ᠴᠢᠮ᠎ᠡ᠎ᠲᠠᠢ ᠬᠠᠮᠳᠣ ᠴᠠᠰᠣᠨ ᠳᠡᠬᠡᠬᠦᠷ ᠠᠯᠬᠤᠯᠠᠬᠤ᠎ᠳᠤ
2025-11-25 09:58:07
ᠵᠣᠬᠢᠶᠠᠭ᠍ᠴᠢ᠄
ᠬᠦ᠊·ᠺᠦᠶᠧ (ᠰᠢᠨᠵᠢᠶᠠᠩ) ​
ᠣᠩᠱᠢᠭ᠍ᠰᠠᠨ ᠣᠳᠠᠭ᠎ᠠ᠄
★★★☆☆

ᠠᠯᠣᠰ᠎ᠤᠨ ᠪᠠᠷ᠎ᠠ ᠴᠠᠢᠯᠵᠠᠵᠤ

ᠠᠭᠤᠯᠠ᠎ᠶ᠋ᠢᠨ ᠲᠤᠯᠤᠭᠠᠳ ᠮᠥᠩᠬᠦᠯᠡᠭ᠌ᠳᠡᠨ

ᠡᠪᠦᠯ᠎ᠤᠨ ᠠᠩᠬᠠᠨ᠎ᠤ ᠴᠠᠰᠣ

ᠤᠮᠠᠷᠠᠳᠤ ᠣᠷᠣᠨ᠎ᠳᠤ ᠪᠠᠭᠤᠵᠠᠢ

ᠣᠷᠢ ᠵᠠᠯᠠᠭᠤ ᠨᠠᠰᠣ᠎ᠶ᠋ᠢᠨ

ᠡᠬᠦᠳᠡᠨ ᠴᠣᠩᠬᠤ᠎ᠶ᠋ᠢ ᠲᠣᠭᠱᠢᠵᠠᠢ

ᠦᠨᠡᠨᠴᠢ ᠬᠤᠶᠠᠭᠤᠯᠠ᠎ᠶ᠋ᠢᠨ ᠰᠡᠳᠭᠢᠯ᠎ᠳᠤ

ᠡᠬᠦᠯᠡᠨ ᠴᠡᠴᠡᠭ ᠳᠡᠯᠭᠡᠷᠠᠵᠠᠢ




ᠴᠢᠮ᠎ᠡ᠎ᠲᠠᠢ ᠬᠠᠮᠳᠣ

ᠴᠠᠰᠣᠨ ᠳᠡᠭᠡᠭᠦᠷ ᠠᠯᠬᠤᠯᠠᠬᠤ᠎ᠳᠤ

ᠬᠠᠢᠷ᠎ᠠ᠎ᠶ᠋ᠢᠨ ᠭᠠᠯ᠎ᠳᠤ

ᠴᠠᠰᠣ

ᠬᠠᠢᠯ ᠪᠣᠯᠣᠨ ᠣᠷᠣᠰᠣᠨ᠎ᠠ

ᠬᠠᠢᠷ᠎ᠠ

ᠴᠡᠴᠡᠭ ᠪᠣᠯᠣᠨ ᠪᠦᠵᠢᠭ᠌ᠯᠡᠨ᠎ᠡ




ᠴᠢᠮ᠎ᠡ᠎ᠲᠠᠢ ᠬᠠᠮᠳᠣ

ᠴᠠᠰᠣᠨ ᠳᠡᠭᠡᠭᠦᠷ ᠠᠯᠬᠤᠯᠠᠬᠤ᠎ᠳᠤ

ᠠᠮᠠᠷᠠᠭ ᠬᠤᠶᠠᠭᠤᠯᠠ᠎ᠶ᠋ᠢᠨ ᠬᠦᠯ᠎ᠤᠨ ᠠᠢᠵᠠᠮ

ᠠᠯᠭᠠᠰᠠᠬᠤ ᠵᠢᠷᠦᠬᠡᠨ ᠴᠣᠬᠢᠯᠭ᠎ᠠ᠎ᠲᠠᠢ ᠬᠠᠨᠢᠰᠠᠵᠦ

ᠠᠶᠤᠤᠯᠢᠬᠠᠢ ᠴᠡᠬᠡᠵᠢ᠎ᠶ᠋ᠢᠨ ᠬᠦᠨ᠎ᠳᠤ

ᠠᠯᠠᠭ ᠬᠤᠷᠸ᠎ᠠ᠎ᠶ᠋ᠢᠨ ᠦᠷᠦ᠍᠎ᠳᠤ

ᠠᠯᠮᠠᠰ ᠬᠠᠳᠠᠭᠤ ᠠᠮᠠᠯᠠᠯᠳᠠ᠎ᠶ᠋ᠢ ᠲᠠᠮᠠᠭᠠᠯᠠᠨ᠎ᠠ




ᠴᠢᠮ᠎ᠡ᠎ᠲᠠᠢ ᠬᠠᠮᠳᠣ

ᠴᠠᠰᠣᠨ ᠳᠡᠭᠡᠭᠦᠷ ᠠᠯᠬᠤᠯᠠᠬᠤ᠎ᠳᠤ

ᠴᠠᠢᠷᠠᠵᠦ ᠬᠠᠷᠠᠭ᠍ᠳᠠᠬᠤ

ᠠᠯᠳᠠᠨ ᠳᠡᠯᠡᠬᠡᠢ᠎ᠶ᠋ᠢᠨ ᠡᠩᠬᠡᠷ᠎ᠲᠤ

ᠠᠷᠢᠭᠤᠨ ᠴᠠᠭᠠᠨ ᠴᠠᠰᠣᠨ᠎ᠳᠤ

ᠠᠮᠢᠳᠣᠷᠠᠯ᠎ᠤᠨ ᠮᠦᠷ ᠪᠠᠷᠯᠠᠭ᠍ᠳᠠᠵᠤ

ᠠᠯᠤᠰ᠎ᠤᠨ ᠬᠦᠰᠡᠯ ᠵᠢᠷᠤᠭ᠍ᠯᠠᠭ᠍ᠳᠠᠨ᠎ᠠ





ᠴᠢᠮ᠎ᠡ᠎ᠲᠠᠢ ᠬᠠᠮᠳᠣ

ᠴᠠᠰᠣᠨ ᠳᠡᠭᠡᠭᠦᠷ ᠠᠯᠬᠤᠯᠠᠬᠤ᠎ᠳᠤ

ᠨᠠᠰᠣᠨ᠎ᠤ ᠬᠤᠩᠭᠤᠷ ᠨᠠᠮᠤᠷ

ᠨᠠᠷᠠᠨ᠎ᠤ ᠬᠡᠷᠡᠯ᠎ᠢᠶᠠᠷ ᠳᠤᠶᠠᠭᠠᠷᠠᠵᠤ

ᠰᠠᠷᠠᠨ᠎ᠤ ᠲᠤᠶᠠᠭ᠎ᠠ᠎ᠪᠠᠷ ᠰᠦᠯᠡᠭ᠌ᠳᠡᠵᠤ

ᠨᠠᠷᠠᠳᠣ ᠡᠨᠡ ᠣᠷᠴᠢᠯᠠᠩ

ᠰᠠᠪ ᠦᠬᠡᠢ ᠵᠢᠷᠭᠠᠯ᠎ᠢᠶᠠᠷ ᠴᠠᠯᠬᠢᠯᠠᠨ᠎ᠠ




ᠴᠢᠮ᠎ᠡ᠎ᠲᠠᠢ ᠬᠠᠮᠳᠣ

ᠴᠠᠰᠣᠨ ᠳᠡᠭᠡᠭᠦᠷ ᠠᠯᠬᠤᠯᠠᠬᠤ᠎ᠳᠤ

ᠡᠪᠡᠳᠬᠦ᠌ ᠡᠪᠡᠳᠴᠢᠨ ᠮᠠᠷᠳᠠᠭ᠍ᠳᠠᠵᠤ

ᠦᠯᠦᠰᠭᠦ ᠬᠤᠳᠤᠭᠣᠳᠣ ᠲᠦᠬᠦᠷᠡᠵᠤ

ᠤᠬᠠᠭᠠᠨ ᠪᠣᠳᠣᠯᠭ᠎ᠠ ᠬᠤᠷᠴᠠᠳᠴᠣ

ᠤᠷᠮ᠎ᠠ ᠵᠣᠷᠢᠭ ᠪᠠᠳᠠᠷᠠᠵᠤ

ᠦᠳᠡᠯᠦᠬᠡ ᠨᠠᠰᠣ ᠵᠠᠯᠠᠭᠤᠵᠢᠨ᠎ᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号