᠡᠯᠬᠡᠬᠦᠷ ᠤᠨ ᠦᠷᠢᠰᠦᠯᠳᠦᠬᠦ ᠬᠦᠴᠦᠨᠢᠶᠡᠷ ᠴᠢᠡᠭᠭ᠎ᠠ ᠪᠠᠢᠳᠠᠬ 《ᠬᠤᠷᠰᠢᠶᠠᠵᠢᠯ》 ᠬᠡᠮᠡᠬᠦ ᠵᠤᠬᠢᠶᠠᠨ ᠪᠠᠢᠭᠤᠯᠤᠯᠳᠠ ᠵᠢᠨ
ᠬᠡᠯᠪᠡᠷᠢ ᠨᠢ ᠲᠠᠷᠢᠶᠠᠯᠠᠡᠭ ᠮᠠᠯ ᠠᠵᠦ ᠠᠬᠤᠢ ᠡᠷᠬᠢᠯᠡᠵᠦ ᠪᠠᠢᠭ᠎ᠠ ᠬᠦᠮᠦᠰ ᠲᠤ᠌ ᠠᠪᠴᠦ ᠬᠡᠯᠡᠪᠡᠯ᠂ ᠰᠢᠨ᠎ᠡ
ᠴᠠᠭ ᠦᠶ᠎ᠡ ᠵᠢᠨ ᠴᠢᠬᠤᠯᠠ ᠬᠦᠭᠵᠢᠯᠲᠡ ᠵᠢᠨ ᠠᠷᠭ᠎ᠠ ᠬᠡᠯᠪᠡᠷᠢ ᠪᠤᠯᠤᠨ᠎ᠠ ᠭᠡᠳᠡᠭᠢ 《ᠮᠤᠷᠢᠨ ᠲᠠᠯ᠎ᠠ ᠲᠠᠷᠢᠶᠠᠯᠠᠡᠭ ᠤᠨ ᠲᠤᠰᠬᠠᠢ ᠬᠤᠷᠰᠢᠶᠠᠵᠢᠯ》 ᠬᠡᠳᠦᠨ ᠵᠢᠯ ᠤᠨ ᠪᠤᠳᠠᠳᠤ ᠦᠢᠯᠡᠳᠦᠯᠬᠡ ᠪᠡᠷ ᠵᠢᠨᠨ ᠬᠡᠷᠡᠴᠢᠯᠠᠯᠠ᠃