ᠡᠪᠦᠯᠤᠨ ᠠᠭᠣᠷ
ᠡᠷᠳᠡᠶᠢᠨ ᠨᠠᠷᠠᠶᠢ ᠴᠡᠴᠡᠷᠡᠬᠦᠯᠵᠦ
ᠡᠪᠦᠭᠡᠳᠤᠨ ᠰᠠᠬᠠᠯ ᠳ᠋ᠦ ᠵᠠᠪᠢᠯᠠᠬᠣ ᠨᠢ
ᠯᠠᠷᠵᠢᠶᠠ ᠲᠠᠢ
ᠦᠲᠡᠰᠢᠶᠢᠨ ᠰᠠᠷᠠᠶᠢ ᠬᠠᠯᠲᠣᠷᠢᠭᠣᠯᠵᠦ
ᠠᠭᠣᠯᠠᠰᠤᠨ ᠣᠷᠣᠢ ᠳ᠋ᠦ ᠬᠢᠯᠠᠰᠬᠣ ᠨᠢ
ᠵᠢᠪᠬᠣᠭᠠ ᠲᠠᠢ
ᠭᠣᠣᠯᠤᠨ ᠨᠢᠭᠣᠷᠢ ᠠᠯᠠᠭᠠᠲᠠᠵᠦ
ᠵᠠᠮᠤᠨ ᠣᠯᠣᠮ ᠬᠠᠴᠠᠷᠯᠠᠬᠣ ᠨᠢ
ᠡᠨᠳᠡᠬᠦᠦ ᠲᠠᠢ
ᠮᠦᠩᠬᠦᠨᠤ ᠵᠠᠢᠷ ᠪᠣᠲᠠᠷᠠᠭᠠᠵᠦ
ᠮᠦᠷ ᠣᠯᠠᠨ ᠵᠢᠭᠠᠬᠣ ᠨᠢ
ᠣᠯᠠᠢ ᠲᠠᠢ
ᠴᠠᠭᠠᠨ ᠵᠣᠳ
ᠮᠣᠷᠢᠨ ᠲᠡᠭᠡᠷᠡ ᠡᠪᠦᠭᠡᠳᠤᠨ ᠪᠠᠷᠢᠲᠠᠬ
ᠮᠣᠬᠣᠷ ᠣᠷᠭᠠ ᠡᠴᠡ ᠣᠬᠣᠷ
ᠮᠦᠰᠦ ᠬᠡᠮᠡᠯᠢᠵᠦ ᠴᠡᠰᠣ ᠬᠡᠪᠢᠭᠰᠡᠨ
ᠪᠣᠭᠣᠨᠢ ᠨᠠᠷᠠ ᠲᠠᠢ ᠡᠳᠦᠷᠤ᠋ᠤᠨ
ᠲᠡᠮᠦᠷ ᠵᠣᠳ ᠶ᠋ᠢᠡᠷ ᠠᠭᠣᠯᠠᠰᠤᠨ ᠬᠢᠩᠭᠠᠷᠠ ᠣᠷᠢᠶᠠᠯᠭᠠᠨ
ᠦᠪᠦᠷ ᠬᠠᠩᠭᠠᠢᠶᠢᠨ ᠡᠪᠦᠯᠵᠢᠶᠡᠨᠤ
ᠲᠣᠲᠣᠷ ᠲᠠᠮᠢᠷᠢ ᠰᠢᠯᠭᠠᠨᠠᠮ
ᠰᠠᠷᠠᠨ ᠴᠠᠭᠠᠨ ᠣᠢᠳᠬᠠᠷ
ᠬᠠᠶᠠ ᠨᠢᠭᠡ ᠭᠡᠭᠡᠨ ᠲᠣᠯᠪᠣ
ᠬᠠᠩᠭᠠᠢᠶᠢ ᠲᠦᠬᠦᠷᠭᠡᠵᠦ ᠨᠠᠭᠠᠰᠢᠯᠠᠭᠠᠳ
ᠡᠷᠢᠯ ᠬᠠᠢᠵᠦ ᠰᠣᠷᠠᠬ ᠬᠠᠶᠠᠭᠠᠳ ᠶᠠᠪᠣᠬᠣ ᠨᠢ
ᠰᠠᠷᠠᠨ ᠴᠠᠭᠠᠨ ᠣᠢᠳᠬᠠᠷ ᠲᠦ᠍ ᠮᠢᠨᠢ
ᠨᠠᠷᠠᠨ ᠮᠠᠨᠲᠣᠭᠠᠳ ᠵᠢᠷᠭᠠᠬᠣ ᠮᠡᠲᠦ
ᠴᠠᠰᠣ ᠲᠠᠢ ᠡᠪᠦᠯᠤᠨ ᠪᠣᠯᠵᠣᠮᠣᠷ
ᠡᠨᠳᠡ ᠡᠴᠡ ᠲᠡᠨᠲᠡ
ᠰᠢᠲᠡᠭᠰᠡᠨ ᠴᠢᠯᠠᠭᠣ ᠮᠡᠲᠦ ᠨᠢᠰᠦᠯᠬᠢᠯᠡᠨ
ᠴᠠᠰᠣᠨᠠ ᠴᠣᠬᠣᠢᠬᠰᠠᠨ
ᠡᠪᠡᠰᠦᠨᠤ ᠣᠷᠣᠢ ᠡᠴᠡ
ᠠᠮᠢ ᠭᠣᠣᠯ ᠶ᠋ᠢᠡᠨ ᠵᠠᠯᠭᠠᠨᠠᠮ
ᠶᠢᠰᠦ ᠣᠷᠣᠬᠣᠢ
ᠨᠠᠷᠠ
ᠨᠠᠭᠠᠰᠢ ᠪᠠᠨ ᠡᠷᠬᠢᠵᠦ
ᠨᠠᠲᠠ ᠳ᠋ᠦ ᠣᠢᠷᠠᠳᠬᠣᠢ
ᠨᠠᠰᠣ
ᠨᠠᠮᠠᠶ᠋ᠢ ᠠᠪᠣᠭᠠᠳ
ᠴᠠᠭᠠᠰᠢ ᠶᠠᠪᠣᠬᠣᠢ
ᠡᠳᠦᠷ
ᠰᠣᠨᠲᠠᠯᠠ ᠬᠦᠢᠲᠡᠷᠡᠵᠦ
ᠢᠲᠡ ᠠᠪᠬᠣᠢ
ᠡᠪᠦᠯ
ᠲᠣᠢᠯ ᠳ᠋ᠠᠭᠠᠨ ᠲᠣᠯᠵᠦ
ᠶᠢᠰᠦ ᠣᠷᠣᠬᠣᠢ