ᠣᠲᠣᠭ᠎ᠤᠨ ᠡᠮᠦᠨᠡᠲᠦ ᠬᠣᠱᠢᠭᠤᠨ᠎ᠤ ᠵᠠᠬ᠎ᠠ ᠳᠡᠯᠭᠡᠭᠦᠷ᠎ᠦᠨ ᠬᠢᠨᠠᠨ ᠬᠠᠮᠢᠶᠠᠷᠤᠯᠲᠠ᠎ᠶ᠋ᠢᠨ ᠲᠣᠪᠴᠢᠶ᠎ᠠ ᠬᠢᠨᠠᠨ ᠬᠠᠮᠢᠶᠠᠷᠤᠯᠲᠠ᠎ᠶ᠋ᠢᠨ ᠰᠡᠷᠭᠡᠢᠯᠡᠯᠲᠡ᠎ᠶ᠋ᠢᠨ ᠱᠤᠭᠤᠮ᠎ᠢ ᠪᠡᠬᠢᠵᠢᠬᠦᠯᠵᠥ ᠠᠷᠠᠳ᠎ᠤᠨ ᠠᠮᠢᠳᠤᠷᠠᠯ᠎ᠤᠨ ᠬᠣᠷᠢᠭ᠎ᠠ ᠱᠤᠭᠤᠮ᠎ᠢ ᠪᠠᠳᠤ ᠰᠠᠬᠢᠨ᠎ᠠ
2025-11-26 15:57:11
ᠵᠣᠬᠢᠶᠠᠭ᠍ᠴᠢ᠄
ᠭᠡᠷᠡᠯᠲᠦ ᠱᠢᠤᠢ ᠬᠠᠢ ᠷᠦ
ᠣᠩᠱᠢᠭ᠍ᠰᠠᠨ ᠣᠳᠠᠭ᠎ᠠ᠄
★★★☆☆

ᠵᠠᠬ᠎ᠠ ᠳᠡᠯᠭᠡᠭᠦᠷ᠎ᠦᠨ ᠡᠵᠡᠩᠨᠡᠯᠲᠡ᠎ᠶ᠋ᠢᠨ ᠡᠮᠬᠢ ᠳᠢᠭ᠌ᠯᠢᠮ᠎ᠢ ᠦᠨᠡᠨᠬᠦ᠌ ᠵᠢᠷᠤᠮᠵᠢᠭᠤᠯᠵᠤ᠂ ᠵᠠᠰᠠᠭ ᠵᠠᠬᠢᠷᠭᠠᠨ᠎ᠤ ᠱᠢᠢᠳᠭᠡᠯ ᠲᠣᠷᠭᠠᠭᠤᠯᠢ᠎ᠶ᠋ᠢᠨ ᠬᠠᠤᠯᠢ ᠬᠡᠷᠡᠭ᠌ᠵᠢᠭᠦᠯᠬᠦ᠌ ᠦᠷ᠎ᠡ ᠪᠦᠲᠦᠮᠵᠢ᠎ᠶ᠋ᠢ ᠪᠡᠬᠢᠵᠢᠭᠦᠯᠬᠦ᠌᠎ᠶ᠋ᠢᠨ ᠲᠥᠯᠥᠭᠡ᠂ ᠡᠨᠡ ᠵᠢᠯ᠎ᠡᠴᠡ ᠨᠠᠭᠠᠰᠢ᠂ ᠣᠲᠣᠭ᠎ᠤᠨ ᠡᠮᠦᠨᠡᠲᠦ ᠬᠣᠱᠢᠭᠤᠨ᠎ᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ ᠵᠠᠬ᠎ᠠ ᠳᠡᠯᠭᠡᠭᠦᠷ᠎ᠦᠨ ᠭᠤᠤᠯ ᠴᠣᠭ᠍ᠴᠠ᠎ᠶ᠋ᠢᠨ ᠡᠳᠦᠷ ᠲᠤᠲᠤᠮ᠎ᠤᠨ ᠲᠠᠩᠰᠠ ᠡᠪᠬᠡᠮᠡᠯ᠎ᠦᠨ ᠬᠠᠮᠢᠶᠠᠷᠤᠯᠲᠠ᠂ ᠡᠮ ᠡᠮᠨᠡᠯᠭᠡ᠎ᠶ᠋ᠢᠨ ᠬᠦᠷᠢᠶ᠎ᠡ ᠴᠠᠷᠠᠭ᠎ᠠ᠂ ᠦᠨ᠎ᠡ ᠬᠠᠩᠰᠢ᠎ᠶ᠋ᠢᠨ ᠬᠢᠨᠠᠯᠲᠠ ᠬᠠᠮᠢᠶᠠᠷᠤᠯᠲᠠ᠂ ᠬᠤᠭᠤᠴᠠᠭ᠎ᠠ᠎ᠨᠢ ᠦᠩᠬᠡᠷᠡᠭᠰᠡᠨ ᠢᠳᠡᠭᠡᠨ᠂ ᠣᠨᠴᠠ ᠲᠥᠷᠥᠯ᠎ᠦᠨ ᠲᠥᠬᠥᠭᠡᠷᠦᠮᠵᠢ ᠵᠡᠷᠭᠡ ᠭᠤᠤᠯᠳᠠᠯᠭ᠎ᠠ᠎ᠲᠠᠶ ᠬᠦᠷᠢᠶᠡᠨ᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠵᠠᠰᠠᠭ ᠵᠠᠬᠢᠷᠭᠠᠨ᠎ᠤ ᠱᠢᠢᠳᠭᠡᠯ ᠲᠣᠷᠭᠠᠭᠤᠯᠢ᠎ᠶ᠋ᠢᠨ ᠬᠡᠷᠡᠭ᠎ᠢ 《ᠡᠷᠬᠢᠨ ᠬᠠᠷᠠᠬᠤ》 ᠬᠠᠷᠢᠭᠤ ᠰᠤᠷᠪᠤᠯᠵᠢᠯᠠᠬᠤ ᠠᠵᠢᠯ᠎ᠢ ᠪᠥᠬᠥ᠌ ᠲᠠᠯ᠎ᠠ᠎ᠪᠠᠷ ᠥᠷᠨᠢᠭᠦᠯᠵᠦ᠍᠂ 《ᠬᠠᠷᠠᠯᠲᠠ᠎ᠲᠠᠶ᠎ᠪᠠᠷ ᠬᠠᠷᠢᠭᠤ ᠰᠤᠷᠪᠤᠯᠵᠢᠯᠠᠬᠤ + ᠪᠢᠲᠡᠭᠦᠤ ᠴᠠᠭᠠᠷᠢᠭ ᠵᠢᠡᠷ ᠴᠡᠭ᠌ᠴᠡᠯᠡᠨ ᠰᠠᠢᠵᠢᠷᠠᠭᠤᠯᠬᠤ + ᠤᠨᠤᠴᠠᠳᠠᠢ᠎ᠪᠠᠷ ᠬᠠᠪᠰᠤᠷᠤᠨ ᠲᠡᠳᠬᠦᠬᠦ᠌》 ᠵᠠᠭ᠍ᠪᠤᠷ᠎ᠢᠶᠠᠷ ᠳᠠᠮᠵᠢᠭᠤᠯᠤᠨ᠂ ᠬᠠᠤᠯᠢ ᠬᠡᠷᠡᠭ᠌ᠵᠢᠭᠦᠯᠦᠯᠲᠡ᠎ᠶ᠋ᠢᠨ ᠬᠢᠨᠠᠯᠲᠠ ᠲᠠᠯᠪᠢᠯᠲᠠ ᠬᠢᠭᠡᠳ ᠦᠶ᠋ᠯᠡᠴᠢᠯᠡᠭᠡᠨ᠎ᠦ ᠪᠠᠲᠤᠯᠠᠭ᠎ᠠ᠎ᠶ᠋ᠢᠨ ᠭᠦᠨᠵᠡᠭᠡᠶ ᠠᠭᠤᠰᠤᠯᠴᠠᠯ᠎ᠢ ᠠᠬᠢᠭᠤᠯᠵᠤ᠂ ᠨᠠᠰᠤᠲᠠᠢᠴᠤᠳ᠎ᠤᠨ ᠬᠠᠤᠯᠢ ᠶᠣᠰᠣᠨ᠎ᠤ ᠡᠷᠬᠡ ᠠᠱᠢᠭ᠎ᠢ ᠪᠥᠬᠥ᠌ ᠬᠦᠴᠦᠨ᠎ᠢᠶᠡᠷ᠎ᠢᠶᠡᠨ ᠬᠠᠮᠠᠭᠠᠯᠠᠪᠠ᠃


QQ截图20250224163936.png


ᠲᠣᠰ ᠤᠳᠠᠭᠠᠨ᠎ᠤ ᠬᠠᠷᠢᠭᠤ ᠰᠤᠷᠪᠤᠯᠵᠢᠯᠠᠭ᠎ᠠ᠎ᠳᠤ 《ᠪᠤᠰᠤᠳᠴᠢ ᠲᠥᠪ ᠭᠤᠤᠯᠴᠢ᠂ ᠤᠨᠳᠤᠤ ᠰᠠᠨᠠᠯ᠎ᠲᠠᠶ ᠪᠣᠯ ᠵᠠᠪᠠᠯ ᠰᠤᠷᠪᠤᠯᠵᠢᠯᠠᠬᠤ᠂ ᠪᠤᠷᠤᠭᠤ ᠪᠠᠢᠪᠠᠯ ᠵᠠᠪᠠᠯ ᠵᠠᠯᠠᠷᠠᠭᠤᠯᠬᠤ》 ᠵᠠᠷᠴᠢᠮ᠎ᠢ ᠴᠢᠩᠭ᠎ᠠ ᠵᠢᠷᠤᠮᠯᠠᠵᠤ᠂ ᠡᠩ᠎ᠦᠨ ᠳᠡᠰ ᠳᠠᠷᠠᠭᠠᠯᠠᠯ᠎ᠢ ᠬᠡᠷᠡᠭ᠌ᠯᠡᠨ ᠱᠢᠶ᠋ᠳᠪᠦᠷᠢᠯᠡᠬᠦ᠌ ᠵᠠᠰᠠᠭ ᠵᠠᠬᠢᠷᠭᠠᠨ᠎ᠤ ᠱᠢᠳᠭᠡᠯ ᠲᠣᠷᠭᠠᠭᠤᠯᠢ᠎ᠶ᠋ᠢᠨ ᠬᠡᠷᠡᠭ᠎ᠢ ᠠᠵᠢᠯ ᠲᠥᠷᠥᠯ ᠬᠤᠪᠢᠶᠠᠨ᠂ ᠬᠦᠷᠢᠶ᠎ᠡ ᠴᠠᠷᠠᠭ᠎ᠠ ᠬᠤᠪᠢᠶᠠᠵᠤ᠂ ᠵᠠᠭᠠᠯᠳᠤᠯᠭ᠎ᠠ ᠬᠢᠵᠦ᠍ ᠢᠯᠡᠴᠢᠯᠡᠨ ᠮᠡᠳᠡᠭᠦᠯᠬᠦ᠌ ᠲᠥᠷᠥᠯ᠂ ᠭᠡᠷᠡᠴᠢᠯᠡᠭᠡ ᠰᠣᠨᠣᠰᠭᠤ ᠲᠥᠷᠥᠯ᠂ ᠨᠡᠢᠭᠡᠮ᠎ᠦᠨ ᠨᠥᠯᠥᠭᠡ᠎ᠪᠡᠷ ᠨᠡᠯᠢᠶᠡᠳ ᠶᠡᠬᠡ ᠵᠢᠴᠢ ᠳᠠᠬᠢᠨ ᠳᠠᠪᠲᠠᠨ ᠬᠠᠤᠯᠢ᠎ᠠᠴᠠ ᠵᠥᠷᠢᠴᠡᠭ᠌ᠰᠡᠨ ᠬᠡᠷᠡᠭ᠎ᠦᠨ ᠲᠥᠷᠥᠯ ᠬᠡᠯᠪᠡᠷᠢ᠎ᠶ᠋ᠢ ᠭᠤᠤᠯᠳᠠᠯᠭ᠎ᠠ᠎ᠲᠠᠶ ᠠᠩᠬᠠᠷᠤᠯ ᠵᠢᠡᠨ ᠬᠠᠨᠳᠤᠭᠤᠯᠪᠠ᠃ ᠨᠠᠰᠤᠲᠠᠢᠴᠤᠳ᠎ᠤᠨ ᠵᠠᠬ᠎ᠠ ᠳᠡᠯᠭᠡᠭᠦᠷ᠎ᠦᠨ ᠭᠤᠤᠯ ᠴᠣᠭ᠍ᠴᠠ᠎ᠶ᠋ᠢᠨ ᠡᠳᠦᠷ ᠲᠤᠲᠤᠮ᠎ᠤᠨ ᠲᠠᠩᠰᠠ ᠡᠪᠬᠡᠮᠡᠯ᠎ᠦᠨ ᠬᠠᠮᠢᠶᠠᠷᠤᠯᠲᠠ᠎ᠶ᠋ᠢᠨ ᠬᠦᠷᠢᠶ᠎ᠡ ᠴᠠᠷᠠᠭ᠎ᠠ᠎ᠳᠤ᠂ ᠬᠠᠷᠢᠭᠤ ᠰᠤᠷᠪᠤᠯᠵᠢᠯᠠᠬᠤ ᠳᠤᠭᠤᠢᠯᠠᠩ ᠡᠯᠧᠺᠲ᠋ᠷᠣᠨ ᠡᠬᠡ ᠲᠠᠩᠰᠠ᠎ᠶ᠋ᠢ ᠪᠠᠢᠴᠠᠭᠠᠨ ᠦᠵᠡᠬᠦ᠌᠂ ᠲᠠᠩᠰᠠ ᠡᠪᠬᠡᠮᠡᠯ᠎ᠢ ᠲᠤᠬᠠᠶ᠎ᠶ᠋ᠢᠨ ᠭᠠᠵᠠᠷ᠎ᠲᠤᠨᠢ ᠬᠠᠷᠭᠤᠭᠤᠯᠤᠨ ᠪᠠᠢᠴᠠᠭᠠᠬᠤ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ᠂ ᠲᠣᠷᠭᠠᠭ᠍ᠳᠠᠭ᠍ᠰᠠᠨ ᠭᠤᠤᠯ ᠴᠣᠭ᠍ᠴᠠ᠎ᠨᠢ ᠡᠵᠡᠩᠨᠡᠯᠲᠡ᠎ᠶ᠋ᠢᠨ ᠬᠢᠷᠢ ᠬᠡᠮ᠎ᠢ ᠪᠦᠷᠢᠳᠭᠡᠨ ᠳᠠᠩᠰᠠᠯᠠᠬᠤ᠂ ᠠᠵᠢᠯ ᠡᠷᠭᠢᠯᠡᠭ᠌ᠰᠡᠳ᠎ᠦᠨ ᠡᠷᠡᠭᠦᠯ ᠮᠡᠨᠳᠦ᠍᠎ᠶ᠋ᠢᠨ ᠲᠠᠩᠰᠠ ᠡᠪᠬᠡᠮᠡᠯ᠂ ᠦᠶ᠋ᠯᠡᠳᠬᠦᠨ᠎ᠦ ᠡᠬᠢ ᠡᠬᠦᠰᠦᠯ ᠤ᠋ᠨ ᠲᠡᠮᠳᠡᠭ᠌ᠯᠡᠯ ᠵᠡᠷᠭᠡ ᠮᠠᠲ᠋ᠧᠷᠢᠶᠠᠯ᠎ᠢ ᠱᠠᠭᠠᠷᠳᠠᠯᠭ᠎ᠠ ᠶᠣᠰᠣᠭᠠᠷ ᠲᠡᠭᠦᠯᠳᠡᠷᠵᠢᠭᠦᠯᠦᠭ᠌ᠰᠡᠨ ᠡᠰᠡᠬᠦ᠌᠎ᠶ᠋ᠢ ᠭᠤᠤᠯᠳᠠᠯᠭ᠎ᠠ᠎ᠲᠠᠶ ᠪᠠᠢᠴᠠᠭᠠᠵᠤ᠂ ᠲᠠᠩᠰᠠ ᠡᠪᠬᠡᠮᠡᠯ᠎ᠨᠢ ᠵᠢᠷᠤᠮᠵᠢᠯ ᠥᠬᠡᠶ᠂ ᠮᠡᠳᠡᠭᠡ ᠵᠠᠩᠭᠢ᠎ᠶ᠋ᠢ ᠴᠠᠭ ᠲᠤᠬᠠᠶ᠎ᠳᠤᠨᠢ ᠱᠢᠨᠡᠳᠭᠡᠭ᠌ᠰᠡᠨ ᠥᠬᠡᠶ ᠵᠡᠷᠭᠡ ᠠᠰᠠᠭᠤᠳᠠᠯ᠎ᠳᠤ ᠴᠢᠭ᠌ᠯᠡᠭᠦᠯᠦᠨ᠂ 《ᠨᠢᠭᠡ ᠠᠵᠤ ᠠᠬᠤᠢᠯᠠᠯ᠎ᠳᠤ ᠨᠢᠭᠡ ᠲᠠᠩᠰᠠ ᠡᠪᠬᠡᠮᠡᠯ》 ᠤ᠋ᠨ ᠬᠥᠳᠡᠯᠦᠩᠭᠦᠶ ᠬᠠᠮᠢᠶᠠᠷᠤᠯᠲᠠ᠎ᠶ᠋ᠢᠨ ᠲᠣᠭ᠍ᠲᠠᠴᠠ᠎ᠶ᠋ᠢ ᠲᠤᠬᠠᠶ᠎ᠶ᠋ᠢᠨ ᠲᠠᠯᠠᠪᠠᠶ᠎ᠳᠤ ᠵᠢᠯᠣᠭᠣᠳᠤᠨ ᠪᠠᠢᠭᠤᠯᠵᠤ᠂ ᠡᠵᠡᠩᠨᠡᠯᠲᠡ᠎ᠶ᠋ᠢᠨ ᠮᠡᠳᠡᠭᠡ ᠵᠠᠩᠭᠢ᠎ᠶ᠋ᠢᠨ ᠦᠨᠡᠨ ᠪᠣᠳᠠᠲᠠᠶ ᠪᠦᠬᠡᠳ ᠮᠥᠷᠳᠡᠵᠦ᠍ ᠪᠣᠯᠬᠤ᠎ᠶ᠋ᠢ ᠦᠨᠡᠨᠬᠦ᠌ ᠪᠠᠲᠤᠯᠠᠪᠠ᠃


QQ截图20251001104448.png


ᠡᠮ ᠡᠮᠨᠡᠯᠭᠡ᠎ᠶ᠋ᠢᠨ ᠬᠦᠷᠢᠶᠡᠨ᠎ᠳᠦ᠂ ᠡᠮᠴᠢᠯᠡᠭᠡᠨ᠎ᠦ ᠪᠠᠭᠠᠵᠢ ᠬᠡᠷᠡᠭ᠌ᠰᠡᠯ᠂ ᠡᠷᠡᠭᠦᠯᠵᠢᠯ᠎ᠦᠨ ᠡᠳ᠋᠂ ᠣᠨᠴᠠᠭᠠᠶ ᠢᠳᠡᠭᠡᠨ ᠤᠮᠳᠠᠭᠠᠨ ᠵᠡᠷᠭᠡ ᠬᠡᠷᠡᠭ᠎ᠲᠦ ᠬᠣᠯᠪᠣᠭ᠍ᠳᠠᠭ᠍ᠰᠠᠨ ᠥᠨᠳᠥᠷ ᠳᠠᠪᠲᠠᠮᠵᠢᠲᠤ ᠲᠥᠷᠥᠯ ᠵᠦᠶ᠋ᠯ᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠲᠣᠷᠭᠠᠭ᠍ᠳᠠᠭ᠍ᠰᠠᠨ ᠭᠤᠤᠯ ᠴᠣᠭ᠍ᠴᠠ᠎ᠶ᠋ᠢᠨ ᠬᠤᠳᠠᠯ ᠬᠠᠭᠤᠷᠮᠠᠭ᠎ᠢᠶᠠᠷ ᠤᠬᠠᠭᠤᠯᠬᠤ᠂ ᠬᠠᠤᠯᠢ᠎ᠠᠴᠠ ᠵᠥᠷᠢᠴᠡᠨ ᠪᠣᠷᠣᠯᠠᠭᠤᠯᠬᠤ ᠵᠡᠷᠭᠡ ᠦᠶ᠋ᠯᠡ ᠠᠵᠢᠯᠯᠠᠭ᠎ᠠ᠎ᠪᠠᠨ ᠲᠤᠢᠯᠪᠤᠷᠢᠲᠠᠶ ᠵᠣᠭ᠍ᠰᠣᠭᠠᠭ᠍ᠰᠠᠨ ᠡᠰᠡᠬᠦ᠌᠎ᠶ᠋ᠢ ᠭᠦᠨᠵᠡᠭᠡᠶ ᠬᠠᠷᠭᠤᠭᠤᠯᠤᠨ ᠪᠠᠢᠴᠠᠭᠠᠵᠤ᠂ ᠲᠣᠭ᠍ᠲᠠᠭᠠᠯ᠎ᠳᠤ ᠨᠡᠢᠴᠡᠭ᠌ᠰᠡᠨ ᠡᠵᠡᠩᠨᠡᠯᠲᠡ᠎ᠶ᠋ᠢᠨ ᠮᠡᠳᠡᠯᠭᠡ᠎ᠶ᠋ᠢ ᠡᠵᠡᠮᠱᠢᠭ᠌ᠰᠡᠨ ᠪᠠᠢᠳᠠᠯ᠎ᠢ ᠨᠠᠷᠢᠨ ᠯᠠᠪᠯᠠᠨ ᠠᠰᠠᠭᠤᠵᠤ᠂ ᠪᠠᠷᠠᠭ᠎ᠠ ᠣᠷᠣᠭᠤᠯᠬᠤ ᠪᠠᠢᠴᠠᠭᠠᠨ ᠱᠢᠯᠭᠠᠬᠤ 《ᠬᠣᠶᠠᠷ ᠬᠥᠮᠦᠨ ᠬᠠᠷᠭᠤᠭᠤᠯᠬᠤ》 ᠲᠦᠷᠢᠮ ᠪᠠᠢᠭᠤᠯᠬᠤ᠎ᠶ᠋ᠢ ᠬᠥᠲᠥᠯᠥᠨ ᠵᠢᠯᠣᠭᠣᠳᠴᠤ᠌᠂ ᠬᠢᠷᠢ ᠲᠡᠩᠴᠡᠭᠦ᠌ ᠥᠬᠡᠶ ᠦᠶ᠋ᠯᠡᠳᠬᠦᠨ᠎ᠦ ᠵᠠᠬ᠎ᠠ ᠳᠡᠯᠭᠡᠭᠦᠷ᠎ᠲᠦ ᠣᠷᠣᠬᠤ᠎ᠶ᠋ᠢ ᠡᠬᠢ ᠡᠭᠦᠰᠦᠯ᠎ᠡᠴᠡ᠎ᠨᠢ ᠰᠡᠷᠭᠡᠢᠯᠡᠪᠠ᠃ ᠦᠨ᠎ᠡ ᠬᠠᠩᠰᠢ᠎ᠶ᠋ᠢᠨ ᠬᠢᠨᠠᠯᠲᠠ ᠬᠠᠮᠢᠶᠠᠷᠤᠯᠲᠠ ᠳ᠋ᠤ ᠴᠢᠭᠯᠡᠬᠦᠯᠦᠨ᠂ ᠣᠷᠣᠱᠢᠭᠤᠯᠭ᠎ᠠ᠎ᠶ᠋ᠢᠨ ᠭᠠᠵᠠᠷ᠂ ᠨᠠᠰᠤᠵᠢᠯ᠎ᠤᠨ ᠦᠶ᠋ᠯᠡᠴᠢᠯᠡᠭᠡᠨ᠎ᠦ ᠪᠠᠢᠭᠤᠯᠤᠮᠵᠢ ᠵᠡᠷᠭᠡ ᠭᠤᠤᠯ ᠴᠣᠭ᠍ᠴᠠ᠎ᠶ᠋ᠢᠨ ᠦᠨ᠎ᠡ ᠬᠠᠩᠰᠢ᠎ᠶ᠋ᠢ ᠢᠯᠡ ᠲᠡᠮᠳᠡᠭ᠌ᠯᠡᠭ᠌ᠰᠡᠨ ᠪᠠᠢᠳᠠᠯ᠎ᠢ ᠭᠤᠤᠯᠳᠠᠯᠭ᠎ᠠ᠎ᠲᠠᠶ ᠰᠤᠷᠪᠤᠯᠵᠢᠯᠠᠨ ᠪᠠᠢᠴᠠᠭᠠᠵᠤ᠂ ᠤᠤᠯ ᠦᠨ᠎ᠡ᠎ᠶ᠋ᠢ ᠬᠠᠭᠤᠷᠮᠠᠭ᠎ᠢᠶᠠᠷ ᠵᠣᠬᠢᠶᠠᠬᠤ᠂ ᠪᠣᠭᠣᠵᠢᠯᠠᠨ ᠪᠣᠷᠣᠯᠠᠭᠤᠯᠬᠤ᠂ ᠦᠨ᠎ᠡ ᠬᠠᠩᠰᠢ᠎ᠶ᠋ᠢᠨ ᠮᠡᠬᠡᠯᠡᠯ ᠬᠢᠬᠦ᠌ ᠵᠡᠷᠭᠡ ᠠᠰᠠᠭᠤᠳᠠᠯ ᠣᠷᠣᠱᠢᠵᠤ ᠪᠠᠢᠬᠤ ᠡᠰᠡᠬᠦ᠌᠎ᠶ᠋ᠢ ᠬᠠᠷᠭᠤᠭᠤᠯᠤᠨ ᠪᠠᠢᠴᠠᠭᠠᠵᠤ᠂ ᠬᠠᠷᠢᠭᠤ ᠰᠤᠷᠪᠤᠯᠵᠢᠯᠠᠬᠤ ᠳᠤᠮᠳᠠ ᠢᠯᠡᠷᠡᠭᠦᠯᠦᠭ᠌ᠰᠡᠨ ᠪᠠᠷᠠᠭ᠎ᠠ᠂ ᠦᠨ᠎ᠡ᠎ᠶ᠋ᠢᠨ ᠱᠣᠱᠢᠭ᠎ᠠ᠎ᠨᠢ ᠵᠣᠬᠢᠴᠠᠯᠳᠤᠬᠤ ᠥᠬᠡᠶ᠂ ᠬᠡᠰᠡᠭ ᠲᠠᠸᠠᠷ᠎ᠤᠨ ᠦᠨ᠎ᠡ ᠬᠠᠳᠠᠭ᠍ᠰᠠᠨ᠎ᠨᠢ ᠵᠢᠷᠤᠮᠵᠢᠯ ᠥᠬᠡᠶ ᠪᠠᠢᠬᠤ ᠵᠡᠷᠭᠡ ᠠᠰᠠᠭᠤᠳᠠᠯ᠎ᠳᠤ ᠲᠤᠬᠠᠶ᠎ᠶ᠋ᠢᠨ ᠭᠠᠵᠠᠷ᠎ᠲᠤᠨᠢ ᠱᠠᠯᠠᠪᠳᠠᠭᠤᠯᠤᠨ ᠴᠡᠭ᠌ᠴᠡᠯᠡᠨ ᠰᠠᠢᠵᠢᠷᠠᠭᠤᠯᠬᠤ᠎ᠶ᠋ᠢᠨ ᠬᠠᠮᠲᠤ ᠦᠨ᠎ᠡ ᠬᠠᠩᠰᠢ᠎ᠶ᠋ᠢᠨ ᠬᠠᠤᠯᠢ ᠲᠣᠭ᠍ᠲᠠᠭᠠᠯ᠎ᠤᠨ ᠲᠣᠭ᠍ᠲᠠᠭᠠᠯ᠎ᠳᠤ ᠨᠡᠢᠴᠡᠭ᠌ᠰᠡᠨ ᠡᠵᠡᠩᠨᠡᠯᠲᠡ᠎ᠶ᠋ᠢᠨ ᠬᠠᠪᠰᠤᠷᠤᠨ ᠵᠢᠯᠣᠭᠣᠳᠣᠯᠭ᠎ᠠ ᠥᠷᠨᠢᠭᠦᠯᠪᠡ᠃


QQ截图20251001113555.png


ᠬᠤᠭᠤᠴᠠᠭ᠎ᠠ᠎ᠨᠢ ᠥᠩᠭᠡᠷᠡᠭ᠌ᠰᠡᠨ ᠢᠳᠡᠭᠡᠨ᠎ᠢ ᠴᠡᠭ᠌ᠴᠡᠯᠡᠨ ᠵᠠᠰᠠᠬᠤ ᠲᠠᠯ᠎ᠠ᠎ᠪᠠᠷ᠂ ᠲᠤᠰᠭᠠᠶ ᠴᠡᠭ᠌ᠴᠡᠯᠡᠨ ᠵᠠᠰᠠᠬᠤ ᠠᠵᠢᠯᠯᠠᠭ᠎ᠠ᠎ᠶ᠋ᠢᠨ ᠱᠠᠭᠠᠷᠳᠠᠯᠭ᠎ᠠ᠎ᠲᠠᠶ ᠤᠶᠠᠯᠳᠤᠭᠤᠯᠤᠨ᠂ ᠪᠠᠷᠠᠭ᠎ᠠ ᠣᠷᠣᠭᠤᠯᠤᠭ᠍ᠰᠠᠨ ᠡᠬᠡ ᠲᠠᠩᠰᠠ᠎ᠶ᠋ᠢ ᠪᠠᠢᠴᠠᠭᠠᠨ ᠱᠢᠯᠭᠠᠬᠤ᠂ ᠬᠥᠮᠥᠷᠭᠡ᠎ᠳᠦ ᠬᠠᠳᠠᠭᠠᠯᠠᠵᠤ ᠪᠠᠢᠭ᠎ᠠ᠎ᠶ᠋ᠢ᠎ᠨᠢ ᠢᠯᠭᠠᠷᠠᠭᠤᠯᠤᠨ ᠪᠠᠢᠴᠠᠭᠠᠬᠤ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ᠂ ᠲᠣᠷᠭᠠᠭ᠍ᠳᠠᠭ᠍ᠰᠠᠨ ᠭᠤᠤᠯ ᠴᠣᠭ᠍ᠴᠠ᠎ᠶ᠋ᠢᠨ ᠢᠳᠡᠭᠡᠨ᠎ᠦ ᠴᠢᠨᠠᠷ᠎ᠢ ᠪᠠᠲᠤᠯᠠᠬᠤ ᠬᠤᠭᠤᠴᠠᠭ᠎ᠠ᠎ᠶ᠋ᠢ 《ᠡᠳᠦᠷ ᠪᠦᠷᠢ ᠲᠣᠭᠣᠷᠢᠨ ᠪᠠᠢᠴᠠᠭᠠᠬᠤ》 ᠲᠦᠷᠢᠮ᠎ᠢ ᠨᠠᠢᠳᠠᠪᠤᠷᠢᠵᠢᠭᠤᠯᠤᠭ᠍ᠰᠠᠨ ᠡᠰᠡᠬᠦ᠌᠎ᠶ᠋ᠢ ᠨᠤᠲᠠᠯᠠᠵᠤ᠂ ᠴᠡᠭ᠌ᠴᠡᠯᠡᠨ ᠰᠠᠢᠵᠢᠷᠠᠭᠤᠯᠤᠭ᠍ᠰᠠᠨ᠎ᠨᠢ ᠪᠣᠳᠠᠲᠠᠶ ᠥᠬᠡᠶ ᠡᠵᠡᠩᠨᠡᠯᠲᠡ᠎ᠶ᠋ᠢᠨ ᠭᠤᠤᠯ ᠴᠣᠭ᠍ᠴᠠ᠎ᠯᠤᠭ᠎ᠠ ᠬᠣᠶᠠᠳᠠᠬᠢ ᠤᠳᠠᠭ᠎ᠠ ᠪᠣᠯᠵᠣᠨ ᠶᠠᠷᠢᠯᠴᠠᠬᠤ᠎ᠶ᠋ᠢ ᠡᠬᠢᠯᠡᠭᠦᠯᠵᠦ᠍᠂ ᠰᠤᠷᠭᠠᠭᠤᠯᠢ᠎ᠲᠠᠶ ᠬᠠᠮᠲᠤᠷᠠᠨ 《ᠢᠳᠡᠭᠡᠨ᠎ᠦ ᠠᠮᠤᠷ ᠲᠦᠪᠱᠢᠨ᠎ᠢ ᠰᠤᠷᠭᠠᠭᠤᠯᠢ᠎ᠶ᠋ᠢᠨ ᠬᠦᠷᠢᠶᠡᠨ᠎ᠳᠦ ᠣᠷᠣᠭᠤᠯᠬᠤ》 ᠤᠬᠠᠭᠤᠯᠭ᠎ᠠ᠎ᠶ᠋ᠢᠨ ᠠᠵᠢᠯᠯᠠᠭ᠎ᠠ ᠥᠷᠨᠢᠭᠦᠯᠵᠦ᠍᠂ ᠠᠵᠢᠯ ᠡᠷᠭᠢᠯᠡᠭ᠌ᠰᠡᠳ᠎ᠦᠨ ᠲᠦᠭ᠌ᠰᠢᠭᠦᠷᠢ᠎ᠶ᠋ᠢ ᠰᠡᠷᠭᠡᠢᠯᠡᠨ ᠡᠵᠡᠮᠳᠡᠬᠦ᠌ ᠦᠵᠡᠯ ᠤᠬᠠᠮᠰᠠᠷ᠎ᠢ ᠳᠡᠭᠡᠭ᠌ᠰᠢᠯᠡᠭᠦᠯᠪᠡ᠃ ᠣᠨᠴᠠ ᠲᠥᠷᠥᠯ᠎ᠦᠨ ᠲᠥᠬᠥᠭᠡᠷᠦᠮᠵᠢ᠎ᠶ᠋ᠢᠨ ᠠᠮᠤᠷ ᠲᠦᠪᠱᠢᠨ᠎ᠦ ᠬᠦᠷᠢᠶᠡᠨ᠎ᠳᠦ᠂ ᠨᠠᠰᠤᠵᠢᠯ᠎ᠤᠨ ᠪᠠᠢᠭᠤᠯᠤᠮᠵᠢ᠂ ᠨᠠᠰᠤᠲᠠᠢᠴᠤᠳ᠎ᠤᠨ ᠬᠥᠳᠡᠯᠭᠡᠭᠡᠨ᠎ᠦ ᠲᠥᠪ᠎ᠦᠨ ᠴᠠᠬᠢᠯᠭᠠᠨ ᠱᠠᠲᠤ᠂ ᠳᠠᠷᠤᠯᠲᠠᠲᠤ ᠰᠠᠪᠠ ᠵᠡᠷᠭᠡ ᠲᠥᠬᠥᠭᠡᠷᠦᠮᠵᠢ᠎ᠶ᠋ᠢ ᠭᠤᠤᠯᠳᠠᠯᠭ᠎ᠠ᠎ᠲᠠᠶ ᠪᠠᠢᠴᠠᠭᠠᠵᠥ᠂ ᠬᠡᠮ ᠰᠣᠭᠣᠭ᠎ᠢ ᠴᠡᠭ᠌ᠴᠡᠯᠡᠨ ᠰᠠᠢᠵᠢᠷᠠᠭᠤᠯᠬᠤ ᠵᠢ ᠪᠡᠶᠡᠯᠡᠭᠦᠯᠦᠭ᠌ᠰᠡᠨ ᠡᠰᠡᠬᠦ᠌᠂ ᠳᠤᠭᠳᠠᠮᠠᠯ ᠬᠤᠭᠤᠴᠠᠭᠠᠳᠠᠢ ᠪᠡᠷ ᠪᠠᠢᠴᠠᠭᠠᠯᠳᠠ ᠬᠢᠬᠦ ᠨᠢ ᠬᠢᠷᠢ ᠲᠡᠩᠴᠡᠭ᠌ᠰᠡᠨ ᠡᠰᠡᠬᠦ᠌᠂ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠲᠦᠷᠢᠮ᠎ᠨᠢ ᠪᠦᠷᠢᠨ ᠲᠡᠭᠦᠯᠳᠡᠷ ᠡᠰᠡᠬᠦ᠌ ᠎ᠶ᠋ᠢ ᠪᠠᠢᠴᠠᠭᠠᠵᠤ᠂ ᠲᠥᠬᠥᠭᠡᠷᠦᠮᠵᠢ᠎ᠶ᠋ᠢᠨ ᠪᠠᠴᠢᠮ ᠪᠠᠢᠳᠠᠯ᠎ᠢ ᠠᠷᠭᠠᠴᠠᠭᠠᠨ ᠱᠢᠶ᠋ᠳᠪᠦᠷᠢᠯᠡᠬᠦ᠌ ᠴᠤᠪᠤᠷᠠᠯ᠎ᠢ ᠲᠤᠬᠠᠶ᠎ᠶ᠋ᠢᠨ ᠲᠠᠯᠠᠪᠠᠶ᠎ᠳᠤ ᠱᠢᠯᠭᠠᠨ ᠪᠠᠢᠴᠠᠭᠠᠵᠤ᠂ 《ᠲᠣᠭ᠍ᠲᠠᠮᠠᠯ ᠬᠤᠭᠤᠴᠠᠭ᠎ᠠ ᠲᠠᠶ᠎ᠪᠠᠷ ᠥᠪᠡᠰᠦᠪᠡᠨ ᠪᠠᠢᠴᠠᠭᠠᠬᠤ + ᠲᠤᠰᠭᠠᠶ ᠬᠥᠮᠦᠨ᠎ᠢᠶᠡᠷ ᠬᠠᠷᠢᠭᠤᠴᠠᠭᠤᠯᠬᠤ》 ᠲᠣᠭ᠍ᠲᠠᠴᠠ ᠵᠢ ᠱᠠᠯᠠᠪᠳᠠᠭᠤᠯᠤᠨ ᠪᠠᠢᠭᠤᠯᠵᠤ᠂ ᠠᠮᠤᠷ ᠲᠦᠪᠱᠢᠨ ᠠᠵᠢᠯᠯᠠᠭᠠᠨ ᠎ᠤ ᠰᠡᠷᠭᠡᠢᠯᠡᠯᠲᠡ᠎ᠶ᠋ᠢᠨ ᠱᠤᠭᠤᠮ᠎ᠢ ᠪᠡᠬᠢᠵᠢᠭᠦᠯᠪᠡ᠃


QQ截图20251117161443.png


ᠬᠠᠷᠢᠭᠤ ᠰᠤᠷᠪᠤᠯᠵᠢᠯᠠᠬᠤ ᠠᠵᠢᠯ᠎ᠳᠤ 《ᠰᠦᠯᠵᠢᠶᠡᠨ ᠳᠡᠭᠡᠷ᠎ᠡ + ᠪᠤᠳᠠᠳᠤ ᠠᠬᠤᠢ》 ᠵᠢᠨ ᠣᠯᠠᠨ ᠡᠱᠢᠵᠢᠭ᠌ᠰᠡᠨ ᠠᠷᠭ᠎ᠠ ᠮᠠᠶᠢᠭ᠎ᠢ ᠬᠡᠷᠡᠭ᠌ᠯᠡᠨ᠂ ᠬᠡᠷ᠎ᠲᠦᠨᠢ ᠬᠦᠷᠴᠦ᠍ ᠰᠤᠷᠪᠤᠯᠵᠢᠯᠠᠬᠤ᠂ ᠤᠲᠠᠰᠤ᠎ᠪᠠᠷ ᠬᠠᠷᠢᠭᠤ ᠰᠤᠷᠪᠤᠯᠵᠢᠯᠠᠬᠤ᠂ ᠶᠠᠷᠢᠯᠴᠠᠵᠤ ᠰᠣᠯᠢᠯᠴᠠᠬᠤ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ᠂ ᠳᠤᠷᠭᠠᠬᠳᠠᠬᠰᠠᠨ ᠭᠤᠤᠯ ᠴᠣᠭ᠍ᠴᠠ᠎ᠶ᠋ᠢᠨ ᠰᠠᠨᠠᠯ ᠰᠠᠨᠠᠭᠤᠯᠭ᠎ᠠ᠎ᠶ᠋ᠢ ᠥᠷᠭᠡᠨ᠎ᠢᠶᠡᠷ ᠴᠤᠭ᠍ᠯᠠᠭᠤᠯᠵᠤ᠂ ᠬᠠᠤᠯᠢ ᠬᠡᠷᠡᠭ᠌ᠵᠢᠭᠦᠯᠬᠦ᠌ ᠠᠵᠢᠯᠲᠠᠳ ᠤ᠋ᠨ ᠠᠷᠢᠭᠤᠨ ᠴᠢᠬᠡᠴᠢ᠎ᠪᠡᠷ ᠪᠡᠶ᠎ᠡ᠎ᠪᠡᠨ ᠪᠠᠷᠢᠭ᠍ᠰᠠᠨ ᠵᠡᠷᠭᠡ ᠠᠰᠠᠭᠤᠳᠠᠯ ᠣᠷᠣᠱᠢᠵᠤ ᠪᠠᠢᠬᠤ ᠡᠰᠡᠬᠦ᠌᠎ᠶ᠋ᠢ ᠵᠡᠷᠭᠡ᠎ᠳᠦᠨᠢ ᠬᠠᠷᠭᠤᠭᠤᠯᠤᠨ ᠪᠠᠢᠴᠠᠭᠠᠪᠠ᠃ 《ᠬᠠᠷᠢᠭᠤ ᠰᠤᠷᠪᠤᠯᠵᠢᠯᠠᠬᠤ — ᠬᠠᠷᠢᠭᠤ ᠲᠤᠰᠭᠠᠬᠤ — ᠴᠡᠭ᠌ᠴᠡᠯᠡᠨ ᠰᠠᠢᠵᠢᠷᠠᠭᠤᠯᠬᠤ — ᠳᠠᠬᠢᠨ ᠪᠠᠢᠴᠠᠭᠠᠬᠤ》 ᠪᠢᠲᠡᠭᠦᠦ ᠴᠠᠭᠠᠷᠢᠭ᠍ᠲᠤ ᠲᠣᠭ᠍ᠲᠠᠴᠠ᠎ᠶ᠋ᠢ ᠪᠠᠢᠭᠤᠯᠵᠤ᠂ ᠬᠠᠷᠢᠭᠤ ᠰᠤᠷᠪᠤᠯᠵᠢᠯᠠᠭᠠᠳ ᠢᠯᠡᠷᠡᠭᠦᠯᠦᠭ᠌ᠰᠡᠨ ᠠᠰᠠᠭᠤᠳᠠᠯ᠎ᠢ ᠲᠥᠷᠥᠯ ᠬᠤᠪᠢᠶᠠᠨ ᠡᠬᠡ ᠲᠠᠩᠰᠠ ᠪᠠᠢᠭᠤᠯᠵᠤ᠂ ᠴᠡᠭ᠌ᠴᠡᠯᠡᠨ ᠰᠠᠢᠵᠢᠷᠠᠭᠤᠯᠬᠤ ᠴᠠᠭ᠎ᠤᠨ ᠬᠢᠵᠠᠭᠠᠷ ᠪᠠ ᠬᠠᠷᠢᠭᠤᠴᠠᠯᠭ᠎ᠠ᠎ᠶ᠋ᠢᠨ ᠭᠤᠤᠯ ᠴᠣᠭ᠍ᠴᠠ᠎ᠶ᠋ᠢ ᠲᠣᠳᠣᠷᠬᠠᠢᠯᠠᠵᠤ᠂ ᠴᠡᠭ᠌ᠴᠡᠯᠡᠨ ᠰᠠᠢᠵᠢᠷᠠᠭᠤᠯᠬᠤ᠎ᠶ᠋ᠢ ᠪᠣᠳᠠᠲᠠᠢᠵᠢᠭᠤᠯᠤᠨ ᠦᠷ᠎ᠡ ᠪᠦᠲᠦᠮᠵᠢ ᠤᠯᠬᠤ᠎ᠶ᠋ᠢ ᠦᠨᠡᠨ ᠬᠦ᠌ ᠪᠠᠲᠤᠯᠠᠪᠠ᠃


QQ截图20250825102238.png


ᠲᠠᠷᠠᠭᠠᠴᠢ᠎ᠶ᠋ᠢᠨ ᠠᠯᠬᠤᠮ᠎ᠳᠤ᠂ ᠣᠲᠣᠭ᠎ᠤᠨ ᠡᠮᠦᠨᠡᠲᠦ ᠬᠣᠱᠢᠭᠤᠨ᠎ᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ ᠬᠠᠷᠢᠭᠤ ᠰᠤᠷᠪᠤᠯᠵᠢᠯᠠᠬᠤ ᠠᠵᠢᠯ᠎ᠤᠨ ᠲᠣᠭ᠍ᠲᠠᠴᠠ᠎ᠶ᠋ᠢ ᠦᠷᠭᠦᠯᠵᠢᠯᠡᠨ ᠭᠦᠨᠵᠡᠭᠡᠢᠷᠡᠭᠦᠯᠵᠦ᠍᠂ ᠬᠠᠷᠢᠭᠤ ᠰᠤᠷᠪᠤᠯᠵᠢᠯᠠᠭ᠍ᠰᠠᠨ ᠦᠷ᠎ᠡ ᠳ᠋ᠦᠩ᠎ᠢ ᠢᠲᠡᠭᠡᠮᠵᠢ᠎ᠶ᠋ᠢᠨ ᠬᠢᠨᠠᠯᠲᠠ ᠬᠠᠮᠢᠶᠠᠷᠤᠯᠲᠠ᠂ ᠲᠥᠷᠥᠯ ᠬᠤᠪᠢᠶᠠᠨ ᠬᠢᠨᠠᠨ ᠬᠠᠮᠢᠶᠠᠷᠬᠤ᠎ᠲᠠᠶ ᠤᠶᠠᠯᠳᠤᠭᠤᠯᠵᠤ᠂ ᠪᠤᠳᠠᠳᠠᠢ ᠪᠡᠷ ᠴᠡᠭ᠌ᠴᠡᠯᠡᠨ ᠰᠠᠢᠵᠢᠷᠠᠭᠤᠯᠤᠭ᠍ᠰᠠᠨ ᠭᠤᠤᠯ ᠴᠣᠭ᠍ᠴᠠ᠎ᠶ᠋ᠢ ᠭᠤᠤᠯᠳᠠᠯᠭ᠎ᠠ᠎ᠲᠠᠶ ᠬᠠᠪᠰᠤᠷᠤᠨ ᠲᠡᠳᠬᠦᠬᠦ ᠨᠡᠷᠡᠰ ᠲᠤ᠌ ᠤᠷᠤᠭᠤᠯᠵᠥ᠂ ᠣᠯᠠᠨᠲᠠ ᠰᠤᠷᠭᠠᠪᠠᠴᠤ᠌ ᠥᠯᠥ᠍ ᠴᠡᠭᠴᠡᠯᠡᠨ ᠰᠠᠢᠵᠢᠷᠠᠭᠤᠯᠤᠬᠰᠠᠨ ᠭᠤᠤᠯ ᠴᠤᠭᠴᠠ ᠵᠢ ᠬᠠᠤᠯᠢ ᠶᠣᠰᠣᠭᠠᠷ ᠬᠢᠨᠠᠨ ᠬᠠᠮᠢᠶᠠᠷᠬᠤ ᠳᠠᠪᠲᠠᠮᠵᠢ ᠤᠳᠠᠭ᠎ᠠ᠎ᠪᠠᠨ ᠨᠡᠮᠡᠭ᠌ᠳᠡᠭᠦᠯᠵᠦ᠍᠂ 《ᠨᠢᠭᠡ ᠬᠡᠷᠡᠭ᠎ᠢ ᠪᠠᠢᠴᠠᠭᠠᠨ ᠱᠢᠶ᠋ᠳᠪᠦᠷᠢᠯᠡᠪᠡᠯ ᠨᠢᠭᠡ ᠬᠦᠷᠢᠶ᠎ᠡ ᠴᠠᠷᠠᠭ᠎ᠠ ᠵᠢ ᠵᠢᠷᠤᠮᠵᠢᠭᠤᠯᠵᠥ᠂ ᠨᠢᠭᠡ ᠲᠠᠯ᠎ᠠ᠎ᠳᠤ ᠦᠶ᠋ᠯᠡᠴᠢᠯᠡᠬᠦ᠌》 ᠣᠷᠳᠣ ᠬᠤᠭᠤᠴᠠᠭᠠᠨ᠎ᠤ ᠪᠦᠲᠦᠮᠵᠢᠲᠡᠶ ᠵᠠᠰᠠᠯᠲᠠ᠎ᠶ᠋ᠢᠨ ᠪᠠᠢᠷᠢᠱᠢᠯ᠎ᠢ ᠪᠣᠶ ᠪᠣᠯᠭᠠᠬᠤ᠎ᠶ᠋ᠢ ᠳᠥᠯᠭᠢᠨ ᠠᠬᠢᠭᠤᠯᠵᠤ᠂ ᠠᠮᠤᠷ ᠲᠦᠪᠱᠢᠨ᠂ ᠰᠠᠨᠠᠭ᠎ᠠ ᠠᠮᠤᠷ᠂ ᠲᠥᠪ ᠭᠤᠤᠯᠴᠢ ᠵᠠᠬ᠎ᠠ ᠳᠡᠯᠭᠡᠭᠦᠷ᠎ᠦᠨ ᠣᠷᠴᠢᠨ ᠨᠥᠬᠥᠴᠡᠯ᠎ᠢ ᠪᠣᠶ ᠪᠣᠯᠭᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号