ᠡᠯ ᠷᠧᠨ ᠲᠡᠶ ᠵᠦᠴᠦᠭᠡ 《ᠲᠤᠮᠤ ᠱᠠᠩᠰᠢ》 ᠵᠢ ᠪᠡᠭᠡᠵᠢᠩ ᠳ᠋ᠤ ᠲᠣᠭ᠍ᠯᠠᠪᠠ
2025-11-26 11:26:27
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

ᠦᠪᠤᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠰᠤᠶᠤᠯ ᠪᠠ ᠵᠢᠭᠤᠯᠴᠢᠯᠠᠯ ᠤ᠋ᠨ ᠲᠢᠩᠬᠢᠮ ᠡᠴᠡ ᠤᠢᠯᠠᠭᠠᠭᠰᠠᠨ ᠵᠢᠡᠷ᠂ ᠤᠢᠷ᠎ᠠ ᠳ᠋ᠤ ᠪᠠᠶᠠᠨᠨᠠᠭᠤᠷ ᠤ᠋ᠨ ᠡᠯ ᠷᠧᠨ ᠲᠡᠶ ᠵᠦᠴᠦᠭᠡ 《ᠲᠤᠮᠤ ᠱᠠᠩᠰᠢ》 ᠶ᠋ᠢ ᠪᠡᠭᠡᠵᠢᠩ ᠤ᠋ᠨ ᠮᠧᠢ ᠯᠠᠨ ᠹᠠᠩ ᠵᠦᠴᠦᠭᠡ ᠶ᠋ᠢᠨ ᠬᠦᠷᠢᠶᠡᠯᠡᠩ ᠳ᠋ᠤ ᠲᠣᠭ᠍ᠯᠠᠪᠠ᠃ ᠡᠬᠡ ᠤᠯᠤᠰ ᠤ᠋ᠨ ᠤᠮᠠᠷᠠᠲᠤ ᠬᠢᠯᠢ ᠶ᠋ᠢᠨ ᠡᠯᠡᠰᠦ ᠵᠢ ᠵᠠᠰᠠᠬᠤ ᠬᠥᠮᠦᠰ ᠤ᠋ᠨ ᠬᠠᠯᠠᠭᠤᠨ ᠰᠡᠳᠭᠢᠯ ᠪᠠ ᠢᠲᠡᠭᠡᠯ ᠪᠢᠱᠢᠷᠡᠯ ᠢ᠋ ᠠᠴᠢᠶᠠᠯᠠᠭ᠍ᠰᠠᠨ ᠡᠨᠡ ᠬᠦ᠌ ᠪᠦᠲᠦᠭᠡᠯ ᠨᠢ ᠰᠡᠳᠭᠢᠯ ᠬᠥᠳᠡᠯᠭᠡᠮ᠎ᠡ ᠤᠷᠠᠯᠢᠭ ᠤ᠋ᠨ ᠢᠯᠡᠳᠭᠡᠯᠲᠡ ᠪᠡᠷ 《ᠤᠮᠠᠷᠠᠲᠤ ᠶ᠋ᠢᠨ ᠭᠤᠷᠪᠠᠨ ᠣᠷᠣᠨ ᠤ᠋ ᠵᠣᠷᠢᠭ ᠰᠠᠨᠠᠭ᠎ᠠ》 ᠵᠢ ᠪᠡᠭᠡᠵᠢᠩ ᠤ᠋ᠨ ᠡᠬᠡ ᠭᠠᠵᠠᠷ ᠲᠦ᠍ ᠦᠨᠳᠦᠰᠦᠯᠡᠭᠦᠯᠵᠦ᠍᠂ ᠲᠤᠬᠠᠢ ᠶ᠋ᠢᠨ ᠲᠠᠯᠠᠪᠠᠢ ᠶ᠋ᠢᠨ ᠦᠵᠡᠭ᠌ᠴᠢᠳ ᠲᠦ᠍ ᠡᠯᠡᠰᠦᠨ ᠴᠦᠯ ᠤ᠋ᠨ ᠨᠣᠭᠣᠭᠠᠨ ᠮᠣᠳᠣ ᠨᠢᠭᠡᠪᠦᠷᠢ ᠶ᠋ᠢᠨ ᠠᠷᠤ ᠳ᠋ᠠᠬᠢ ᠶᠡᠷᠦ᠍ ᠪᠤᠰᠤ ᠶ᠋ᠢᠨ ᠤᠳᠬ᠎ᠠ ᠠᠭᠤᠯᠭ᠎ᠠ ᠵᠢ ᠤᠢ᠍ᠢᠯᠠᠭᠠᠭᠤᠯᠪᠠ᠃ 

《ᠥᠷᠯᠥᠭᠡ ᠰᠡᠷᠢᠬᠦ᠌ ᠳ᠋ᠤ ᠨᠢᠭᠤᠷ ᠴᠢᠷᠠᠢ᠂ ᠬᠠᠮᠠᠷ ᠠᠮᠠ ᠡᠯᠡᠰᠦ ᠪᠠᠷ ᠳᠦᠭᠦᠷᠴᠦ᠍᠂ ᠬᠤᠭᠤᠯᠠ ᠪᠠᠨ ᠵᠠᠵᠢᠯᠬᠤ ᠳ᠋ᠤ ᠡᠯᠡᠰᠦ ᠰᠢᠵᠢᠬᠢᠨᠡᠵᠦ ᠪᠠᠢᠯ᠎ᠠ ᠁》 ᠵᠦᠴᠦᠭᠡ ᠳ᠋ᠡᠬᠢ ᠡᠯᠡᠰᠦ ᠵᠠᠰᠠᠭ᠍ᠴᠢ ᠶ᠋ᠢᠨ ᠦᠭᠡ ᠲᠤᠬᠠᠢ ᠶ᠋ᠢᠨ ᠦᠶ᠎ᠠ ᠶ᠋ᠢᠨ ᠬᠡᠴᠡᠬᠦᠦ ᠪᠠᠢᠳᠠᠯ ᠢ᠋ ᠲᠤᠰᠬᠠᠨ᠂ ᠦᠵᠡᠭ᠌ᠴᠢᠳ ᠢ᠋ ᠬᠦᠳᠦᠯᠦᠨ ᠦᠩᠬᠡᠷᠡᠭᠰᠡᠨ ᠤ᠋ 《ᠨᠢᠭᠡ ᠵᠢᠯ ᠳ᠋ᠤ ᠨᠢᠭᠡ ᠤᠳᠠᠭ᠎ᠠ ᠰᠠᠯᠬᠢᠯᠠᠵᠤ᠂ ᠬᠠᠪᠤᠷ ᠡᠴᠡ ᠡᠪᠦᠯ ᠪᠣᠯᠲᠠᠯ᠎ᠠ ᠰᠠᠯᠬᠢᠯᠠᠳᠠᠭ》 ᠬᠠᠲᠠᠭᠤ ᠪᠡᠷᠬᠡ ᠤᠷᠴᠢᠨ ᠢ᠋ ᠦᠵᠡᠬᠦᠯᠵᠡᠢ᠃ ᠡᠨᠡ ᠬᠦ᠌ ᠲᠤᠭᠯᠠᠯᠳᠠ ᠨᠢ ᠡᠯ ᠷᠧᠨ ᠲᠡᠶ ᠵᠦᠴᠦᠭᠡ ᠶ᠋ᠢᠨ ᠳᠡᠯᠭᠡᠷᠡᠭᠦᠯᠦᠯᠲᠡ ᠪᠣᠯᠬᠤ ᠪᠠᠷ ᠪᠠᠷᠠᠬᠤ ᠥᠬᠡᠶ᠂ ᠨᠠᠩ ᠴᠤ᠌ ᠪᠠᠶᠠᠨᠨᠠᠭᠤᠷ ᠬᠤᠳᠠ ᠵᠢᠨ ᠯᠢᠨ ᠾᠧ ᠲᠣᠭᠣᠷᠢᠭ ᠤ᠋ᠨ ᠱᠢᠨᠬᠤᠸᠠ ᠣᠶ ᠱᠢᠭᠤᠶ ᠶ᠋ᠢᠨ ᠲᠠᠯᠠᠪᠠᠶ ᠶ᠋ᠢᠨ ᠠᠵᠢᠯᠲᠠᠨ ᠠᠵᠢᠯᠴᠢᠨ ᠤ᠋ 65 ᠵᠢᠯ ᠣᠢᠵᠢᠭᠤᠯᠤᠯᠳᠠ ᠬᠠᠮᠠᠭᠠᠯᠠᠯᠳᠠ ᠬᠢᠭᠰᠡᠨ ᠦᠨᠡᠨ ᠪᠣᠳᠠᠲᠠᠶ ᠵᠢᠷᠤᠭ᠍ᠯᠠᠯ ᠪᠣᠯᠤᠨ᠎ᠠ᠃ ᠲᠤᠰ ᠪᠦᠲᠦᠭᠡᠯ ᠨᠢ ᠡᠭᠦᠷᠭᠡ ᠬᠠᠷᠢᠭᠤᠴᠠᠯᠭ᠎ᠠ ᠪᠠᠨ ᠵᠣᠷᠢᠭ᠍ᠲᠠᠢ ᠡᠭᠦᠷᠭᠡᠯᠡᠵᠦ᠍᠂ ᠬᠦᠴᠢᠷ ᠪᠡᠷᠬᠡᠱᠢᠶᠡᠯ ᠡᠴᠡ ᠠᠶᠤᠬᠤ ᠦᠭᠡᠢ᠂ ᠤᠳᠠᠭᠠᠨ ᠳᠠᠭᠠᠭᠠᠮᠠᠭᠠᠢ ᠲᠡᠮᠡᠴᠡᠵᠦ ᠵᠢᠳᠬᠦᠯ ᠴᠢᠷᠮᠠᠢᠯᠭ᠎ᠠ ᠭᠠᠷᠭᠠᠬᠤ 《ᠤᠮᠠᠷᠠᠲᠤ ᠶ᠋ᠢᠨ ᠭᠤᠷᠪᠠᠨ ᠣᠷᠣᠨ ᠤ᠋ ᠵᠣᠷᠢᠭ ᠰᠠᠨᠠᠭ᠎ᠠ》 ᠵᠢ ᠦᠵᠡᠭᠴᠢᠳ ᠤ᠋ᠨ ᠰᠡᠳᠬᠢᠯ ᠳ᠋ᠤ ᠬᠠᠳᠠᠩᠰᠢᠭᠤᠯᠵᠦ᠂ ᠨᠡᠩ ᠤᠯᠠᠨ ᠬᠥᠮᠦᠨ ᠢ᠋ ᠠᠮᠢ ᠠᠬᠤᠢ ᠶ᠋ᠢᠨ ᠬᠠᠮᠠᠭᠠᠯᠠᠯᠲᠠ ᠶ᠋ᠢᠨ ᠦᠢᠯᠡᠳᠦᠯᠭᠡᠵᠢᠭᠦᠯᠦᠭ᠌ᠴᠢ ᠪᠣᠯᠬᠤ ᠵᠢ ᠵᠣᠷᠢᠭ᠍ᠵᠢᠭᠤᠯᠪᠠ᠃ 《ᠲᠤᠮᠤ ᠱᠠᠩᠰᠢ》 ᠶ᠋ᠢᠨ ᠪᠡᠭᠡᠵᠢᠩ ᠳ᠋ᠡᠬᠢ ᠠᠶᠠᠯᠠᠯ ᠨᠢ ᠦᠪᠦᠷ ᠮᠤᠨᠭᠭᠤᠯ ᠤ᠋ᠨ ᠰᠣᠶᠣᠯ ᠵᠢᠭᠤᠯᠴᠢᠯᠠᠯ ᠤ᠋ᠨ ᠨᠢᠭᠡ ᠤᠳᠠᠭ᠎ᠠ ᠶ᠋ᠢᠨ ᠭᠣᠢᠳᠠ ᠦᠵᠡᠭᠦᠯᠭᠡ ᠪᠣᠯᠬᠤ ᠪᠠᠷ ᠪᠠᠷᠠᠬᠤ ᠦᠭᠡᠢ ᠪᠠᠰᠠ ᠪᠠᠶᠠᠨᠨᠠᠭᠤᠷ ᠤ᠋ᠨ ᠠᠮᠢ ᠠᠬᠤᠢ ᠶ᠋ᠢᠨ ᠨᠡᠷ᠎ᠡ ᠶ᠋ᠢᠨ ᠬᠠᠭᠤᠳᠠᠰᠤ ᠶ᠋ᠢᠨ ᠦᠵᠡᠭᠦᠯᠭᠡ ᠪᠣᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号