《ᠨᠢᠭᠡ ᠮᠥᠴᠡ》 ᠶ᠋ᠢᠨ ᠠᠵᠢᠯ ᠣᠯᠭᠣᠯᠲᠠ᠎ᠶ᠋ᠢᠨ ᠦᠶ᠋ᠯᠡᠴᠢᠯᠡᠭᠡᠨ᠎ᠦ ᠲᠣᠭᠣᠷᠢᠭ᠎ᠢ ᠪᠠᠢᠭᠤᠯᠵᠤ ᠠᠵᠢᠯ ᠣᠯᠭᠣᠯᠲᠠ ᠵᠢᠨ ᠠᠮᠢᠵᠢᠷᠠᠯ᠎ᠤᠨ ᠬᠦᠴᠦᠨ᠎ᠢ ᠬᠥᠭ᠌ᠵᠢᠭᠡᠪᠡ
2025-11-27 11:16:14
ᠵᠣᠬᠢᠶᠠᠭ᠍ᠴᠢ᠄
ᠪᠤᠤ ᠢᠤᠢ ᠶᠢᠡᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠦᠪᠠᠷᠲᠠᠬᠡᠨ ᠵᠠᠰᠠᠬᠤ ᠤᠷᠤᠨ ᠤ᠋ ᠬᠦᠮᠤᠨ ᠤ᠋ ᠬᠦᠴᠤᠨ ᠤ᠋ ᠡᠬᠢ ᠪᠠᠶᠠᠯᠢᠭ ᠪᠠ ᠨᠠᠢᠬᠡᠮ ᠤ᠋ᠨ ᠪᠠᠲᠤᠯᠠᠭ᠎ᠠ ᠵᠢᠨ ᠲᠢᠡᠭᠬᠢᠮ ᠡᠴᠠ ᠤᠢᠯᠠᠭᠠᠭᠰᠠᠨ᠎ᠢᠶᠡᠷ᠂ ᠲᠦᠷᠦᠬᠦᠬᠡᠨ᠂ ᠤᠷᠲᠤᠰ ᠬᠤᠲᠠ ᠵᠢᠨ ᠡᠵᠡᠨ ᠬᠣᠷᠣᠭ᠎ᠠ ᠬᠣᠱᠢᠭᠤᠨ ᠎ᠤ 《ᠳᠤᠯᠠᠭᠠᠨ ᠬᠣᠲᠠ ᠎ᠶ᠋ᠢᠨ ᠠᠵᠢᠯ ᠣᠯᠭᠣᠯᠲᠠ᠎ᠶ᠋ᠢᠨ ᠦᠶ᠋ᠯᠡᠴᠢᠯᠡᠭᠡᠨ᠎ᠦ ᠥᠷᠲᠡᠭᠡ》 ᠵᠢᠨ ᠠᠵᠢᠯᠲᠠᠳ ᠶᠠᠭ ᠠᠵᠢᠯ ᠡᠷᠢᠭ᠌ᠰᠡᠳ᠎ᠲᠦ ᠰᠦᠯᠵᠢᠶᠡᠨ ᠳᠡᠭᠡᠷ᠎ᠡ ᠠᠵᠢᠯ ᠎ᠤᠨ ᠪᠠᠢᠷᠢ ᠲᠣᠬᠢᠷᠠᠭᠤᠯᠤᠨ ᠶᠠᠭᠠᠷᠠᠯᠲᠠᠢ ᠠᠵᠢᠯᠯᠠᠨ᠎ᠠ᠃ 《ᠥᠩᠭᠡᠷᠡᠭ᠌ᠰᠡᠨ ᠎ᠳᠦ ᠰᠤᠯᠠ ᠠᠵᠢᠯᠴᠢᠨ ᠡᠷᠢᠬᠦ᠌ ᠨᠢ ᠭᠠᠵᠠᠷ ᠪᠤᠯᠭᠠᠨ ᠵᠢᠡᠷ ᠶᠠᠪᠤᠵᠦ ᠠᠵᠠ ᠵᠠᠪᠱᠢᠶᠠᠨ᠎ᠳᠤ ᠲᠦᠱᠢᠳᠡᠭ ᠪᠠᠢᠭ᠍ᠰᠠᠨ ᠶᠤᠮ᠂ ᠣᠲᠣᠬᠠᠨ ᠳ᠋ᠤ APP ᠲᠠᠪᠴᠠᠡᠭ᠎ᠢᠶᠡᠷ ᠳᠡᠮᠵᠢᠨ ᠬᠡᠷ᠎ᠲᠡᠬᠡᠨ ᠠᠵᠢᠯ᠎ᠤᠨ ᠪᠠᠢᠷᠢ᠎ᠶ᠋ᠢᠨ ᠮᠡᠳᠡᠭᠡ ᠵᠠᠩᠭᠢ᠎ᠶ᠋ᠢ ᠣᠯᠵᠤ ᠦᠵᠡᠬᠦ᠌ ᠪᠣᠯᠪᠠ》 ᠬᠡᠵᠤ ᠰᠠᠶᠢᠬᠠᠨ ᠲᠠᠪᠴᠠᠩ᠎ᠢᠶᠠᠷ ᠳᠠᠮᠵᠢᠨ ᠠᠵᠢᠯ ᠣᠯᠤᠭ᠍ᠰᠠᠨ ᠸᠠᠩ ᠠᠪᠤᠭᠠᠢ ᠬᠡᠯᠡᠪᠡ᠃ 

ᠡᠵᠡᠨ ᠬᠣᠷᠣᠭ᠎ᠠ ᠬᠣᠱᠢᠭᠤ 《ᠨᠡᠭᠦᠷᠡᠰᠦ + ᠱᠢᠨ᠎ᠡ ᠡᠨᠧᠷᠭᠢ》 ᠶ᠋ᠢᠨ ᠠᠵᠤ ᠦᠶ᠋ᠯᠡᠰ᠎ᠦᠨ ᠪᠠᠢᠷᠢᠱᠢᠯ᠎ᠤᠨ ᠲᠣᠭᠣᠷᠢᠨ᠎ᠳᠤ᠂ 《ᠨᠢᠭᠡ ᠮᠥᠴᠡ》 ᠶ᠋ᠢᠨ ᠠᠵᠢᠯ ᠣᠯᠭᠣᠯᠲᠠ᠎ᠶ᠋ᠢᠨ ᠦᠶ᠋ᠯᠡᠴᠢᠯᠡᠭᠡᠨ᠎ᠦ ᠲᠣᠭᠣᠷᠢᠭ᠎ᠢ ᠪᠠᠢᠭᠤᠯᠵᠤ᠂ 2025 ᠣᠨ᠎ᠳᠤ 4 ᠠᠵᠢᠯ ᠣᠯᠭᠣᠯᠲᠠ᠎ᠶ᠋ᠢᠨ ᠦᠶ᠋ᠯᠡᠴᠢᠯᠡᠭᠡᠨ᠎ᠦ ᠥᠷᠲᠡᠭᠡ᠎ᠶ᠋ᠢ ᠱᠢᠨ᠎ᠡ ᠎ᠪᠡᠷ ᠪᠠᠢᠭᠤᠯᠵᠤ᠂ ᠰᠦᠯᠵᠢᠶᠡᠨ ᠳᠡᠭᠡᠷᠡᠬᠢ ᠪᠠ ᠪᠤᠲᠠᠲᠤ ᠴᠤᠭᠴᠠ ᠳ᠋ᠤ ᠠᠵᠢᠯᠲᠠᠨ ᠡᠯᠰᠡᠬᠦ᠌ ᠠᠵᠢᠯᠯᠠᠭ᠎ᠠ᠎ᠶ᠋ᠢ 49 ᠲᠠᠯᠠᠪᠤᠷ ᠥᠷᠨᠢᠭᠦᠯᠵᠦ᠍᠂ 5236 ᠠᠵᠢᠯ᠎ᠤᠨ ᠪᠠᠢᠷᠢ ᠴᠤᠭ᠍ᠯᠠᠭᠤᠯᠤᠨ᠂ 4610 ᠬᠥᠮᠦᠨ᠎ᠢ ᠬᠠᠪᠰᠤᠷᠤᠨ ᠠᠵᠢᠯ ᠣᠯᠭᠣᠵᠤ᠂ ᠠᠷᠰᠠᠷ ᠠᠵᠢᠯ ᠤ᠋ᠨ ᠵᠠᠬ᠎ᠠ ᠳᠡᠯᠭᠡᠭᠦᠷ᠎ᠲᠦ 2.8 ᠲᠦᠮᠡᠨ ᠬᠥᠮᠦᠨ ᠤᠳᠠᠭ᠎ᠠ ᠠᠮᠢᠳᠤᠯᠢᠭ᠎ᠢᠶᠠᠷ ᠠᠵᠢᠯ ᠣᠯᠭᠣᠪᠠ᠃ ᠡᠭᠦᠨ ᠎ᠦ ᠬᠠᠮᠲᠤ᠂ ᠲᠤᠬᠠᠢ ᠎ᠶ᠋ᠢᠨ ᠭᠠᠵᠠᠷ ᠎ᠤᠨ ᠬᠢᠨ ᠨᠡᠢᠭᠡᠮ ᠲᠣᠭᠣᠷᠢᠭ ᠎ᠲᠤ ᠠᠵᠢᠯ ᠣᠯᠭᠣᠯᠲᠠ ᠎ᠶ᠋ᠢᠨ ᠦᠢᠯᠡᠳᠪᠦᠷᠢ᠎ᠶ᠋ᠢᠨ ᠲᠠᠰᠤᠭ 14 ᠪᠠᠢᠭᠤᠯᠵᠤ᠂ 300 ᠭᠠᠷᠤᠢ ᠬᠥᠮᠦᠨ ᠎ᠳᠦ ᠠᠵᠢᠯ ᠣᠯᠭᠣᠵᠤ᠂ ᠤᠯᠠᠨ ᠲᠦᠮᠡᠨ ᠎ᠦ ᠭᠡᠷ᠎ᠦᠨ ᠡᠭᠦᠳᠡᠨ᠎ᠳᠦ ᠠᠵᠢᠯ ᠣᠯᠵᠤ ᠣᠷᠣᠯᠭ᠎ᠠ ᠎ᠪᠠᠨ ᠨᠡᠮᠡᠭ᠌ᠳᠡᠭᠦᠯᠬᠦ᠌᠎ᠶ᠋ᠢ ᠠᠬᠢᠭᠤᠯᠪᠠ; ᠠᠵᠢᠯ ᠡᠷᠢᠬᠦ᠌ ᠬᠡᠷᠡᠭ᠌ᠴᠡᠭᠡ ᠱᠠᠭᠠᠷᠳᠠᠯᠭ᠎ᠠ᠎ᠶ᠋ᠢᠨ ᠲᠤᠮᠤ ᠳ᠋ᠠᠢᠲ᠋ᠠ ᠬᠥᠮᠥᠷᠭᠡ᠎ᠶ᠋ᠢ ᠪᠠᠢᠭᠤᠯᠬᠤ᠎ᠪᠠᠷ ᠳᠠᠮᠵᠢᠨ᠂ ᠠᠵᠤ ᠠᠬᠤᠢᠯᠠᠯ᠎ᠲᠠᠶ ᠵᠣᠯᠭᠠᠯᠳᠤᠭᠤᠯᠤᠨ 《ᠪᠦᠷᠢᠨ ᠦᠶ᠋ᠯᠡᠴᠢᠯᠡᠭᠡᠨ᠎ᠦ ᠠᠵᠢᠯ᠎ᠤᠨ ᠪᠠᠢᠷᠢ + ᠠᠮᠢᠳᠤᠯᠢᠭ ᠠᠵᠢᠯ᠎ᠤᠨ ᠪᠠᠢᠷᠢ》 ᠶ᠋ᠢᠨ ᠬᠠᠮ ᠵᠠᠭ᠍ᠪᠤᠷ᠎ᠢ ᠭᠠᠷᠭᠠᠵᠤ᠂ 2025 ᠣᠨ᠎ᠳᠤ 《ᠡᠬᠡᠴᠤᠤᠯ᠎ᠦᠨ ᠠᠵᠢᠯ᠎ᠤᠨ ᠪᠠᠢᠷᠢ》 ᠶ᠋ᠢᠨ ᠲᠤᠰᠭᠠᠶ ᠠᠵᠢᠯᠲᠠᠨ ᠤᠷᠢᠵᠤ ᠡᠯᠰᠡᠬᠦ᠌ ᠴᠤᠭ᠍ᠯᠠᠭᠠᠨ ᠎ᠢ  2 ᠲᠠᠯᠠᠪᠠᠢ ᠡᠷᠭᠢᠯᠡᠵᠠᠢ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号