ᠰᠠᠢᠵᠢᠷᠠᠬᠤ ᠱᠢᠮ᠎ᠡ
2025-11-25 09:36:20
ᠵᠣᠬᠢᠶᠠᠭ᠍ᠴᠢ᠄
ᠬᠤᠨᠢᠴᠢᠨ ᠪᠠᠶᠠᠰᠭᠤᠯᠠᠩ
ᠣᠩᠱᠢᠭ᠍ᠰᠠᠨ ᠣᠳᠠᠭ᠎ᠠ᠄
★★★☆☆

ᠪᠠᠶᠠᠨᠨᠠᠢᠷᠠᠬᠤ᠎ᠶ᠋ᠢᠨ ᠰᠠᠢᠵᠢᠷᠠᠬᠤ ᠭᠡᠭ᠌ᠴᠢ ᠮᠣᠳᠤ ᠲᠡᠮᠣᠷ ᠬᠡᠮᠡᠯᠢᠬᠦ᠌ ᠲᠣᠷᠠᠳᠠᠢ ᠬᠦᠮᠦᠨ᠃ ᠠᠢᠯ ᠠᠢᠮᠠᠭ᠎ᠤᠨ ᠭᠠᠷ ᠦᠵᠦᠬᠦᠷ ᠵᠠᠷᠣᠬᠤ ᠠᠪᠣᠯᠭ᠎ᠠ ᠬᠡᠷᠡᠭ᠌ᠰᠡᠯ ᠠᠳᠡ ᠢᠷᠡᠪᠡᠯ ᠪᠦᠳᠦᠴᠢᠬᠡᠨ᠎ᠡ᠃ ᠮᠠᠯ ᠣᠰᠣᠯᠠᠬᠤ ᠣᠩᠭᠤᠴᠠ᠂ ᠰᠠᠨᠳᠠᠯᠢ ᠱᠢᠷᠡᠭᠡ᠂ ᠠᠪᠳᠠᠷ᠎ᠠ ᠬᠤᠷᠭᠤ ᠁ ᠭᠡᠳ ᠵᠠᠰᠠᠬᠤ ᠦᠭᠡᠢ ᠶᠠᠭᠤᠮ᠎ᠠ᠂ ᠬᠢᠬᠦ᠌ ᠦᠭᠡᠢ ᠵᠦᠢᠯ ᠠᠯᠠᠭ᠎ᠠ᠃

ᠬᠤᠷᠢᠭᠠᠳ ᠵᠢᠯ᠎ᠤᠨ ᠨᠢᠭᠤᠷ ᠦᠵᠡᠴᠢᠬᠡᠵᠡᠢ᠃ ᠲᠦᠴᠢᠨ ᠨᠠᠰᠣᠨ ᠳᠡᠭᠡᠷ᠎ᠡ᠎ᠪᠠᠨ ᠳᠦᠩᠭᠢᠨᠡᠭ᠌ᠰᠡᠨ ᠦᠢᠯᠡᠰ ᠡᠬᠦᠰᠭᠡᠯ᠎ᠡ᠂ ᠱᠢᠨ᠎ᠡ ᠮᠠᠱᠢᠨ ᠬᠢᠪᠡ᠃ ᠡᠨᠡ ᠲᠠᠯ᠎ᠠ᠎ᠠᠴᠠ᠎ᠨᠢ ᠮᠣᠳᠤ ᠡᠪᠡᠰᠣ ᠴᠢᠬᠢᠭᠡᠳ ᠣᠷᠣᠭᠤᠯᠪᠠᠯ ᠴᠠᠭᠠᠳᠤ ᠲᠠᠯ᠎ᠠ᠎ᠠᠴᠠ᠎ᠨᠢ ᠨᠢᠯᠬ᠎ᠠ ᠬᠡᠣᠬᠡᠳ᠎ᠤᠨ ᠱᠢᠬᠡᠵᠢ ᠬᠤᠷᠤᠭᠤᠨ᠎ᠤ ᠬᠢᠷᠢ ᠪᠦᠳᠦᠬᠦᠨ ᠣᠷᠳᠤ ᠮᠦᠬᠦᠯᠢᠭ ᠪᠣᠯᠣᠭᠠᠳ ᠠᠰᠭᠠᠷᠠᠴᠢᠬᠠᠨ᠎ᠠ᠃

ᠮᠠᠯ ᠣᠨᠣᠭᠠᠨ᠎ᠤ ᠬᠠᠪᠣᠳᠠᠢ ᠰᠠᠢᠨ ᠲᠡᠵᠢᠭᠡᠯ ᠪᠣᠷᠳᠤᠭ᠎ᠠ᠃ ᠡᠬᠦᠨ᠎ᠢ ᠨᠣᠳᠤᠭ᠎ᠤᠨ᠎ᠬᠢᠨ 《ᠰᠠᠢᠵᠢᠷᠠᠬᠤ ᠱᠢᠮ᠎ᠡ》 ᠬᠡᠮᠡᠵᠡᠢ᠃

ᠨᠣᠢᠳᠠᠨ ᠬᠠᠭᠤᠷᠠᠢ᠂ ᠬᠠᠳᠠᠭ᠍ᠰᠠᠨ ᠦᠭᠢᠷᠡᠭ᠌ᠰᠡᠨ ᠭᠡᠳ ᠮᠠᠯ ᠢᠳᠡᠵᠦ᠍ ᠪᠣᠯᠳᠠᠭ ᠯᠠ ᠶᠠᠭᠤᠮ᠎ᠠ ᠪᠠᠢᠪᠠᠯ ᠰᠠᠢᠵᠢᠷᠠᠬᠤ ᠪᠣᠷᠳᠤᠭ᠎ᠠ ᠪᠣᠯᠭᠠᠵᠦ ᠴᠢᠲᠠᠨ᠎ᠠ᠃ ᠮᠦᠩᠬᠡ ᠬᠠᠷᠭᠠᠨ᠎ᠠ᠂ ᠪᠣᠷᠤ ᠮᠣᠳᠤ᠂ ᠱᠢᠪᠠᠭ᠂ ᠰᠣᠯᠢ ᠴᠤ᠌ ᠬᠠᠪᠣᠷ᠎ᠤᠨ ᠰᠡᠭᠦᠯ᠂ ᠵᠣᠨ᠎ᠤ ᠲᠣᠮᠳᠠ᠂ ᠨᠠᠮᠤᠷ᠎ᠤᠨ ᠡᠬᠢ᠎ᠪᠠᠷ ᠲᠠᠭᠠᠷᠢᠭ᠍ᠳᠠᠬᠤ ᠪᠣᠯᠵᠠᠢ᠃ ᠬᠠᠳᠣᠵᠣ ᠠᠪᠣᠭᠠᠳ ᠰᠠᠢᠵᠢᠷᠠᠬᠤ᠎ᠳᠤ ᠦᠭ᠌ᠭᠦᠨ᠎ᠡ᠃ ᠰᠠᠢᠵᠢᠷᠠᠬᠤ ᠲᠡᠭᠦᠨ ᠎ᠢ ᠮᠦᠬᠦᠯᠢᠭ ᠪᠣᠯᠭᠠᠭᠠᠳ ᠮᠠᠯᠴᠢᠳ᠎ᠲᠤ ᠪᠣᠴᠠᠭᠠᠨ᠎ᠠ᠃ ᠠᠷᠪᠢᠳᠠᠢ ᠲᠡᠵᠢᠭᠡᠯ᠃

ᠣᠯᠠᠨ ᠵᠢᠯ᠎ᠤᠨ ᠨᠢᠭᠤᠷ ᠦᠵᠡᠯ᠎ᠡ᠃ ᠲᠣᠷᠱᠢᠯᠭ᠎ᠠ ᠪᠠ ᠪᠦᠳᠦᠬᠡᠯ ᠭᠠᠵᠠᠷ ᠠᠪᠴᠠᠢ᠃

ᠡᠨᠡ ᠬᠠᠪᠣᠷ᠂ ᠰᠠᠢᠵᠢᠷᠠᠬᠤ᠎ᠶ᠋ᠢᠨ ᠴᠢᠬᠢ ᠵᠠᠭᠠᠳᠣᠨᠠᠭᠠᠳ ᠪᠣᠯᠳᠠᠭ ᠦᠭᠡᠢ᠃ ᠨᠢᠭᠡ ᠶᠠᠭᠤᠮ᠎ᠠ ᠪᠠᠢᠬᠤ ᠱᠢᠬ᠂ ᠳᠠᠷᠣᠭᠠᠳ ᠦᠵᠡᠬᠦ᠌᠎ᠳᠤ ᠬᠠᠳᠠᠭᠤ ᠶᠠᠭᠤᠮ᠎ᠠ ᠲᠡᠮᠳᠡᠷᠢᠭ᠌ᠳᠡᠨ᠎ᠡ᠃ ᠣᠯᠠᠨ ᠡᠳᠦᠷ ᠪᠣᠯᠵᠠᠢ᠃ ᠲᠡᠭᠡᠵᠦ᠍ ᠪᠠᠢᠳᠠᠯ᠎ᠠ ᠰᠣᠨᠣᠰᠭᠤ ᠦᠭᠡᠢ ᠪᠣᠯᠬᠤ᠎ᠳᠤ ᠰᠣᠴᠢᠪᠠ᠃ ᠡᠬᠡᠨᠡᠷ ᠬᠡᠣᠬᠡᠳ᠎ᠢᠶᠠᠷ᠎ᠶ᠋ᠢᠡᠨ ᠪᠠᠷᠠᠳᠠᠭᠤᠯᠤᠨ ᠡᠮᠴᠢ᠎ᠳᠤ ᠵᠣᠯᠭᠠᠯ᠎ᠠ᠃

《ᠶᠠᠭᠤᠮ᠎ᠠ ᠣᠷᠤᠴᠢᠬᠠᠭ᠍ᠰᠠᠨ ᠪᠠᠢᠨ᠎ᠠ᠃ ᠮᠠᠯᠳᠠᠭᠠᠳ ᠭᠠᠷᠭᠠᠴᠢᠬᠠᠪᠠᠯ ᠪᠣᠯᠴᠢᠬᠠᠨ᠎ᠠ》 ᠭᠡᠵᠦ᠍ ᠡᠮᠴᠢ ᠲᠣᠳᠤᠯᠠᠭᠠᠳ᠄ 《ᠡᠪᠡᠳᠭᠡᠬᠦ᠌ ᠦᠭᠡᠢ᠂ ᠡᠪᠡᠳᠭᠡᠬᠦ᠌ ᠦᠭᠡᠢ᠃ ᠠᠮᠠᠷᠬᠠᠨ ᠭᠠᠷᠣᠭᠠᠳ ᠢᠷᠡᠬᠦ᠂ ᠭᠠᠷᠣᠭᠠᠳ ᠢᠷᠡᠬᠦ᠌ 》 ᠭᠡᠵᠦ᠍ ᠱᠢᠪᠱᠢᠨ ᠪᠠᠢᠵᠦ᠍ ᠂ ᠲᠣᠣᠷ᠎ᠠ᠎ᠠᠴᠠ ᠳᠡᠭᠡᠭ᠌ᠰᠢ ᠢᠯᠢᠨ ᠠᠷᠭᠠᠳᠠᠬᠤ᠂ ᠬᠢᠮᠰᠡ᠎ᠪᠠᠷ ᠬᠠᠪᠴᠢᠨ ᠲᠠᠳᠠᠬᠤ᠂ ᠴᠠᠭ ᠬᠢᠷᠢᠳᠡᠢ ᠣᠷᠤᠯᠳᠤᠭᠠᠳ᠄

《ᠡᠢᠮᠦ᠍ ᠯᠠ ᠶᠠᠭᠤᠮ᠎ᠠ ᠪᠠᠢᠨ᠎ᠠ᠃ ᠶᠠᠭᠤ ᠪᠣᠯᠴᠢᠬᠠᠪᠠ?》 ᠭᠡᠵᠦ᠍ ᠦᠬᠦᠯᠡᠭᠡᠳ ᠰᠠᠢᠵᠢᠷᠠᠬᠤ᠎ᠶ᠋ᠢᠨ ᠠᠯᠠᠭᠠᠨ ᠳᠡᠭᠡᠷ᠎ᠡ ᠲᠠᠯᠪᠢᠵᠡᠢ᠃ ᠶᠡᠭᠡ ᠪᠠᠭ᠎ᠠ ᠦᠭᠡᠢ ᠭᠠᠢᠬᠠᠵᠠᠭᠠᠯ᠎ᠠ᠃

ᠴᠠᠢᠪᠣᠷ ᠪᠣᠷᠤ᠂ ᠴᠣᠬᠤᠷ᠂ ᠲᠡᠮᠡᠭᠡᠨ ᠪᠣᠷᠴᠠᠭ᠎ᠤᠨ ᠬᠢᠷᠢ ᠲᠣᠮᠣ᠂ ᠬᠠᠳᠠ ᠱᠢᠭ᠋ ᠶᠠᠭᠤᠮ᠎ᠠ᠃ ᠰᠠᠢᠵᠢᠷᠠᠬᠤ᠎ᠳᠤ ᠳᠡᠩᠳᠡᠬᠦᠣ ᠳᠠᠰᠣᠯ ᠬᠠᠷᠠᠭ᠍ᠳᠠᠬᠤ ᠴᠤ᠌ ᠲᠡᠷᠡ ᠭᠡᠳ ᠬᠡᠯᠡᠴᠢᠬᠡᠬᠦ᠌ ᠨᠠᠷ᠎ᠠ ᠲᠣᠯᠣᠭᠠᠢ᠎ᠳᠤᠨᠢ ᠣᠷᠣᠵᠣ ᠢᠷᠡᠳᠡᠭ ᠦᠭᠡᠢ᠃ ᠴᠢᠬᠢᠨ᠎ᠳᠤᠨᠢ ᠨᠠᠭᠠᠯᠢᠩᠬᠠᠢ ᠣᠷᠤᠵᠤ ᠢᠷᠡᠭᠡᠳ ᠪᠠᠭ᠍ᠠᠨ ᠵᠠᠭᠠᠳᠣᠨᠠᠭᠤᠯᠣᠭ᠍ᠰᠠᠨ᠎ᠢᠶᠠᠨ ᠡᠷᠬᠢᠭᠡᠳ ᠭᠠᠷᠣᠭᠠᠳ ᠶᠠᠪᠣᠴᠢᠬᠠᠭ᠍ᠰᠠᠨ ᠱᠢᠭ᠋ ᠵᠢᠭ᠌ᠳᠡᠢ ᠲᠠᠭᠠᠯᠠᠮᠵᠢᠳᠡᠢ ᠪᠣᠯᠵᠠᠢ᠃ ᠮᠠᠭᠠᠷᠠᠮᠠᠯ ᠪᠣᠯᠣᠭ᠍ᠰᠠᠨ ᠰᠠᠢᠵᠢᠷᠠᠬᠤ᠄

《ᠣᠳᠤ ᠡᠬᠦᠨ ᠎ᠢ ᠶᠠᠭᠠᠬᠢᠳᠠᠭ ᠶᠣᠮ ᠪᠠᠢᠨ᠎ᠠ?》 ᠭᠡᠵᠦ᠍ ᠡᠮᠴᠢ᠎ᠠᠴᠠ ᠠᠰᠠᠭᠤᠬᠤ᠎ᠳᠤ᠄

《ᠬᠠᠳᠠᠭᠠᠯᠠᠭᠠᠳ ᠶᠠᠭᠠᠬᠢᠬᠤ ? ᠢᠳᠡᠬᠦ᠌ ᠶᠣᠮ ᠦᠦ? ᠴᠣᠬᠢ》 ᠭᠡᠪᠡ᠃

ᠡᠮᠨᠡᠯᠭᠡ᠎ᠶ᠋ᠢᠨ ᠭᠡᠷ᠎ᠤᠨ ᠪᠣᠯᠣᠩ ᠳ᠋ᠦ ᠲᠠᠯᠪᠢᠭ᠍ᠰᠠᠨ ᠯᠠᠭ᠎ᠤᠨ ᠬᠠᠢᠷᠴᠠᠭ᠎ᠲᠤ ᠠᠪᠠᠴᠢᠨ ᠬᠢᠬᠦ᠌ ᠬᠡᠮᠡᠳᠡᠯ᠎ᠡ᠄

《ᠠᠪᠤ ᠡ! ᠪᠢ ᠠᠪᠣᠶ᠎ᠠ》 ᠬᠡᠵᠦ᠍ ᠲᠠᠪᠣᠨ ᠨᠠᠰᠣᠳᠠᠢ ᠬᠦᠣ᠎ᠦᠨᠢᠷᠰᠠᠢᠬᠠᠨ ᠨᠢ ᠲᠣᠣᠭᠠᠷᠣᠨ ᠬᠦᠶᠦᠨ ᠢᠷᠡᠯ᠎ᠡ ᠃ ᠰᠠᠨᠳᠠᠯᠢ ᠳᠡᠭᠡᠷ᠎ᠡ᠎ᠠᠴᠠ ᠣᠨᠠᠴᠢᠬᠠᠬᠣ ᠱᠢᠬᠠᠵᠠᠢ᠃

《ᠵᠠ᠂ ᠲᠡᠭᠡ᠂ ᠲᠡᠭᠡ᠃ ᠠᠪᠤ᠎ᠶ᠋ᠢᠨ ᠬᠢᠨᠢ ᠪᠦᠳᠦᠭᠡᠯ ᠪᠠᠢᠨ᠎ᠠ ᠱᠢᠤ》

ᠦᠨᠢᠷᠰᠠᠢᠬᠠᠨ ᠬᠦᠣ ᠲᠣᠩ ᠪᠠᠶᠠᠷᠯᠠᠪᠠ᠃ ᠠᠪᠤ᠎ᠶ᠋ᠢᠨ ᠬᠢᠨᠢ ᠴᠢᠬᠢ᠎ᠶ᠋ᠢ ᠪᠦᠭ᠌ᠯᠡᠭ᠌ᠰᠡᠨ ᠡᠨᠡ ᠬᠤᠷᠭᠤᠯ᠎ᠤᠨ ᠬᠢᠷᠢ ᠲᠣᠮᠣ ᠪᠦᠭᠡᠷᠡᠩᠬᠡᠢ ᠮᠦᠬᠦᠯᠢᠭ ᠬᠠᠴᠢᠨ ᠡᠳ᠋ ᠎ᠢ ᠲᠣᠰᠣᠨ ᠠᠪᠬᠤ᠎ᠳᠤ ᠬᠠᠯᠠᠭᠤᠬᠠᠨ ᠰᠠᠨᠠᠭ᠍ᠳᠠᠵᠠᠢ᠃ ᠠᠳᠭᠤᠬᠤ᠎ᠳᠤ ᠰᠣᠳᠠᠯ ᠠᠳᠠᠯᠢ ᠯᠣᠭ᠍ᠰᠢᠬᠤ ᠱᠢᠬ᠂ ᠲᠡᠷᠡ᠎ᠨᠢ ᠵᠦᠪᠬᠡᠨ ᠮᠡᠳᠡᠭ᠌ᠳᠡᠮ᠎ᠡ ᠲᠠᠳᠣᠢ᠃ ᠦᠨᠳᠡᠭᠡ ᠨᠠᠭᠠᠳᠤᠮ ᠭᠡᠵᠦ᠍ ᠨᠡᠷᠡᠯᠡᠪᠡ᠃ ᠱᠢᠬᠢᠷ ᠠᠳᠠᠯᠢ ᠭᠦᠯᠬᠦᠬᠦ᠌ ᠰᠠᠨ ᠭᠡᠵᠦ᠍ ᠪᠣᠳᠣᠯ᠎ᠠ᠃ ᠠᠯᠳᠠᠭ᠍ᠳᠠᠭᠠᠳ ᠵᠠᠯᠬᠢᠴᠢᠬᠠᠪᠠᠯ ᠶᠠᠭᠠᠬᠢᠨ᠎ᠡ ᠭᠡᠵᠦ᠍ ᠠᠶᠣᠪᠠ᠃ ᠬᠦᠣ᠎ᠶ᠋ᠢᠨ᠎ᠢᠶᠠᠨ ᠪᠣᠳᠣᠯ᠎ᠢ ᠭᠠᠳᠠᠷᠯᠠᠭ᠍ᠰᠠᠨ ᠡᠵᠢ᠎ᠨᠢ᠄ 《ᠡᠮᠴᠢ ᠲᠡᠭᠡᠪᠡᠯ ᠬᠢᠮᠰᠠ ᠪᠢᠰᠢ᠂ ᠦᠭᠡᠷ ᠬᠢᠳᠤᠭ᠎ᠠ ᠪᠠᠷᠢᠭᠠᠳ ᠭᠡᠳᠡᠰᠣ ᠬᠠᠭᠠᠯᠵᠤ ᠮᠡᠳᠡᠨ᠎ᠡ ᠱᠢᠤ》 ᠭᠡᠪᠡ᠃ ᠨᠠᠭᠠᠳᠤᠭ᠍ᠰᠠᠭᠠᠷ ᠪᠠᠢᠵᠦ᠍ ᠬᠠᠨᠣᠪᠠᠯ ᠲᠣᠭ᠍ᠯᠠᠭᠠᠮ᠎ᠤᠨ ᠠᠪᠳᠠᠷ᠎ᠠ᠎ᠶ᠋ᠢᠨ ᠱᠢᠷᠭᠤᠭᠣᠯ᠎ᠳᠤ ᠬᠢᠭᠡᠳ ᠲᠠᠯᠪᠢᠴᠢᠬᠠᠨ᠎ᠠ᠃ ᠡᠨᠡ ᠠᠪᠳᠠᠷ᠎ᠠ᠎ᠶ᠋ᠢ ᠠᠪᠤ᠎ᠨᠢ ᠲᠡᠭᠦᠨ᠎ᠳᠤ ᠬᠢᠵᠦ᠍ ᠦᠭ᠌ᠭᠦᠭ᠌ᠰᠡᠨ ᠶᠣᠮ᠃ ᠠᠪᠳᠠᠷ᠎ᠠ᠎ᠶ᠋ᠢᠨ ᠲᠡᠭᠡᠳᠡᠢ ᠲᠡᠬᠦᠨ᠎ᠤ ᠣᠨᠳᠠᠬᠤ ᠮᠣᠳᠤᠨ ᠣᠷᠣ᠂ ᠣᠨᠳᠠᠬᠤ ᠣᠷᠤ ᠎ᠶ᠋ᠢᠨ ᠳᠣᠭᠤᠳᠠᠢ ᠣᠯᠠᠨ ᠱᠢᠷᠭᠤᠭᠣᠯ᠎ᠲᠠᠢ᠃ ᠱᠢᠷᠭᠤᠭᠣᠯ᠎ᠤᠨ ᠲᠣᠭᠤᠳᠠᠢ ᠵᠡᠷᠭᠡᠴᠡᠭ᠌ᠰᠡᠨ ᠲᠠᠪᠤᠨ ᠲᠠᠲᠠᠭᠤᠷ ᠠᠪᠳᠠᠷ᠎ᠠ᠎ᠲᠠᠢ᠃ ᠠᠪᠳᠠᠷ᠎ᠠ᠎ᠳᠤ ᠬᠦᠣ ᠪᠠᠢᠳᠠᠭ ᠲᠣᠭ᠍ᠯᠠᠭᠠᠮ᠎ᠢᠶᠠᠨ ᠬᠤᠷᠢᠶᠠᠵᠣ ᠲᠠᠯᠪᠢᠨ᠎ᠠ᠃ ᠳᠡᠯᠬᠡᠬᠦ᠌᠎ᠳᠤ ᠭᠡᠷ᠎ᠲᠤ ᠬᠦᠯ ᠲᠠᠯᠪᠢᠬᠤ ᠵᠠᠢ ᠦᠭᠡᠢ ᠪᠣᠯᠴᠢᠬᠠᠳᠠᠭ ᠴᠣ᠌ ᠠᠬᠤᠢᠯᠠᠭᠠᠳ ᠭᠠᠷᠬᠤ᠎ᠳᠤ ᠴᠡᠪᠡᠷ ᠪᠣᠯᠴᠢᠬᠠᠨ᠎ᠠ᠃ ᠠᠪᠤ ᠡᠵᠢ᠎ᠨᠢ ᠬᠦᠣ᠎ᠶ᠋ᠢᠨ᠎ᠢᠶᠠᠨ ᠡᠨᠡ ᠵᠠᠩ᠎ᠳᠤ ᠭᠤᠣᠯ᠎ᠠᠴᠠ᠎ᠪᠠᠨ ᠳᠤᠷᠠᠳᠠᠢ᠃

ᠡᠵᠢ᠎ᠨᠢ ᠨᠢᠭᠡ ᠦᠳᠡ᠎ᠳᠤ ᠬᠦᠣ᠎ᠶ᠋ᠢᠨ᠎ᠢᠶᠠᠨ ᠦᠨᠳᠡᠭᠡ ᠨᠠᠭᠠᠳᠤᠮ ᠴᠣᠩᠬᠤᠨ ᠲᠠᠢᠰᠠᠨ ᠳᠡᠭᠡᠷ᠎ᠡ ᠪᠠᠢᠬᠤ᠎ᠶ᠋ᠢ ᠣᠯᠵᠣ ᠬᠠᠷᠠᠯ᠎ᠠ᠃ ᠲᠡᠮᠡᠭᠡᠨ ᠪᠣᠷᠴᠠᠭ᠎ᠤᠨ ᠬᠢᠷᠢ ᠪᠠᠢᠭ᠍ᠰᠠᠨ ᠶᠠᠭᠤᠮ᠎ᠠ ᠬᠤᠨᠢᠨ ᠬᠤᠷᠭᠤᠯ᠎ᠤᠨ ᠬᠢᠷᠢ ᠪᠦᠭᠡᠷᠡᠩᠬᠡᠢ ᠲᠣᠮᠣ ᠪᠣᠯᠣᠭ᠍ᠰᠠᠨ᠎ᠢ ᠮᠡᠳᠡᠵᠦ᠍᠄

《ᠡᠨᠡ ᠴᠢᠨᠢ ᠦᠰᠴᠤ᠌ ᠪᠠᠢᠭ᠎ᠠ ᠪᠢᠰᠢ ᠶᠣᠮ ᠦᠦ?》 ᠭᠡᠵᠦ᠍ ᠨᠦᠬᠦᠷ᠎ᠠᠴᠠ᠎ᠪᠠᠨ ᠠᠰᠠᠭᠤᠵᠠᠢ᠃ ᠲᠠᠯ᠎ᠠ᠎ᠪᠠᠷ ᠨᠢᠭᠡ ᠳᠡᠯᠭᠡᠭ᠌ᠰᠡᠨ ᠮᠣᠳᠤ ᠲᠡᠮᠦᠷ᠎ᠢᠶᠠᠨ ᠡᠪᠯᠡᠬᠦᠯᠵᠦ᠍ ᠰᠠᠭᠤᠭ᠍ᠰᠠᠨ ᠰᠠᠢᠵᠢᠷᠠᠬᠤ ᠬᠦᠶᠦᠯᠬᠡᠨ ᠬᠠᠷᠠᠭᠠᠳ᠄

《ᠮᠦᠨ ᠡᠨᠡ ᠬᠢᠷᠢ᠎ᠶ᠋ᠢᠨ ᠶᠠᠭᠤᠮ᠎ᠠ ᠪᠠᠢᠭ᠍ᠰᠠᠨ ᠪᠢᠰᠢ ᠶᠣᠮ ᠦᠦ?》 ᠭᠡᠵᠡᠢ᠃

ᠭᠠᠳᠠᠨ᠎ᠠ ᠰᠠᠢᠵᠢᠷᠠᠬᠤ ᠮᠠᠱᠢᠨ᠎ᠠᠴᠠ ᠰᠠᠢᠵᠢᠷᠠᠬᠤ ᠪᠣᠷᠳᠤᠭ᠎ᠠ ᠮᠦᠬᠦᠯᠢᠭ᠌ᠳᠡᠨ ᠭᠠᠷᠭᠠᠬᠤ ᠳᠠᠭᠤᠨ ᠲᠣᠭᠤᠯᠳᠠᠨ᠎ᠠ᠃ ᠬᠦᠣ ᠬᠦᠰᠡᠷ ᠳᠡᠭᠡᠷ᠎ᠡ ᠰᠠᠭᠤᠭᠠᠳ ᠨᠠᠭᠠᠳᠴᠤ᠌ ᠪᠠᠢᠪᠠ᠃

《ᠴᠢ ᠶᠠᠭᠠᠬᠢᠭᠠᠳ ᠡᠬᠦᠨ ᠎ᠢ ᠨᠠᠷᠠᠨ ᠳᠡᠭᠡᠷ᠎ᠡ ᠲᠠᠯᠪᠢᠴᠢᠬᠠᠭ᠍ᠰᠠᠨ ᠶᠣᠮ?》 ᠭᠡᠵᠦ᠍ ᠡᠵᠢ᠎ᠨᠢ ᠬᠦᠣ᠎ᠠᠴᠠ᠎ᠪᠠᠨ ᠠᠰᠠᠭᠤᠯ᠎ᠠ᠃ ᠬᠡᠣᠬᠡᠳ᠎ᠨᠢ ᠲᠣᠮᠣ ᠠᠮᠢᠰᠭᠤᠭᠠᠳ᠄

《ᠪᠢ ᠣᠳᠤ ᠲᠡᠭᠦᠨ᠎ᠢᠶᠠᠷ ᠨᠠᠭᠠᠳᠴᠤ᠌ ᠪᠣᠯᠬᠤ ᠦᠭᠡᠢ᠃ ᠨᠠᠮ᠎ᠠ᠎ᠳᠤ ᠵᠡᠬᠦᠳᠦ ᠦᠭ᠌ᠴᠢᠬᠡᠭ᠌ᠰᠡᠨ》 ᠭᠡᠵᠦ᠍ ᠦᠬᠦᠯᠡᠬᠦ᠌ ᠬᠦᠣ᠂ ᠡᠵᠢ᠎ᠪᠠᠨ ᠬᠠᠷᠠᠬᠤ ᠴᠣ᠌ ᠦᠭᠡᠢ ᠨᠠᠭᠠᠳᠤᠮ᠎ᠳᠠᠭᠠᠨ ᠤᠯᠠᠢᠷᠠᠨ᠎ᠠ᠃ ᠲᠡᠭᠦᠨ᠎ᠤ ᠰᠡᠳᠭᠢᠯ᠎ᠳᠤ ᠨᠠᠭᠠᠳᠭᠤ ᠪᠣᠯ ᠬᠠᠮᠤᠭ᠎ᠤᠨ ᠲᠣᠮᠣ ᠠᠵᠢᠯ᠃ ᠬᠡᠣᠬᠡᠳ ᠪᠦᠷᠢ ᠎ᠶ᠋ᠢᠨ ᠰᠡᠳᠭᠢᠯ ᠎ᠳᠤ ᠨᠠᠭᠠᠳᠭᠤ ᠪᠣᠯ ᠲᠣᠮᠣᠴᠣᠳ᠎ᠤᠨ ᠠᠵᠢᠯᠯᠠᠬᠤ ᠎ᠲᠠᠢ ᠡᠩ ᠰᠠᠴᠠᠭᠤ ᠬᠦᠳᠡᠯᠮᠦᠷᠢ᠃ ᠣᠯᠠᠩᠬᠢ ᠴᠠᠭ᠎ᠲᠤ ᠲᠡᠳᠡᠨ ᠡᠴᠠ ᠲᠠᠪᠠᠳᠠᠭ ᠣᠴᠢᠷ ᠴᠣ᠌ ᠪᠣᠢ᠃

《ᠶᠠᠭᠤ ᠵᠡᠬᠦᠳᠦᠯᠡᠪᠡ? ᠬᠦᠣ ᠮᠢᠨᠢ》 ᠭᠡᠵᠦ᠍ ᠡᠵᠢ᠎ᠨᠢ ᠳᠡᠷᠭᠡᠳᠡ᠎ᠨᠢ ᠶᠠᠪᠠᠭᠠᠨ ᠰᠠᠭᠤᠵᠤ ᠠᠰᠠᠭᠤᠯ᠎ᠠ᠃ ᠬᠡᠣᠬᠡᠳ᠎ᠤᠨ ᠠᠮᠠᠨ᠎ᠠᠴᠠ ᠲᠣᠭ᠍ᠳᠠᠭᠤᠬᠠᠨ ᠭᠠᠷᠬᠤ ᠦᠭᠡ ᠡᠵᠢ᠎ᠶ᠋ᠢᠨ ᠬᠢᠨᠢ ᠰᠡᠳᠭᠢᠯ᠎ᠳᠤ ᠠᠶᠤᠩᠭ᠎ᠠ ᠱᠢᠭ᠋ ᠲᠣᠰᠴᠠᠢ᠃

《ᠦᠨᠳᠡᠭᠡ ᠨᠠᠭᠠᠳᠤᠮ ᠬᠡᠯᠡᠵᠦ᠍ ᠪᠠᠢᠨ᠎ᠠ᠄ ᠨᠠᠮᠠᠶ᠋ᠢ ᠭᠡᠷᠡᠯ ᠲᠣᠰᠭᠤ ᠭᠠᠵᠠᠷ ᠲᠠᠯᠪᠢ᠃ ᠪᠢ ᠦᠰᠦᠨ᠎ᠡ᠂ ᠭᠠᠷᠴᠤ᠌ ᠢᠷᠡᠨ᠎ᠡ ᠭᠡᠰᠡᠨ᠃ ᠲᠡᠭᠡᠭᠡᠳ ᠪᠢ ᠲᠡᠨᠳᠡ ᠲᠠᠯᠪᠢᠴᠢᠬᠠᠭ᠍ᠰᠠᠨ᠃ ᠡᠵᠢ ᠡ! ᠲᠡᠷᠡ ᠴᠢᠨᠢ ᠭᠡᠷᠡᠯ ᠲᠣᠰᠭᠤ ᠭᠠᠵᠠᠷ ᠮᠦᠨ ᠦᠦ?》 ᠭᠡᠵᠦ ᠬᠦᠣ ᠦᠬᠦᠯᠡᠨ᠎ᠡ᠂ ᠨᠠᠭᠠᠳᠣᠮ᠎ᠳᠤ ᠣᠯᠠᠢᠷᠠᠨ᠎ᠠ᠂ ᠡᠬᠡ᠎ᠪᠠᠨ ᠲᠣᠭᠤᠵᠣ ᠬᠠᠷᠠᠬᠤ ᠴᠣ᠌ ᠦᠭᠡᠢ᠃ ᠭᠡᠪᠡᠴᠣ ᠦᠨᠡᠨ ᠬᠡᠯᠡᠵᠡᠢ᠃

《ᠪᠠᠰᠠ ᠲᠡᠭᠡᠵᠦ᠍ ᠦᠦ? ᠦ ᠮᠦᠨ᠃ ᠲᠡᠨᠳᠡ ᠨᠠᠷᠠ ᠰᠠᠢᠬᠠᠨ ᠲᠣᠰᠣᠨ᠎ᠠ》

ᠡᠬᠡ᠎ᠨᠢ ᠦᠬᠦᠯᠡᠭ᠌ᠰᠡᠭᠡᠷ ᠪᠣᠰᠣᠯ᠎ᠠ᠃ ᠦᠨᠳᠡᠭᠡ ᠲᠠᠯᠪᠢᠭ᠍ᠰᠠᠨ ᠴᠣᠩᠬᠤᠨ ᠳᠠᠢᠰᠠᠨ᠎ᠳᠤ ᠬᠠᠷᠠᠴᠠ ᠲᠣᠰᠪᠠ᠂ ᠦᠨᠳᠡᠭᠡ ᠲᠠᠯᠪᠢᠭ᠍ᠰᠠᠨ ᠲᠡᠷᠡᠭᠡᠨ ᠭᠡᠰᠡᠭ ᠎ᠢᠶᠠᠷ᠃ ᠨᠠᠷᠠ ᠳᠣᠰᠤᠨ᠎ᠠ᠂ ᠱᠢᠷᠠᠨ᠎ᠠ᠃ ᠪᠣᠯᠭᠤᠭᠠᠴᠢᠬᠠᠬᠤ ᠱᠢᠭ᠋ ᠰᠠᠨᠠᠭ᠍ᠳᠠᠭᠠᠳ ᠪᠣᠯᠳᠠᠭ ᠦᠭᠡᠢ᠃ ᠲᠡᠭᠡᠷ᠎ᠡ᠎ᠠᠴᠠ ᠨᠠᠷᠠ᠂ ᠲᠣᠣᠷ᠎ᠠ᠎ᠠᠴᠠ ᠭᠠᠨᠳᠢᠭ᠃ ᠢᠩᠬᠢᠭᠡᠳ ᠪᠣᠯᠳᠠᠭ ᠶᠣᠮ ᠦᠦ?

ᠰᠠᠢᠵᠢᠷᠠᠬᠤ᠎ᠶ᠋ᠢᠨ ᠨᠢᠳᠣᠨ᠎ᠳᠤ ᠬᠠᠴᠢᠨ ᠶᠠᠭᠤᠮ᠎ᠠ ᠬᠠᠷᠠᠭ᠍ᠳᠠᠯ᠎ᠠ᠃ ᠴᠣᠩᠬᠤᠨ ᠳᠠᠢᠰᠠᠨ ᠳᠡᠭᠡᠷ᠎ᠡ ᠱᠢᠪᠠᠭᠤᠨ ᠡᠬᠦᠷ ᠵᠠᠰᠠᠭ᠍ᠳᠠᠵᠠᠢ᠃

《ᠡᠨᠡ ᠴᠢᠨᠢ ᠶᠠᠭᠠᠬᠢᠵᠦ᠍ ᠪᠠᠢᠭ᠎ᠠ ᠶᠣᠮ?》 ᠭᠡᠵᠦ᠍ ᠠᠪᠤ᠎ᠨᠢ ᠰᠣᠴᠢᠨ ᠠᠰᠠᠭᠤᠬᠤ᠎ᠳᠤ ᠭᠡᠷ᠎ᠲᠤ ᠪᠦᠰᠡᠭᠦᠢ᠎ᠨᠢ ᠠᠯᠠᠭ᠎ᠠ᠂ ᠮᠠᠯ᠎ᠳᠤ ᠶᠠᠪᠣᠵᠠᠢ᠃ ᠬᠦᠣ᠎ᠨᠢ ᠪᠠᠢᠪᠠ᠄

《ᠡᠵᠢ ᠪᠢᠳᠠ ᠬᠤᠶᠠᠷ ᠵᠠᠰᠠᠭ᠍ᠰᠠᠨ ᠶᠣᠮ᠃ ᠪᠢ ᠠᠪᠤ᠎ᠳᠤ ᠬᠡᠯᠡᠭ᠌ᠰᠡᠨ ᠱᠢᠣ ᠳ᠋ᠠ》

ᠬᠡᠵᠢᠶ᠎ᠡ᠂ ᠶᠠᠭᠤ ᠭᠡᠳ ᠬᠡᠯᠡᠴᠢᠬᠡᠪᠡ? ᠭᠡᠵᠦ᠍ ᠰᠠᠢᠵᠢᠷᠠᠬᠤ ᠪᠣᠳᠣᠵᠠᠢ᠃ ᠣᠬᠤᠴᠢᠯᠠᠵᠣ ᠠᠰᠠᠭᠤᠯ ᠦᠭᠡᠢ᠂ ᠲᠣᠭᠤᠢ ᠦᠩᠭᠡᠷᠡᠭᠡᠪᠡ᠃ ᠮᠢᠨᠦ᠍ ᠬᠡᠯᠡᠭ᠌ᠰᠡᠨ᠎ᠢ ᠰᠡᠳᠭᠢᠯ᠎ᠳᠡᠭᠡᠨ ᠳᠣᠭ᠍ᠳᠠᠭᠠᠬᠤ ᠦᠭᠡᠢ ᠪᠠᠢᠨ᠎ᠠ ᠭᠡᠵᠦ᠍ ᠪᠦᠰᠡᠭᠦᠢ ᠬᠡᠣᠬᠡᠳ᠎ᠨᠢ ᠳᠡᠩᠳᠠ ᠦᠬᠦᠯᠡᠳᠡᠭ᠃ ᠬᠡᠯᠡᠭ᠌ᠳᠡᠭ᠌ᠰᠡᠭᠡᠷ ᠪᠠᠢᠵᠦ᠍ ᠰᠠᠢᠵᠢᠷᠠᠬᠤ ᠬᠠᠱᠢᠷᠠᠵᠠᠢ᠃ ᠡᠳᠦᠷᠵᠢᠨ ᠱᠣᠯᠣᠭᠠᠨᠠᠵᠣ ᠪᠠᠢᠳᠠᠭ ᠶᠤᠮ᠃ ᠠᠯᠢ᠎ᠶ᠋ᠢ᠎ᠨᠢ ᠰᠣᠨᠣᠰᠴᠣ ᠠᠮᠵᠢᠨ᠎ᠠ? ᠬᠡᠣᠬᠡᠳ᠎ᠤᠨ ᠦᠭᠡ᠎ᠶ᠋ᠢ᠃ ᠬᠦᠯᠦᠰᠣ (ᠣᠶᠣᠨ ᠎ᠤ ᠪᠠ ᠮᠠᠬᠠᠪᠣᠳ᠎ᠤᠨ) ᠠᠰᠭᠠᠬᠤ᠎ᠶ᠋ᠢᠨ ᠬᠢᠷᠢ᠎ᠪᠠᠷ ᠠᠮᠢᠳᠤᠷᠠᠯ ᠲᠣᠭ᠍ᠳᠠᠨ᠎ᠠ ᠱᠢᠤ ᠳ᠋ᠠ᠃ ᠮᠣᠳᠣᠨ᠎ᠤ ᠨᠠᠷᠢᠨ ᠰᠠᠯᠠᠭ᠎ᠠ᠎ᠪᠠᠷ ᠰᠦᠯᠵᠢᠨ ᠵᠠᠰᠠᠭᠠᠳ᠂ ᠲᠣᠳᠤᠷᠠᠬᠢ᠎ᠶ᠋ᠢ᠎ᠨᠢ ᠦᠳᠦ ᠰᠣᠳᠦ᠍᠎ᠪᠠᠷ ᠵᠦᠭᠡᠯᠡᠯᠡᠵᠡᠢ᠃ ᠱᠢᠪᠠᠭᠤ ᠢᠷᠡᠵᠦ᠍ ᠪᠠᠷᠢᠭᠠᠳ ᠦᠭ᠌ᠭᠦᠭ᠌ᠰᠡᠨ ᠱᠢᠭ᠂ ᠲᠠᠭᠠᠳᠠᠢ ᠲᠣᠬᠢᠯᠢᠭ ᠡᠭᠦᠷ ᠪᠠᠢᠨ᠎ᠠ᠃

ᠦᠨᠳᠡᠭᠡ ᠨᠠᠭᠠᠳᠣᠮ᠎ᠳᠤ ᠡᠬᠦᠷ ᠵᠠᠰᠠᠵᠣ ᠦᠭ᠌ᠭᠦᠭ᠌ᠰᠡᠨ ᠦᠨᠢᠷᠰᠠᠢᠬᠠᠨ ᠬᠦᠣ ᠪᠠᠶᠠᠷ᠎ᠲᠠᠢ᠃ ᠶᠡᠭᠡ ᠠᠵᠢᠯ ᠬᠢᠭ᠌ᠰᠡᠨ ᠱᠢᠭ ᠰᠠᠨᠠᠭ᠍ᠳᠠᠨ᠎ᠠ᠃ ᠡᠵᠢ᠎ᠲᠠᠢ᠎ᠪᠠᠨ ᠴᠤᠭ ᠵᠠᠰᠠᠭ᠍ᠰᠠᠨ ᠡᠬᠦᠷ᠎ᠢᠶᠠᠨ ᠪᠠᠢᠩᠭᠤ ᠡᠷᠬᠢᠵᠦ᠍ ᠦᠵᠡᠨ᠎ᠡ᠃ ᠬᠡᠪᠡᠴᠣ ᠰᠡᠭᠦᠳᠡᠷ᠎ᠢᠶᠠᠨ ᠲᠣᠰᠭᠠᠳᠠᠭ ᠦᠭᠡᠢ᠂ ᠭᠠᠷ᠎ᠢᠶᠠᠨ ᠬᠦᠷᠭᠡᠳᠡᠭ ᠦᠭᠡᠢ᠃ ᠠᠮᠢᠯᠠᠬᠤ ᠶᠠᠭᠤᠮᠠᠨ᠎ᠳᠤ ᠬᠦᠮᠦᠨ᠎ᠤ ᠭᠠᠷ᠎ᠤᠨ ᠬᠤᠣᠷ ᠱᠢᠩᠭᠡᠴᠢᠬᠡᠪᠡᠯ ᠮᠠᠭᠤ ᠭᠡᠵᠦ᠍ ᠡᠵᠢ᠎ᠨᠢ ᠰᠣᠷᠭᠠᠵᠠᠢ᠃

《ᠭᠠᠷ᠎ᠤᠨ ᠬᠤᠣᠷ ᠭᠡᠵᠦ᠍ ᠶᠠᠭᠤ ᠶᠣᠮ?》 ᠭᠡᠵᠦ᠍ ᠬᠦᠣ ᠡᠬᠡ᠎ᠠᠴᠠ᠎ᠪᠠᠨ ᠠᠰᠠᠭᠤᠬᠤ᠎ᠳᠤ᠄

《ᠴᠠᠰᠣ᠎ᠶ᠋ᠢ ᠠᠳᠭᠤᠬᠤ᠎ᠳᠤ ᠴᠠᠢᠬᠤ᠎ᠪᠠᠨ ᠪᠠᠢᠴᠢᠬᠠᠳᠠᠭ᠃ ᠪᠣᠵᠠᠷ ᠪᠣᠯᠭᠠᠳᠠᠭ ᠲᠡᠷᠡ᠎ᠶ᠋ᠢ ᠭᠠᠷ᠎ᠤᠨ ᠬᠤᠣᠷ》 ᠬᠡᠮᠡᠨ ᠬᠡᠯᠡᠵᠦ᠍ ᠦᠭ᠌ᠴᠡᠢ᠃

ᠴᠠᠰᠣ᠎ᠪᠠᠷ ᠣᠬᠢᠶᠠᠬᠤ᠎ᠳᠤ ᠭᠠᠷ᠎ᠤᠨ ᠭᠭᠢᠷ ᠰᠠᠢᠬᠠᠨ ᠭᠠᠷᠳᠠᠭ ᠭᠡᠵᠦ᠍ ᠠᠪᠤ ᠬᠦᠣ ᠬᠤᠶᠠᠷ ᠭᠠᠳᠠᠨ᠎ᠠ ᠭᠠᠷᠣᠨ ᠴᠠᠰᠣ᠎ᠪᠠᠷ ᠨᠢᠭᠤᠷ ᠭᠠᠷ᠎ᠢᠶᠠᠨ ᠣᠬᠢᠶᠠᠬᠤ ᠲᠣᠷᠠᠳᠠᠢ᠃ ᠣᠰᠣ᠎ᠪᠠᠷ ᠣᠬᠢᠶᠠᠭ᠍ᠰᠠᠨ᠎ᠠᠴᠠ ᠬᠤᠯᠠ ᠢᠯᠡᠬᠦᠣ ᠭᠭᠢᠷ ᠠᠪᠳᠠᠭ᠎ᠢ ᠬᠦᠣ ᠮᠠᠳᠠᠨ᠎ᠠ᠃ ᠴᠠᠪ ᠴᠠᠭᠠᠨ ᠴᠠᠰᠣ᠎ᠪᠠᠷ ᠱᠦᠷᠬᠦᠭᠡᠬᠦ᠌᠎ᠳᠤ ᠬᠠᠪ ᠬᠠᠷ᠎ᠠ ᠣᠰᠣ ᠭᠤᠭᠤᠵᠢᠨ᠎ᠠ᠃ ᠮᠢᠨᠦ᠍ ᠭᠠᠷ ᠶᠠᠭᠠᠬᠢᠭᠠᠳ ᠡᠢᠮᠦ᠍ ᠪᠣᠵᠠᠷ ᠪᠠᠢᠳᠠᠭ ᠶᠣᠮ? ᠭᠡᠵᠦ᠍ ᠬᠦᠣ ᠳᠠᠭᠤ ᠠᠯᠳᠠᠬᠤ᠎ᠳᠤ᠄

《ᠬᠦᠮᠦᠨ᠎ᠤ ᠭᠠᠷ ᠶᠠᠭᠤᠨ᠎ᠳᠤ ᠴᠣ᠌ ᠬᠦᠷᠴᠣ ᠮᠡᠳᠡᠨ᠎ᠡ ᠱᠢᠣ᠃ ᠲᠡᠭᠦᠨ᠎ᠳᠤ ᠬᠤᠪᠴᠠᠰᠣ ᠦᠭᠡᠢ》 ᠬᠡᠵᠦ᠍ ᠠᠪᠤ᠎ᠨᠢ ᠦᠬᠦᠯᠡᠳᠡᠭ ᠠᠵᠢ᠃

《ᠬᠤᠪᠴᠠᠰᠣ᠎ᠨᠢ ᠪᠡᠭᠡᠯᠡᠢ ᠪᠢᠰᠢ ᠶᠣᠮ ᠦᠦ?》

《ᠬᠦᠮᠦᠨ ᠪᠡᠭᠡᠯᠡᠢ ᠵᠠᠯᠭᠠᠭ᠎ᠠ ᠵᠡᠬᠦᠵᠦ᠍ ᠪᠠᠢᠨ᠎ᠠ ᠦᠦ?》

ᠬᠦᠣ ᠲᠣᠣᠭᠠᠷᠣᠭ᠍ᠰᠠᠨ ᠦᠭᠡᠢ᠂ ᠬᠤᠶᠠᠭᠤᠯᠠ᠎ᠶ᠋ᠢᠨ ᠭᠠᠷ᠎ᠢ ᠡᠭᠡᠯᠵᠢᠯᠡᠨ ᠬᠠᠷᠠᠯ᠎ᠠ᠄ ᠨᠢᠴᠦᠬᠦᠨ᠃

ᠬᠦᠮᠦᠨ᠎ᠤ ᠭᠠᠷ᠎ᠤᠨ ᠬᠤᠣᠷ ᠭᠡᠵᠦ᠍ ᠴᠠᠰᠣ᠎ᠶ᠋ᠢ ᠪᠣᠵᠠᠷ ᠪᠣᠯᠭᠠᠳᠠᠭ ᠬᠠᠷ᠎ᠠ ᠦᠩᠬᠡ᠎ᠶ᠋ᠢᠨ ᠶᠠᠭᠤᠮ᠎ᠠ ᠪᠠᠢᠳᠠᠭ ᠭᠡᠵᠦ᠍ ᠬᠦᠣ ᠪᠣᠳᠣᠨ᠎ᠠ᠃ ᠶᠠᠷᠣ᠎ᠨᠢ ᠮᠠᠭᠤ ᠪᠦᠬᠦᠨ᠎ᠢ ᠬᠠᠷ᠎ᠠ᠎ᠲᠠᠢ ᠬᠤᠯᠪᠣᠳᠠᠭ ᠱᠢᠣ ᠳ᠋ᠠ᠃ ᠬᠠᠷ᠎ᠠ ᠰᠡᠳᠭᠢᠯ᠂ ᠬᠠᠷ᠎ᠠ ᠰᠠᠨᠠᠭ᠎ᠠ᠂ ᠬᠠᠷ᠎ᠠ᠎ᠪᠠᠷ ᠵᠠᠩᠬᠢᠳᠭᠤ ᠭᠡᠳ᠂ ᠬᠠᠷ᠎ᠠ᠎ᠳᠤ ᠣᠯᠢᠭ᠍ᠳᠠᠢ ᠶᠠᠭᠤᠮ᠎ᠠ ᠲᠠᠭᠠᠷᠠᠳᠠᠭ ᠦᠭᠡᠢ᠃ ᠲᠡᠢᠮᠦ᠍ ᠮᠠᠭᠤᠬᠠᠢ ᠶᠠᠭᠤᠮ᠎ᠠ  ᠦᠨᠳᠡᠭᠡ ᠨᠠᠭᠠᠲᠣᠮ᠎ᠳᠤ ᠬᠠᠯᠳᠠᠴᠢᠬᠠᠪᠠᠯ ᠁ ᠭᠡᠵᠦ᠍ ᠬᠦᠣ ᠬᠢᠴᠢᠶᠡᠨ᠎ᠡ᠃ ᠪᠣᠵᠠᠷ ᠶᠠᠭᠤᠮ᠎ᠠ ᠪᠣᠷᠣᠭᠤ ᠰᠠᠨᠠᠭ᠎ᠠ᠎ᠲᠠᠢ ᠪᠠᠢᠳᠠᠭ᠎ᠨᠢ ᠦᠨᠡᠨ᠃ ᠮᠠᠭᠤ ᠎ᠶ᠋ᠢ ᠮᠣᠭᠠᠢ᠎ᠶ᠋ᠢᠨ ᠬᠤᠣᠷ᠎ᠯᠤᠭ᠎ᠠ᠂ ᠰᠠᠢᠨ᠎ᠢ ᠰᠠᠷᠠᠨ᠎ᠤ ᠭᠡᠷᠡᠯ᠎ᠯᠦᠭᠡ ᠵᠦᠢᠷᠯᠡᠳᠡᠭ ᠱᠢᠣ ᠳ᠋ᠠ᠃

ᠭᠤᠷᠪᠠᠭᠤᠯᠠ ᠎ᠪᠠᠨ  ᠦᠨᠳᠡᠭᠡ ᠨᠠᠭᠠᠲᠣᠮ᠎ᠢ ᠪᠠᠢᠩᠭᠤ ᠠᠵᠢᠭ᠍ᠯᠠᠨ᠎ᠠ᠃ ᠬᠤᠪᠢᠷᠠᠯᠳᠠ ᠭᠠᠷᠣᠭᠠᠳ ᠪᠠᠢᠬᠤ ᠱᠢᠬ᠃ ᠪᠣᠳᠣᠭᠤᠨ ᠬᠤᠷᠭᠤᠯ᠎ᠤᠨ ᠬᠢᠷᠢ ᠲᠣᠮᠣ ᠪᠣᠯᠣᠭ᠍ᠰᠠᠨ ᠪᠠᠢᠬᠤ᠎ᠶ᠋ᠢ ᠬᠠᠷᠠᠭᠠᠳ ᠬᠦᠣ ᠭᠠᠢᠬᠠᠪᠠ᠃ ᠠᠪᠤ᠎ᠨᠢ᠂ ᠡᠵᠢ᠎ᠨᠢ ᠴᠤ᠌ ᠭᠠᠢᠬᠠᠵᠠᠢ᠃ ᠦᠨᠢᠷᠰᠠᠢᠬᠠᠨ ᠴᠣᠩᠬᠤᠨ ᠲᠠᠢᠰᠠ᠎ᠶ᠋ᠢ ᠡᠯᠢᠭᠡᠳᠡᠨ ᠴᠣᠬᠤᠷ ᠦᠨᠳᠡᠭᠡ᠎ᠶ᠋ᠢ ᠨᠢᠳᠦ ᠴᠠᠪᠴᠢᠯ ᠦᠭᠡᠢ ᠠᠵᠢᠶᠠᠷᠠᠨ᠎ᠠ᠃ ᠡᠨᠡ ᠡᠳᠦᠷ᠎ᠤᠨ ᠦᠨᠳᠡᠭᠡ ᠨᠠᠭᠠᠳᠣᠮ ᠲᠡᠭᠦᠨ᠎ᠳᠤ ᠰᠣᠨᠢᠨ ᠬᠠᠷᠠᠭ᠍ᠳᠠᠵᠠᠢ᠃ ᠲᠡᠷᠡ ᠬᠦᠳᠡᠯᠵᠦ᠍ ᠪᠠᠢᠨ᠎ᠠ᠃ ᠬᠦᠳᠡᠯᠬᠦ᠌ ᠮᠦᠷᠳᠡᠭᠡᠨ ᠡᠬᠦᠷ ᠲᠣᠳᠤᠷ᠎ᠠ᠎ᠪᠠᠨ ᠭᠡᠳᠦ ᠪᠦᠮᠪᠦᠷᠢᠪᠡ᠃ ᠠᠮᠢ ᠣᠷᠤᠵᠠᠢ᠃ ᠡᠭᠦᠷ ᠲᠡᠷᠡ ᠴᠢᠭ᠎ᠢᠶᠠᠷ ᠪᠠᠶᠠᠷ ᠬᠦᠷ᠎ᠢᠶᠠᠷ ᠪᠢᠯᠬᠠᠬᠤ ᠱᠢᠭ᠋ ᠪᠣᠯᠪᠠ᠃ ᠲᠡᠭᠡᠵᠦ᠍ ᠪᠠᠢᠳᠠᠯ᠎ᠠ ᠦᠨᠳᠡᠭᠡ᠎ᠶ᠋ᠢᠨ ᠬᠠᠯᠢᠰᠣ ᠣᠪᠣᠯᠵᠠᠨ ᠴᠣᠭᠤᠷᠠᠯ᠎ᠠ᠃ ᠬᠦᠣ ᠰᠣᠴᠢᠨ ᠪᠠᠷᠬᠢᠷᠠᠨ ᠬᠦᠶᠦᠬᠦ᠌ ᠭᠡᠰᠡᠨ᠎ᠢᠶᠠᠨ ᠨᠢᠳᠤ ᠳᠣᠭ᠍ᠳᠠᠯ᠎ᠠ᠃ ᠴᠣᠭᠤᠷᠬᠠᠢ᠎ᠠᠴᠠ ᠣᠪ ᠣᠯᠠᠭᠠᠨ᠂ ᠨᠢᠪ ᠨᠢᠴᠣᠬᠦᠨ ᠠᠩᠭᠠᠬᠠᠢ ᠭᠠᠷᠴᠣ ᠢᠷᠡᠬᠦ᠌᠎ᠨᠢ ᠲᠡᠷᠡ᠃ ᠬᠦᠣ ᠡᠢᠮᠦ᠍ ᠠᠩᠭᠠᠬᠠᠢ᠎ᠶ᠋ᠢ ᠨᠠᠰᠣᠨ᠎ᠠᠴᠠ᠎ᠪᠠᠨ ᠢᠯᠡᠬᠦᠤ ᠦᠵᠡᠭ᠌ᠰᠡᠨ ᠶᠣᠮ᠃ ᠪᠠᠷᠢᠬᠤ ᠪᠠᠢᠳᠣᠭᠠᠢ ᠲᠡᠵᠢᠭᠡᠵᠦ᠍ ᠪᠠᠰᠠ ᠦᠵᠡᠭ᠌ᠰᠡᠨ ᠶᠣᠮ᠃ ᠠᠯᠳᠠᠨ ᠱᠢᠷᠭᠠᠯ ᠠᠮᠠ᠎ᠲᠠᠢ ᠴᠤ᠌ ᠨᠢᠳᠤ ᠦᠭᠡᠢ ᠠᠵᠢ᠃

ᠬᠦᠣ᠄

《ᠠᠪᠤ ᠡ! ᠡᠵᠢ ᠡ! ᠦᠨᠳᠡᠭᠡ ᠨᠡᠪᠴᠢᠴᠢᠭᠡᠯ᠎ᠡ᠃ ᠬᠤᠷᠳᠤᠨ ᠢᠷ᠎ᠡ!》 ᠭᠡᠵᠦ᠍ ᠭᠡᠷ᠎ᠤᠨ ᠠᠳᠠᠷ ᠡᠷᠭᠦᠮ᠎ᠡ ᠬᠠᠰᠭᠢᠴᠠᠨ ᠪᠠᠷᠬᠢᠷᠠᠭ᠍ᠰᠠᠭᠠᠷ ᠬᠦᠶᠦᠨ ᠭᠠᠷᠣᠯ᠎ᠠ᠃ ᠲᠡᠷᠡ᠂ ᠠᠪᠤ ᠡᠵᠢ᠎ᠳᠡᠭᠡᠨ ᠡᠢᠮᠦ᠍ ᠭᠠᠢᠬᠠᠮᠱᠢᠭ᠍ᠳᠤ ᠦᠵᠡᠭ᠌ᠳᠡᠯ᠎ᠢ ᠬᠤᠪᠢᠶᠠᠯᠴᠠᠬᠤ᠎ᠪᠠᠷ ᠶᠠᠭᠠᠷᠠᠭ᠍ᠰᠠᠨ ᠪᠠᠢᠯ᠎ᠠ᠃ ᠮᠠᠯ᠎ᠤᠨ ᠬᠤᠳᠠᠨ᠎ᠳᠤ ᠰᠠᠢᠵᠢᠷᠠᠬᠤ ᠡᠷ᠎ᠡ ᠡᠮ᠎ᠡ ᠬᠤᠶᠠᠭᠤᠯᠠ ᠬᠦᠣ᠎ᠶ᠋ᠢᠨ ᠪᠠᠷᠬᠢᠷᠠᠬᠤ ᠳᠠᠭᠤᠨ᠎ᠳᠤ ᠪᠠᠷᠢᠴᠠ ᠠᠯᠳᠠᠵᠠᠢ᠃

《ᠶᠠᠭᠤ ᠪᠣᠯᠪᠠ? ᠬᠡᠣᠬᠡ ᠡ!》 ᠭᠡᠵᠦ᠍ ᠣᠷᠣᠯᠳᠤᠬᠤ ᠮᠡᠳᠦ ᠣᠭ᠍ᠳᠤᠨ ᠢᠷᠡᠯ᠎ᠡ᠃

《ᠦᠨᠳᠡᠭᠡ᠂ ᠦᠨᠳᠡᠭᠡ᠂ ᠨᠡᠪᠴᠢᠴᠢᠬᠡᠯ᠎ᠡ》 ᠬᠦᠣ᠎ᠶ᠋ᠢᠨ ᠨᠢᠳᠤ ᠣᠷᠣᠢ ᠳᠡᠭᠡᠷ᠎ᠡ᠎ᠪᠠᠨ ᠭᠠᠷᠬᠤ ᠱᠢᠬᠠᠬᠤ ᠴᠣ᠌ ᠪᠠᠶᠠᠷᠯᠠᠬᠤ ᠰᠡᠳᠭᠢᠯ᠎ᠨᠢ ᠲᠡᠭᠦᠨ᠎ᠢ ᠢᠨᠢᠶᠡᠳᠦ ᠠᠯᠳᠠᠭᠤᠯᠬᠤ ᠠᠵᠢ᠃

ᠴᠣᠬᠤᠷ ᠦᠨᠳᠡᠭᠡ᠎ᠠᠴᠠ ᠭᠠᠷᠣᠭ᠍ᠰᠠᠨ ᠠᠯᠳᠠᠨ ᠱᠢᠷᠭᠠᠯ ᠠᠮᠠ᠎ᠲᠠᠢ᠂ ᠨᠢᠪ ᠨᠢᠴᠣᠬᠦᠨ᠂ ᠭᠠᠯ ᠣᠯᠠᠭᠠᠨ ᠦᠩᠭᠡ᠎ᠶ᠋ᠢᠨ 《ᠮᠢᠬ᠎ᠠ ᠠᠮᠢ》 ᠠᠮᠠ᠎ᠪᠠᠨ ᠠᠩᠭᠠᠯᠵᠠᠭᠤᠯᠣᠨ ᠲᠣᠯᠣᠭᠠᠢ᠎ᠪᠠᠨ ᠦᠨᠳᠡᠯᠵᠡᠭᠦᠯᠭᠦ᠎ᠨᠢ ᠪᠠᠳᠢᠷ ᠡᠷᠢᠬᠦ᠌ ᠪᠠᠳᠢᠷᠴᠢᠨ ᠡᠷ᠎ᠡ ᠮᠡᠳᠦ᠃

《ᠢᠳᠡᠬᠦ᠌ ᠶᠠᠭᠤᠮ᠎ᠠ ᠦᠭ ᠳ᠋ᠠ!》 ᠭᠡᠵᠦ᠍ ᠦᠬᠦᠯᠡᠭ᠌ᠰᠡᠨ ᠡᠵᠢ᠎ᠨᠢ ᠬᠦᠣ᠎ᠪᠠᠨ ᠬᠠᠷᠠᠪᠠ᠃ ᠠᠩᠭᠠᠬᠠᠢ ᠲᠡᠵᠢᠭᠡᠬᠦ᠌ ᠬᠦᠨᠳᠦ ᠡᠬᠦᠷᠭᠡ᠎ᠶ᠋ᠢ ᠡᠬᠡ᠎ᠨᠢ ᠬᠦᠣ᠎ᠳᠡᠭᠡᠨ ᠢᠩᠬᠢᠵᠦ᠍ ᠠᠩᠬ᠎ᠠ ᠳᠣᠱᠢᠶᠠᠵᠠᠢ᠃

ᠦᠨᠢᠷᠰᠠᠢᠬᠠᠨ ᠡᠵᠢ᠎ᠪᠠᠨ ᠬᠠᠷᠠᠯ᠎ᠠ᠄

《ᠦᠨᠦᠬᠦᠤ ᠭᠠᠷᠣᠭ᠍ᠰᠠᠭᠠᠷ ᠡᠬᠡ᠎ᠪᠠᠨ ᠬᠦᠬᠦᠵᠦ᠍ ᠲᠠᠮᠢᠷ ᠠᠪᠳᠠᠭ ᠱᠢᠣ ᠳ᠋ᠠ᠂ ᠬᠦᠣ ᠮᠢᠨᠢ》

《ᠲᠦᠭᠦᠬᠡᠢ ᠦᠦ? ᠪᠣᠯᠣᠭ᠍ᠰᠠᠨ ᠦᠦ?》

《ᠲᠦᠬᠦᠭᠡᠢ!》

ᠠᠩᠭᠠᠯᠵᠠᠭ᠍ᠰᠠᠨ ᠠᠮᠠ ᠬᠠᠷ᠎ᠠ ᠪᠣᠷᠴᠠᠭ᠎ᠤᠨ ᠬᠢᠷᠢ ᠲᠣᠮᠣ ᠲᠦᠬᠦᠭᠡᠢ ᠮᠢᠬ᠎ᠠ᠎ᠶ᠋ᠢ ᠲᠠᠪᠤ ᠵᠢᠷᠭᠤᠭ᠎ᠠ ᠢᠳᠡᠭᠡᠳ ᠡᠵᠢ ᠬᠦᠣ ᠬᠤᠶᠠᠷ᠎ᠤᠨ ᠪᠠᠷᠢᠵᠦ᠍ ᠦᠭ᠌ᠭᠦᠭ᠌ᠰᠡᠨ ᠡᠬᠦᠷ᠎ᠤᠨ ᠬᠠᠨ᠎ᠠ᠎ᠶ᠋ᠢ ᠲᠦᠱᠢᠭᠡᠳ ᠬᠦᠳᠡᠯᠬᠦ᠌ ᠦᠭᠡᠢ ᠪᠣᠯᠴᠢᠬᠠᠯ᠎ᠠ᠃ ᠲᠡᠷᠡ ᠬᠤᠪᠳᠣᠭ᠍ᠯᠠᠨ ᠢᠳᠡᠵᠦ᠍ ᠪᠠᠢᠭᠠᠳ ᠶᠠᠳᠠᠷᠠᠴᠢᠬᠠᠵᠠᠢ᠃ ᠶᠠᠳᠠᠷᠠᠭ᠎ᠠ᠎ᠪᠠᠨ ᠲᠠᠢᠯᠬᠤ ᠬᠠᠮᠤᠭ ᠰᠠᠢᠨ ᠠᠷᠭ᠎ᠠ ᠪᠣᠯ ᠠᠮᠠᠷᠠᠬᠤ᠂ ᠣᠨᠳᠠᠬᠤ᠃ ᠠᠩᠭᠠᠬᠠᠢ ᠡᠬᠦᠨ᠎ᠢ ᠮᠡᠳᠡᠵᠦ᠍ ᠪᠠᠢᠬᠤ᠎ᠳᠤ ᠬᠦᠣ ᠭᠠᠢᠬᠠᠨ᠎ᠠ᠃ ᠬᠦᠣ ᠪᠣᠳᠤᠪᠠ᠄ ᠲᠡᠷᠡ ᠶᠠᠭᠠᠬᠢᠭᠠᠳ ᠡᠵᠢ᠎ᠪᠠᠨ ᠬᠠᠢᠵᠤ ᠣᠬᠢᠯᠠᠳᠠᠭ ᠦᠭᠡᠢ ᠶᠣᠮ ᠪᠣᠢ? ᠬᠦᠤ ᠲᠡᠵᠢᠭᠡᠨ᠎ᠡ᠂ ᠠᠩᠭᠠᠬᠠᠢ ᠢᠳᠡᠨ᠎ᠡ᠃ ᠴᠠᠭ ᠣᠷᠤᠰᠣᠨ᠎ᠠ᠂ ᠠᠩᠭᠠᠬᠠᠢ ᠦᠰᠦᠨ᠎ᠡ᠂ ᠲᠡᠭ᠌ᠳᠡᠭᠡᠭᠡᠢ ᠪᠣᠯᠪᠠ᠃

ᠦᠨᠢᠷᠰᠠᠢᠬᠠᠨ ᠲᠡᠭᠦᠨ᠎ᠳᠤ ᠨᠠᠷᠠᠨ ᠰᠠᠷᠠᠨ ᠱᠢᠮᠡᠳᠦ ᠭᠡᠰᠡᠨ ᠨᠡᠷ᠎ᠡ ᠬᠠᠢᠷᠠᠯᠠᠯ᠎ᠠ᠃ ᠨᠠᠷ᠎ᠠ᠎ᠪᠠᠷ᠎ᠨᠢ ᠳᠠᠭᠤᠳᠠᠬᠤ᠎ᠳᠤ ᠵᠢᠵᠢᠭ᠌ᠬᠡᠨ ᠵᠢᠬᠦᠷ᠎ᠢᠶᠠᠨ ᠲᠡᠷᠪᠡᠭᠡᠨᠡᠭᠦᠯᠦᠨ ᠦᠭᠡᠳᠡ᠎ᠠᠴᠠ᠎ᠨᠢ ᠬᠠᠷᠠᠨ᠎ᠠ᠃ ᠠᠯᠠᠭᠠᠨ ᠳᠡᠭᠡᠷ᠎ᠡ᠎ᠨᠢ ᠰᠠᠭᠤᠨ᠎ᠠ᠂ ᠵᠢᠷ ᠵᠢᠷ ᠬᠡᠮᠡᠨ ᠳᠣᠣᠭᠠᠷᠣᠨ᠎ᠠ᠃ ᠪᠠᠭᠠᠬᠤ᠎ᠳᠠᠭᠠᠨ ᠲᠦᠨᠳᠦᠢᠭᠰᠡᠨ ᠬᠤᠨᠳᠣᠯᠠᠢ᠎ᠪᠠᠨ ᠡᠬᠦᠷ᠎ᠠᠴᠠ᠎ᠪᠠᠨ ᠭᠠᠷᠭᠠᠨ ᠪᠠᠢᠵᠦ᠍ ᠭᠠᠳᠠᠭ᠍ᠰᠢᠯᠠᠭᠤᠯᠣᠨ᠎ᠠ᠃ ᠲᠣᠣᠷ᠎ᠠ᠎ᠨᠢ ᠮᠠᠭᠤ ᠴᠠᠭᠠᠰᠣ ᠳᠠᠪᠢᠰᠴᠠᠢ᠃ ᠡᠳᠦᠷ᠎ᠤᠨ ᠬᠡᠳᠦ ᠣᠳᠠᠭ᠎ᠠ ᠰᠣᠯᠢᠨ᠎ᠠ᠃ ᠡᠨᠡ ᠠᠵᠢᠯ ᠪᠣᠯ ᠬᠦᠣ᠎ᠶ᠋ᠢᠨ ᠡᠬᠦᠷᠭᠡ᠃

ᠰᠠᠢᠵᠢᠷᠠᠬᠤ ᠮᠠᠯ᠎ᠳᠤ ᠶᠠᠪᠣᠨ᠎ᠠ᠃ ᠪᠣᠳᠣᠯ᠎ᠳᠤᠨᠢ ᠨᠠᠷᠠᠨ ᠰᠠᠷᠠᠨ ᠱᠢᠮᠡᠳᠦ ᠡᠷᠬᠢᠯᠳᠦᠨ᠎ᠠ᠃ ᠴᠢᠬᠢᠨ ᠎ᠠᠴᠠ ᠎ᠨᠢ ᠭᠠᠷᠣᠭ᠍ᠰᠠᠨ ᠦᠨᠳᠡᠭᠡ ᠨᠡᠪᠴᠢᠭᠡᠳ ᠠᠩᠭᠠᠬᠠᠢ ᠪᠣᠯᠴᠢᠬᠠᠪᠠ ᠭᠡᠭ᠌ᠴᠢ ᠭᠠᠢᠬᠠᠯᠳᠠᠢ ᠶᠣᠮ᠃ ᠡᠴᠢᠬᠡ᠎ᠨᠢ᠂ ᠡᠬᠡ᠎ᠨᠢ ᠬᠡᠨ ᠪᠣᠯᠴᠢᠬᠠᠪᠠ? ᠪᠢ ᠬᠡᠵᠦ᠍ ᠦᠦ? ᠰᠣᠨᠣᠰᠣᠭ᠍ᠰᠠᠨ ᠪᠦᠬᠦᠨ ᠱᠣᠣᠬᠢᠵᠠᠢ᠃ ᠰᠣᠨᠢᠨ ᠮᠡᠳᠡᠭᠡᠨ᠎ᠤ᠎ᠬᠢᠨ ᠮᠡᠳᠡᠭᠡᠯᠡᠬᠦ᠌᠎ᠪᠠᠷ ᠢᠷᠡᠭᠡᠳ᠄ 《ᠭᠡᠷᠡᠴᠢ ᠪᠠᠷᠢᠮᠳᠠ ᠦᠭᠡᠢ》 ᠭᠡᠳ ᠪᠣᠴᠠᠭ᠍ᠰᠠᠨ ᠶᠣᠮ᠃ ᠱᠢᠪᠠᠭᠤᠳ᠎ᠤᠨ ᠵᠢᠷᠬᠢᠬᠦ᠌ ᠳᠠᠭᠤ ᠰᠣᠨᠣᠰᠳᠠᠨ᠎ᠠ᠃ ᠮᠠᠯ ᠢᠷᠠᠢᠨ ᠪᠡᠯᠴᠢᠭᠡᠳ ᠰᠡᠳᠭᠢᠯ ᠲᠡᠨᠢᠬᠦᠨ᠃ ᠮᠠᠯᠴᠢᠨ ᠬᠦᠮᠦᠨ᠎ᠳᠤ ᠬᠤᠷ᠎ᠠ ᠪᠣᠷᠤᠭᠠᠨ ᠲᠡᠭ᠌ᠰᠢ ᠪᠣᠯ ᠲᠦᠮᠡᠨ ᠠᠮᠣᠭᠤᠯᠠᠩ᠃

《ᠪᠠᠶᠠᠷᠯᠠᠯ᠎ᠠ᠂ ᠲᠠᠨ᠎ᠳᠤ》 ᠭᠡᠰᠡᠨ ᠦᠬᠦᠯᠡᠬᠦ᠌ ᠳᠠᠭᠤ ᠭᠡᠨᠡᠳᠳᠡ ᠰᠣᠨᠣᠰᠳᠠᠯ᠎ᠠ᠃ ᠳᠠᠭᠤ ᠭᠠᠷᠣᠭ᠍ᠰᠠᠨ ᠵᠦᠭ᠎ᠲᠤ ᠰᠣᠴᠢᠨ ᠬᠠᠷᠠᠬᠤ᠎ᠳᠤ ᠲᠣᠭ᠍ᠵᠢᠭᠠᠷ ᠵᠢᠭᠠᠬᠠᠨ ᠪᠣᠷᠤ ᠮᠣᠳᠤ᠎ᠶ᠋ᠢᠨ ᠣᠩᠬᠢ ᠳᠡᠭᠡᠷ᠎ᠡ ᠬᠤᠯᠠᠨ ᠵᠢᠷᠤᠭ᠎ᠠ ᠱᠢᠪᠠᠭᠤ ᠰᠠᠭᠤᠵᠣ ᠪᠠᠢᠪᠠ᠃ ᠡᠨᠡ ᠪᠣᠷᠤ ᠮᠣᠳᠤ ᠣᠣᠯ᠎ᠨᠢ ᠲᠡᠮᠡᠬᠡᠨ᠎ᠠᠴᠠ ᠦᠨᠳᠦᠷ ᠪᠠᠢᠭ᠍ᠰᠠᠨ ᠶᠤᠮ᠃ ᠲᠠᠭᠠᠷᠢᠭ᠍ᠰᠠᠭᠠᠷ ᠪᠠᠢᠵᠦ᠍ ᠭᠠᠵᠠᠷ᠎ᠠᠴᠠ ᠲᠣᠬᠤᠢ ᠬᠢᠷᠢ ᠪᠣᠯᠵᠠᠢ᠃ ᠪᠣᠷᠤ ᠮᠣᠳᠤ ᠪᠠᠢᠨ᠎ᠠ ᠦᠦ? ᠱᠢᠪᠠᠭᠤᠬᠠᠢ ᠲᠣᠣᠭᠠᠷᠴᠢᠬᠠᠪᠠ ᠦᠦ? ᠬᠡᠮᠡᠨ ᠱᠢᠨᠵᠢᠨ ᠣᠴᠢᠬᠤ᠎ᠳᠤ᠄

《ᠭᠠᠢᠬᠠᠬᠤ ᠭᠡᠷᠡᠭ ᠦᠭᠡᠢ᠂ ᠪᠢ ᠲᠣᠣᠭᠠᠷᠣᠭ᠍ᠰᠠᠨ ᠶᠣᠮ》 ᠭᠡᠵᠦ᠍ ᠬᠤᠯᠠᠨ ᠵᠢᠷᠤᠭ᠎ᠠ ᠦᠴᠢᠯ᠎ᠡ᠃

《ᠶᠠᠭᠤᠨ᠎ᠳᠤ ᠨᠠᠳᠠ ᠳ᠋ᠦ ᠪᠠᠶᠠᠷᠯᠠᠬᠤ ᠶᠣᠮ?》 ᠭᠡᠵᠦ᠍ ᠰᠠᠢᠵᠢᠷᠠᠬᠤ ᠬᠤᠯᠠᠨ ᠵᠢᠷᠤᠭ᠎ᠠ᠎ᠶ᠋ᠢᠨ ᠦᠬᠡ ᠲᠣᠣᠭᠠᠷᠣᠭ᠍ᠰᠠᠨ᠎ᠳᠤ ᠠᠶᠣᠭ᠍ᠰᠠᠨ ᠦᠭᠡᠢ᠂ ᠰᠣᠴᠢᠭ᠍ᠰᠠᠨ ᠦᠭᠡᠢ᠂ ᠢᠩᠬᠢᠵᠦ᠍ ᠠᠰᠠᠭᠤᠯ᠎ᠠ᠃ ᠲᠡᠷᠡ ᠪᠣᠯ ᠦᠬᠦᠬᠦ᠌᠎ᠠᠴᠠ ᠪᠣᠰᠣᠳ᠎ᠢ ᠦᠵᠡᠭ᠌ᠰᠡᠨ ᠲᠣᠯᠣᠭᠠᠢ ᠶᠣᠮ᠃ ᠵᠦᠪᠬᠡᠨ ᠬᠦᠳᠡᠭᠡ ᠭᠡᠬᠡᠷ᠎ᠡ ᠣᠳᠠᠭᠠᠨ ᠵᠢᠯ ᠠᠭᠤᠯᠵᠠᠭ᠍ᠰᠠᠨ ᠦᠭᠡᠢ ᠬᠠᠭᠤᠴᠢᠨ ᠲᠠᠨᠢᠯ᠎ᠲᠠᠢ᠎ᠪᠠᠨ ᠵᠣᠯᠭᠠᠭ᠍ᠰᠠᠨ ᠱᠢᠭ᠋ ᠰᠠᠨᠠᠭ᠍ᠳᠠᠨ᠎ᠠ᠃

ᠬᠤᠯᠠᠨ ᠵᠢᠷᠤᠭ᠎ᠠ ᠰᠠᠢᠵᠢᠷᠠᠬᠤ ᠎ᠶ᠋ᠢ ᠲᠣᠭᠤᠵᠣ ᠪᠠᠰᠠ ᠬᠠᠷᠠᠭ᠍ᠰᠠᠨ ᠦᠭᠡᠢ᠂ ᠪᠡᠯᠴᠢᠬᠦ᠌ ᠮᠠᠯ᠎ᠢ ᠲᠣᠭ᠍ᠳᠠᠭᠤᠬᠠᠨ ᠬᠠᠷᠠᠭᠠᠳ᠄

《ᠮᠢᠨᠦ᠍ ᠬᠦᠣ᠎ᠶ᠋ᠢ ᠠᠪᠣᠷᠠᠭ᠍ᠰᠠᠨ᠎ᠳᠤ》 ᠭᠡᠪᠡ᠃ ᠰᠠᠢᠵᠢᠷᠠᠬᠤ᠎ᠶ᠋ᠢᠨ ᠵᠢᠷᠣᠬᠡ ᠣᠪᠣᠯᠵᠠᠨ᠂ ᠠᠮᠢᠰᠭᠤᠭ᠎ᠠ ᠲᠡᠯᠮᠡᠳᠡᠬᠦ᠌ ᠱᠢᠭ ᠪᠣᠯᠵᠣ ᠭᠡᠳᠦ ᠬᠦᠨ ᠠᠮᠢᠰᠭᠤᠬᠤ᠎ᠳᠤ ᠲᠠᠢᠪᠣᠱᠢᠷᠠᠯ᠎ᠠ᠄

《ᠴᠢ ᠶᠠᠭᠠᠬᠢᠭᠠᠳ ᠮᠢᠨᠦ᠍ ᠴᠢᠬᠢᠨ ᠎ᠳᠤ ᠦᠨᠳᠡᠭᠡᠯᠡᠳᠡᠭ ᠶᠣᠮ?》᠃ ᠰᠠᠢᠵᠢᠷᠠᠬᠤ ᠠᠭᠤᠷ ᠬᠦᠷᠬᠦ᠌ ᠱᠢᠭ ᠪᠣᠯᠪᠠ᠃ ᠵᠣᠪᠠᠯᠠᠩ᠎ᠤᠨ ᠦᠨᠳᠦᠰᠦ᠎ᠶ᠋ᠢ ᠬᠤᠯᠠᠨ ᠵᠢᠷᠤᠭ᠎ᠠ ᠲᠠᠷᠢᠭ᠍ᠰᠠᠨ ᠶᠣᠮ ᠦᠦ? ᠡᠨᠡ ᠴᠢᠨᠢ᠃

《ᠡᠬᠦᠨ᠎ᠢ ᠴᠢ ᠪᠡᠶ᠎ᠡ᠎ᠠᠴᠠ᠎ᠪᠠᠨ ᠠᠰᠠᠭᠤ》 ᠬᠤᠯᠠᠨ ᠵᠢᠷᠤᠭ᠎ᠠ ᠰᠠᠢᠵᠢᠷᠠᠬᠤ᠎ᠠᠴᠠ ᠢᠯᠡᠬᠦᠤ ᠣᠮᠣᠭ᠍ᠳᠠᠢ᠂ ᠬᠦᠴᠦᠳᠡᠢ ᠲᠣᠣᠭᠠᠷᠴᠠᠢ᠃ ᠲᠣᠭ᠍ᠵᠢᠭᠠᠷ ᠲᠣᠭ᠍ᠵᠢᠭᠠᠷ ᠪᠣᠳᠠ᠎ᠨᠤᠭᠤᠳ ᠪᠣᠭ ᠮᠠᠯ ᠳᠠᠯᠳᠠᠯᠠᠵᠤ ᠦᠯᠦ᠍ ᠴᠢᠳᠡᠨ᠎ᠡ᠃ ᠬᠦᠶᠦᠭ᠌ᠰᠡᠨ ᠳᠠᠣᠯᠠᠢ ᠴᠣ᠌ ᠪᠣᠳᠠᠨ᠎ᠤ ᠳᠡᠭᠡᠭᠦᠷ ᠬᠠᠷᠠᠭ᠍ᠳᠠᠬᠤ ᠠᠵᠢ᠃

《ᠴᠢᠨᠦ᠍ ᠬᠡᠷᠡᠭ ᠎ᠢ ᠪᠢ ᠶᠠᠭᠠᠬᠢᠵᠦ᠍ ᠮᠡᠳᠡᠬᠦ᠌ ᠶᠣᠮ?》 ᠭᠡᠵᠦ᠍ ᠠᠰᠠᠭᠤᠭ᠍ᠰᠠᠨ ᠰᠠᠢᠵᠢᠷᠠᠬᠤ᠎ᠶ᠋ᠢᠨ ᠪᠡᠶ᠎ᠡ ᠵᠠᠷᠠᠰ ᠭᠡᠵᠦ᠍᠂ ᠮᠠᠩᠨᠠᠢ ᠴᠢᠬᠢᠭ᠌ᠳᠡᠵᠡᠢ᠃ ᠡᠨᠡ ᠴᠢᠨᠢ ᠣᠳᠤ ᠶᠠᠭᠤ ᠪᠣᠯᠵᠣ ᠪᠠᠢᠨ᠎ᠠ? ᠪᠡᠯᠴᠢᠭᠡᠷ ᠳᠡᠭᠡᠷ᠎ᠡ ᠱᠢᠪᠠᠭᠤ᠎ᠲᠠᠢ ᠬᠡᠷᠡᠯᠳᠦᠭᠡᠳ ᠵᠣᠭ᠍ᠰᠣᠵᠣ ᠪᠠᠢᠳᠠᠭ ᠭᠡᠭ᠌ᠴᠢ᠂ ᠶᠠᠮᠠᠷ ᠴᠠᠭ ᠪᠣᠯᠵᠣ ᠪᠠᠢᠨ᠎ᠠ ᠪᠣᠢ? ᠪᠢ ᠪᠡᠶ᠎ᠡ᠎ᠠᠴᠠ᠎ᠪᠠᠨ ᠶᠠᠭᠤ ᠠᠰᠠᠭᠤᠬᠤ ᠶᠣᠮ?

《ᠴᠢ ᠴᠢ ᠭᠡᠵᠦ᠍ ᠴᠢᠴᠢᠬᠦ᠌᠎ᠶ᠋ᠢᠨ ᠣᠷᠣᠨ᠎ᠳᠤ ᠲᠠ ᠲᠠ ᠭᠡᠵᠦ᠍ ᠳᠠᠭᠠᠯᠠᠵᠣ ᠦᠬᠦᠯᠡᠶ᠎ᠡ》 ᠭᠡᠵᠦ᠍ ᠬᠤᠯᠠᠨ ᠵᠢᠷᠤᠭ᠎ᠠ ᠦᠬᠦᠯᠡᠭᠡᠳ᠄ 《ᠲᠣᠪᠣᠴᠠᠭ᠎ᠤᠨ ᠲᠦᠬᠦᠮ ᠎ᠤᠨ ᠲᠣᠪᠣᠴᠠᠭ ᠬᠠᠯᠴᠠᠭᠠᠢᠷᠠᠭ᠍ᠰᠠᠨ᠎ᠢ ᠲᠠ ᠦᠵᠡᠭ᠌ᠰᠡᠨ ᠪᠢᠰᠢ ᠪᠢᠯᠢᠣ? ᠬᠤᠷᠤᠬᠠᠢᠳᠠᠭᠠᠳ᠂ ᠲᠡᠷᠡ ᠣᠯᠠᠨ ᠬᠤᠷᠤᠬᠠᠢ᠎ᠶ᠋ᠢ ᠴᠦᠭᠡᠷᠡᠭ᠌ᠰᠡᠨ ᠱᠢᠪᠠᠭᠤ ᠲᠡᠬᠦᠵᠦ᠍ ᠠᠮᠵᠢᠬᠤ᠎ᠪᠠᠨ ᠪᠣᠯᠢᠭᠠᠳ᠂ ᠪᠢᠳᠠ ᠡᠬᠦᠷ ᠪᠠᠷᠢᠬᠤ ᠭᠠᠵᠠᠷ ᠦᠭᠡᠢ ᠪᠣᠯᠣᠯ᠎ᠠ᠃ ᠨᠣᠳᠤᠭ᠎ᠤᠨ ᠱᠢᠪᠠᠭᠤ ᠬᠠᠮᠢᠭ᠎ᠠ ᠶᠠᠪᠣᠬᠤ ᠶᠣᠮ ᠪᠣᠢ?》 ᠭᠡᠵᠡᠢ᠃

ᠲᠣᠪᠣᠴᠠᠭ᠎ᠤᠨ ᠲᠦᠬᠦᠮ᠎ᠤᠨ ᠲᠣᠪᠣᠴᠠᠭ ᠰᠠᠭᠠᠷᠠᠯᠳᠣᠨ ᠴᠠᠢᠭᠠᠳ ᠡᠪᠦᠭᠡᠨ ᠬᠦᠮᠦᠨ᠎ᠤ ᠦᠰᠦ ᠮᠡᠳᠦ᠃ ᠨᠣᠪ ᠨᠣᠭᠤᠭᠠᠨ ᠲᠣᠪᠣᠴᠠᠭ ᠭᠡᠨᠡᠳᠳᠡ ᠴᠠᠢᠬᠤ᠎ᠳᠤ ᠬᠦᠮᠦᠰ ᠭᠠᠢᠬᠠᠨ ᠣᠴᠢᠬᠤ᠎ᠳᠤ ᠨᠠᠪᠴᠢ᠎ᠨᠢ ᠱᠢᠭ᠋ ᠣᠯᠠᠨ ᠬᠤᠷᠤᠬᠠᠢ ᠱᠢᠪᠡᠵᠡᠢ᠃ ᠠᠮᠠ ᠤᠯᠠᠳᠠᠪᠠᠯ ᠪᠠᠷᠠᠨ᠎ᠠ ᠭᠡᠭ᠌ᠴᠢ ᠡᠨᠡ᠃ ᠭᠤᠵᠣᠩ ᠴᠠᠭᠠᠨ ᠮᠦᠴᠢᠷ ᠦᠯᠡᠳᠡᠭᠡᠵᠡᠢ᠃ ᠬᠠᠢᠷᠠᠨ ᠲᠣᠪᠣᠴᠠᠭ ᠮᠢᠨᠢ ᠭᠡᠵᠦ᠍ ᠬᠠᠷᠠᠭ᠍ᠰᠠᠨ ᠪᠦᠬᠦᠳᠠ᠎ᠶ᠋ᠢᠨ ᠬᠠᠷᠠᠭ᠎ᠠ ᠬᠠᠯᠳᠣᠷᠢᠬᠤ᠎ᠨᠢ ᠪᠦᠭᠡᠮ ᠭᠤᠨᠢᠭ᠃

ᠰᠠᠢᠵᠢᠷᠠᠬᠤ ᠲᠣᠭᠤᠭ᠍ᠰᠢ ᠬᠠᠷᠠᠨ ᠬᠦᠯ᠎ᠢᠶᠠᠷ᠎ᠢᠶᠠᠨ ᠭᠠᠵᠠᠷ ᠵᠢᠷᠣᠬᠤ ᠵᠠᠭᠤᠷ᠎ᠠ᠄

《ᠨᠠᠷᠠᠨ᠎ᠤ ᠭᠡᠷᠡᠯ᠎ᠢᠶᠠᠷ ᠦᠨᠳᠡᠭᠡ ᠨᠡᠪᠴᠢᠳᠡᠭ ᠶᠣᠮ ᠦᠦ?》 ᠬᠡᠬᠦ᠌᠎ᠳᠤ ᠬᠤᠯᠠᠨ ᠵᠢᠷᠤᠭ᠎ᠠ᠄

《ᠪᠢ ᠰᠦᠨᠢ᠎ᠳᠤᠨᠢ ᠣᠴᠢᠵᠣ ᠲᠠᠷᠣᠳᠠᠭ》 ᠭᠡᠵᠡᠢ᠃

ᠠᠯᠮᠠᠢᠷᠠᠭ᠍ᠰᠠᠨ ᠰᠠᠢᠵᠢᠷᠠᠬᠤ ᠎ᠶ᠋ᠢ ᠳᠠᠬᠢᠨ ᠬᠠᠷᠠᠬᠤ᠎ᠳᠤ ᠲᠣᠭ᠍ᠵᠢᠭᠠᠷ ᠪᠣᠷᠤ ᠮᠣᠳᠣᠨ ᠳᠡᠭᠡᠷ᠎ᠡ ᠰᠠᠭᠤᠭ᠍ᠰᠠᠨ ᠬᠤᠯᠠᠨ ᠵᠢᠷᠤᠭ᠎ᠠ ᠶᠠᠪᠣᠴᠢᠬᠠᠵᠠᠢ᠃ ᠰᠠᠶᠢ᠎ᠶ᠋ᠢᠨ ᠣᠴᠢᠷ ᠶᠠᠭ ᠵᠡᠬᠦᠳᠤ ᠵᠡᠷᠭᠡᠯᠬᠡᠨ ᠮᠡᠳᠦ᠃ ᠡᠨᠡ ᠴᠢᠨᠢ ᠦᠨᠡᠨ ᠪᠠᠢᠨ᠎ᠠ ᠦᠦ? ᠬᠤᠳᠠᠯ ᠪᠠᠢᠨ᠎ᠠ ᠦᠦ? ᠮᠠᠯ᠎ᠤᠨ ᠲᠣᠯᠣᠭᠠᠢ ᠠᠯᠭᠤᠷ ᠡᠷᠬᠢᠬᠦ᠌᠎ᠶ᠋ᠢ ᠬᠠᠷᠠᠭᠠᠳ ᠬᠠᠷᠢᠪᠠ᠃ ᠶᠡᠭᠡ ᠠᠵᠢᠯ ᠲᠡᠭᠦᠨ᠎ᠢ ᠬᠦᠯᠢᠶᠡᠨ᠎ᠡ᠃

ᠡᠵᠢ ᠬᠦᠣ ᠬᠤᠶᠠᠷ ᠣᠷᠣᠯᠳᠣᠨ ᠢᠷᠡᠬᠦ᠌ ᠬᠠᠷᠠᠭ᠍ᠳᠠᠯ᠎ᠠ᠄

《ᠠᠪᠤ ᠡ! ᠠᠪᠤ ᠡ! ᠮᠢᠨᠦ᠍ ᠬᠠᠮᠠᠷ ᠵᠠᠭᠠᠳᠤᠨᠠᠭᠠᠳ᠂ ᠬᠢᠮᠰᠠ ᠪᠠᠢᠨ᠎ᠠ ᠦᠦ?》 ᠭᠡᠵᠦ᠍ ᠬᠠᠰᠭᠢᠷᠣᠨ ᠬᠦᠶᠦᠬᠦ᠌ ᠦᠨᠢᠷᠰᠠᠢᠬᠠᠨ᠎ᠤ ᠳᠠᠭᠤ ᠲᠣᠳᠤᠬᠠᠨ ᠲᠣᠭᠤᠯᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号