《ᠠᠮᠤᠭᠤᠯᠠᠩᠳᠤ ᠲᠤᠮᠳᠠᠳᠤ ᠤᠯᠤᠰ ᠵᠢᠡᠨ ᠤᠶᠠᠩᠭᠠᠯᠠᠨ ᠲᠠᠭᠤᠯᠠᠬᠤ》 ᠲᠤᠳᠤᠭᠠᠳᠤ ᠵᠢ ᠬᠠᠮᠠᠭᠠᠯᠠᠬᠤ ᠤᠤᠭᠠᠯ ᠪᠦᠳᠦᠬᠡᠯᠳᠦ ᠲᠠᠭᠤᠤ ᠵᠢᠴᠢ 《ᠲᠤᠳᠤᠭᠠᠳᠤ ᠵᠢ ᠬᠠᠮᠠᠭᠠᠯᠠᠬᠤ ᠰᠤᠶᠤᠯ》 ᠤ᠋ᠨ ᠰᠢᠨ᠎ᠡ ᠵᠠᠭᠤᠴᠢᠯᠠᠭᠤᠷ ᠤ᠋ᠨ ᠬᠦᠭᠵᠢᠯᠳᠡ ᠵᠢᠨ ᠪᠤᠳᠤᠯ ᠰᠠᠨᠠᠯ ᠵᠢᠡᠨ ᠰᠤᠯᠢᠯᠴᠠᠬᠤ ᠠᠵᠢᠯᠯᠠᠭ᠎ᠠ ᠤᠷᠴᠢᠮᠬᠠᠨ ᠰᠦᠵᠸᠦ ᠬᠤᠳᠠ ᠳ᠋ᠸ᠋ ᠶᠠᠪᠤᠬᠳᠠᠪᠠ᠃ ᠠᠵᠢᠯᠯᠠᠭ᠎ᠠ ᠳ᠋ᠸ᠋᠂ ᠤᠨ ᠤ᠋ 《ᠲᠤᠳᠤᠭᠠᠳᠤ ᠵᠢ ᠬᠠᠮᠠᠭᠠᠯᠠᠬᠤ ᠰᠤᠶᠤᠯ》 ᠤ᠋ᠨ ᠰᠢᠨ᠎ᠡ ᠵᠠᠭᠤᠴᠢᠯᠠᠭᠤᠷ ᠤ᠋ᠨ ᠨᠡᠷᠡᠰ ᠤ᠋ᠨ ᠵᠢᠬᠰᠠᠭᠠᠯᠳᠠ ᠵᠢ ᠨᠡᠢᠳᠡᠯᠡᠵᠡᠢ᠃ ᠦᠪᠦᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠲᠤᠳᠤᠭᠠᠳᠤ ᠵᠢ ᠬᠠᠮᠠᠭᠠᠯᠠᠬᠤ ᠲᠢᠩᠬᠢᠮ ᠤ᠋ᠨ ᠨᠢᠰᠬᠡᠯ ᠤ᠋ᠨ ᠪᠠᠭᠤᠳᠠᠯᠤᠨ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠰᠢᠯᠢᠳᠡᠭ ᠠᠭᠤᠯᠭ᠎ᠠ ᠵᠢᠨ ᠵᠤᠬᠢᠶᠠᠨ ᠪᠦᠳᠦᠬᠡᠯᠬᠡ ᠬᠢᠬᠡᠳ ᠦᠷᠬᠡᠨ ᠲᠡᠯᠬᠡᠷ ᠠᠵᠢᠯ ᠲᠦᠷᠦᠯ ᠤ᠋ᠨ ᠨᠦᠯᠦᠬᠡᠯᠡᠬᠦ ᠬᠦᠴᠦᠨ ᠵᠢᠡᠷ ᠵᠢᠡᠨ 《ᠲᠤᠳᠤᠭᠠᠳᠤ ᠵᠢ ᠬᠠᠮᠠᠭᠠᠯᠠᠬᠤ ᠰᠤᠶᠤᠯ》 ᠤ᠋ᠨ ᠰᠢᠨ᠎ᠡ ᠵᠠᠭᠤᠴᠢᠯᠠᠭᠤᠷ ᠤ᠋ᠨ ᠠᠭᠤᠯᠭ᠎ᠠ ᠵᠢᠨ ᠬᠤᠪᠢ ᠨᠡᠮᠡᠷᠢ ᠦᠵᠡᠭᠦᠯᠦᠭᠰᠡᠨ ᠲᠠᠩᠰᠠᠨ ᠳ᠋ᠤᠭᠠᠷ ᠤ᠋ᠨ ᠨᠡᠷᠡᠰ ᠤ᠋ᠨ ᠵᠢᠬᠰᠠᠭᠠᠯᠳᠠ ᠳ᠋ᠸ᠋ ᠲᠤᠳᠤᠷᠠᠪᠠ᠃
ᠤᠢᠯᠠᠭᠠᠬᠰᠠᠨ ᠵᠢᠡᠷ᠂ ᠦᠪᠦᠷ ᠮᠤᠩᠭᠤᠯ ᠤ᠋ᠨ ᠠᠭᠠᠷ ᠤ᠋ᠨ ᠠᠶᠠᠯᠠᠯ ᠤ᠋ᠨ ᠬᠦᠢᠰᠦ ᠵᠢᠨ ᠠᠮᠤᠷ ᠲᠦᠪᠰᠢᠨᠢ ᠬᠠᠮᠠᠭᠠᠯᠠᠬᠤ᠂ ᠤᠯᠠᠨ ᠲᠦᠮᠡᠨ ᠤ᠋ ᠭᠠᠳᠠᠬᠰᠢ ᠭᠠᠷᠬᠤ ᠳ᠋ᠸ᠋ ᠦᠢᠯᠡᠴᠢᠯᠡᠬᠦ ᠴᠢᠬᠤᠯᠠ ᠬᠦᠴᠦᠨ ᠪᠤᠯᠤᠬᠰᠠᠨ ᠤ᠋ ᠬᠤᠪᠢ ᠳ᠋ᠸ᠋᠂ ᠨᠢᠰᠬᠡᠯ ᠤ᠋ᠨ ᠪᠠᠭᠤᠳᠠᠯ ᠤ᠋ᠨ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠢᠮᠠᠬᠳᠠ ᠰᠢᠨ᠎ᠡ ᠵᠠᠭᠤᠴᠢᠯᠠᠭᠤᠷ ᠤ᠋ᠨ ᠲᠠᠪᠴᠠᠩᠢ ᠲᠤᠳᠤᠭᠠᠳᠤ ᠵᠢ ᠬᠠᠮᠠᠭᠠᠯᠠᠬᠤ ᠰᠤᠶᠤᠯ ᠤ᠋ᠨ ᠲᠠᠮᠵᠢᠭᠤᠯᠭ᠎ᠠ ᠵᠢᠨ ᠭᠤᠤᠯᠯᠠᠬᠤ ᠵᠢᠬᠰᠠᠭᠠᠯ ᠤ᠋ᠨ ᠭᠠᠵᠠᠷ ᠪᠤᠯᠭᠠᠵᠠᠢ᠃ ᠨᠢᠰᠬᠡᠯ ᠤ᠋ᠨ ᠪᠠᠭᠤᠳᠠᠯ ᠤ᠋ᠨ ᠲᠤᠳᠤᠭᠠᠳᠤ ᠵᠢ ᠬᠠᠮᠠᠭᠠᠯᠠᠬᠤ ᠠᠵᠢᠯ ᠤ᠋ᠨ ᠤᠨᠴᠠᠭᠠᠢ ᠴᠢᠨᠠᠷ ᠬᠢᠬᠡᠳ ᠦᠪᠦᠷ ᠮᠤᠩᠭᠤᠯ ᠤ᠋ᠨ ᠭᠠᠵᠠᠷ ᠤᠷᠤᠨ ᠤ᠋ ᠤᠨᠴᠠᠯᠢᠬ ᠲᠠᠢ ᠤᠶᠠᠯᠳᠤᠭᠤᠯᠤᠨ᠂ 《ᠵᠢᠩᠬᠢᠨᠢ ᠲᠠᠢᠯᠠᠯᠳᠤᠭᠠᠨ ᠲᠠᠢ ᠤᠢᠷᠠᠳᠤᠬᠤ᠂ ᠤᠯᠠᠨ ᠲᠦᠮᠡᠨ ᠲᠠᠢ ᠤᠢᠷᠠᠳᠤᠬᠤ᠂ ᠠᠮᠢᠳᠤᠷᠠᠯ ᠲᠠᠢ ᠤᠢᠷᠠᠳᠤᠬᠤ》 ᠵᠠᠷᠴᠢᠮ ᠵᠢᠡᠷ᠂ ᠰᠢᠯᠢᠳᠡᠭ ᠶᠠᠰᠦ ᠴᠢᠨᠠᠷ ᠲᠠᠢ ᠠᠭᠤᠯᠭ᠎ᠠ ᠵᠢ ᠦᠷᠬᠦᠯᠵᠢᠯᠡᠨ ᠭᠠᠷᠭᠠᠵᠤ᠂ ᠨᠢᠰᠬᠡᠯ ᠤ᠋ᠨ ᠪᠠᠭᠤᠳᠠᠯ ᠤ᠋ᠨ ᠠᠮᠤᠷ ᠲᠦᠪᠰᠢᠨ ᠢ ᠰᠡᠷᠬᠡᠢᠯᠡᠨ ᠡᠵᠡᠮᠳᠡᠬᠦ᠂ ᠠᠷᠠᠳ ᠲᠦ᠍ ᠲᠦᠬᠦᠮ ᠦᠵᠡᠬᠦᠯᠬᠦ ᠠᠷᠭ᠎ᠠ ᠬᠡᠮᠵᠢᠶ᠎ᠡ ᠵᠡᠷᠬᠡ ᠲᠤᠰᠬᠠᠢ ᠮᠡᠷᠬᠡᠵᠢᠯ ᠤ᠋ᠨ ᠮᠡᠳᠡᠬᠡ ᠵᠠᠩᠬᠢ ᠵᠢ ᠬᠦᠨᠵᠡᠬᠡᠢ ᠲᠠᠢᠯᠪᠤᠷᠢᠯᠠᠵᠦ᠂ ᠬᠢᠯᠪᠠᠷ ᠤᠢᠯᠠᠭᠠᠮᠵᠢᠳᠠᠢ ᠵᠢᠷᠤᠬ ᠦᠰᠦᠭ᠂ ᠤᠬᠤᠷ ᠸᠢᠳᠢᠣ᠋ ᠪᠡᠷ ᠳᠠᠮᠵᠢᠨ ᠤᠯᠠᠨ ᠲᠦᠮᠡᠨᠳᠦ ᠦᠢᠯᠡᠴᠢᠯᠡᠪᠡ; ᠨᠢᠬᠡᠳᠦᠬᠡᠷ ᠹᠷᠤᠨᠲ ᠤ᠋ᠨ ᠴᠠᠬᠳᠠᠭ᠎ᠠ ᠵᠢᠨ ᠵᠢᠵᠢᠬᠦᠷᠯᠡᠵᠦ ᠪᠠᠢᠭ᠎ᠠ ᠭᠱᠠᠨ ᠳ᠋ᠸ᠋ ᠠᠩᠬᠠᠷᠤᠯ ᠵᠢᠡᠨ ᠲᠦᠪᠯᠡᠷᠡᠬᠦᠯᠵᠦ᠂ ᠰᠠᠯᠬᠢ ᠴᠠᠰᠤᠨ ᠤ᠋ ᠲᠤᠮᠳᠠ ᠡᠬᠡᠯᠵᠢ ᠵᠢᠨ ᠨᠢᠰᠬᠡᠯ ᠤ᠋ᠨ ᠠᠮᠤᠷ ᠲᠦᠪᠰᠢᠨᠢ ᠪᠠᠳᠤᠯᠠᠬᠤ᠂ ᠰᠦᠨᠢ ᠵᠢᠨ ᠬᠦᠨ ᠳ᠋ᠸ᠋ ᠠᠶᠠᠨᠴᠢᠳ ᠲᠦ᠍ ᠬᠠᠪᠰᠤᠷᠤᠯᠭ᠎ᠠ ᠳᠡᠮᠵᠢᠯᠭᠡ ᠦᠵᠡᠭᠦᠯᠦᠭᠰᠡᠨ ᠵᠡᠷᠬᠡ ᠦᠯᠢᠬᠡᠷᠢ ᠲᠡᠮᠳᠡᠭᠯᠡᠵᠦ᠂ ᠭᠠᠪᠰᠢᠭᠠᠢ ᠴᠠᠬᠳᠠᠭ᠎ᠠ ᠵᠢᠨ ᠨᠢᠩᠵᠢᠨ ᠰᠡᠳᠬᠢᠯᠢ ᠲᠡᠯᠬᠡᠴᠡ ᠪᠡᠷ ᠲᠠᠮᠵᠢᠨ ᠬᠠᠷᠠᠭᠤᠯᠤᠬᠰᠠᠨ ᠪᠠᠢᠨ᠎ᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号