ᠨᠠᠢᠷᠠᠬ᠍ᠴᠢᠳ᠎ᠤᠨ ᠨᠠᠮᠤᠷ
2025-11-25 09:56:41
ᠵᠣᠬᠢᠶᠠᠭ᠍ᠴᠢ᠄
ᠯ᠊·ᠰᠤᠨᠢᠨ
ᠣᠩᠱᠢᠭ᠍ᠰᠠᠨ ᠣᠳᠠᠭ᠎ᠠ᠄
★★★☆☆

ᠨᠠᠢᠷᠠᠬ᠍ᠴᠢᠳ᠎ᠤᠨ ᠨᠠᠮᠤᠷ

ᠴᠠᠰᠤ ᠴᠠᠭᠠᠨ ᠦᠩᠭᠡ᠎ᠲᠠᠢ

ᠦᠵᠦᠭ᠎ᠤᠨ ᠦᠵᠦᠬᠦᠷ᠎ᠠᠴᠠ ᠠᠰᠭᠠᠷᠠᠬᠤ ᠰᠦ

ᠰᠡᠳᠭᠢᠯ᠎ᠤᠨ ᠪᠤᠯᠠᠭ᠎ᠢ ᠰᠦᠯᠡᠵᠦ᠍

ᠴᠠᠭ ᠬᠤᠭᠤᠴᠠᠭᠠᠨ᠎ᠤ ᠪᠤᠷᠤᠭ᠎ᠠ ᠪᠤᠯᠵᠦ᠍ ᠱᠠᠭᠢᠨ᠎ᠠ




ᠨᠠᠢᠷᠠᠬ᠍ᠴᠢᠳ᠎ᠤᠨ ᠨᠠᠮᠤᠷ

ᠡᠭᠦᠯᠡᠨ ᠴᠡᠩᠭᠡᠷ ᠦᠩᠭᠡ᠎ᠲᠠᠢ

ᠦᠰᠦᠭ᠎ᠤᠨ ᠲᠠᠯᠠᠪᠴᠢ᠎ᠲᠠᠢ ᠴᠡᠩᠭᠡᠷ ᠡᠷᠪᠡᠬᠡᠢ

ᠠᠨᠢᠰᠭᠠᠨ ᠲᠡᠭᠡᠷ᠎ᠡ ᠮᠢᠨᠢ ᠦᠨᠦᠰᠴᠦ᠍

ᠱᠢᠯᠦᠭ ᠨᠠᠢᠷᠠᠭ᠎ᠤᠨ ᠴᠡᠴᠡᠭᠡᠰ ᠪᠤᠯᠵᠦ᠍ ᠪᠦᠵᠢᠨ᠎ᠡ




ᠨᠠᠢᠷᠠᠬ᠍ᠴᠢᠳ᠎ᠤᠨ ᠨᠠᠮᠤᠷ

ᠭᠠᠯ ᠤᠯᠠᠭᠠᠨ ᠦᠩᠭᠡ᠎ᠲᠠᠢ

ᠤᠯᠠᠭᠠᠨ ᠮᠦᠷ᠎ᠢᠶᠠᠷ ᠲᠤᠪᠳᠤᠯᠬᠤ ᠠᠷᠠᠨᠵᠠᠯ ᠬᠦᠯᠦᠭ

ᠬᠠᠢᠷ᠎ᠠ᠎ᠶ᠋ᠢᠨ ᠨᠤᠲ ᠴᠢᠪᠬᠠᠳᠠᠵᠦ᠍

ᠲᠡᠯ ᠰᠡᠬᠦᠯ᠎ᠨᠢ ᠰᠠᠯᠬᠢ ᠪᠤᠯᠵᠦ᠍ ᠬᠦᠬᠡᠮᠡᠢᠯᠡᠨ᠎ᠡ




ᠨᠠᠢᠷᠠᠬ᠍ᠴᠢᠳ᠎ᠤᠨ ᠨᠠᠮᠤᠷ

ᠠᠯᠳᠠᠨ ᠱᠢᠷᠭᠠᠯ ᠦᠩᠭᠡ᠎ᠲᠠᠢ

ᠪᠠᠳᠠᠭ ᠪᠠᠳᠠᠭ᠎ᠢᠶᠠᠷ ᠵᠢᠭ᠌ᠳᠡᠷᠡᠬᠦ᠌ ᠤᠳᠠ ᠤᠯᠢᠶᠠᠰᠤ

ᠨᠠᠷᠠᠨ᠎ᠤ ᠰᠠᠴᠤᠷᠠᠭ ᠰᠠᠮᠨᠠᠨ ᠭᠠᠩᠭᠠᠷᠠᠵᠦ᠍

ᠨᠠᠪᠴᠢ ᠨᠠᠮᠠᠭ᠎ᠠ᠎ᠨᠢ ᠢᠯᠴᠢ ᠪᠤᠯᠵᠦ᠍ ᠪᠤᠳᠠᠷᠠᠨ᠎ᠠ




ᠨᠠᠢᠷᠠᠬ᠍ᠴᠢᠳ᠎ᠤᠨ ᠨᠠᠮᠤᠷ

ᠨᠤᠮᠢᠨ ᠨᠤᠭᠤᠭᠠᠨ ᠦᠩᠭᠡ᠎ᠲᠠᠢ

ᠵᠡᠭᠦᠳᠦᠨ ᠬᠡ᠎ᠲᠠᠢ ᠴᠡᠭ ᠲᠡᠮᠳᠡᠭ᠎ᠤᠳ

ᠰᠡᠳᠭᠢᠯᠭᠡ᠎ᠶ᠋ᠢᠨ ᠦᠩᠭᠡ᠎ᠪᠠᠷ ᠠᠮᠢᠯᠠᠵᠦ᠍

ᠢᠳᠡᠬᠡᠯ ᠬᠦᠰᠡᠯ᠎ᠤᠨ ᠨᠠᠬᠢᠶ᠎ᠠ ᠪᠤᠯᠵᠦ᠍ ᠬᠦᠪᠦᠷᠡᠨ᠎ᠡ




ᠨᠠᠢᠷᠠᠬ᠍ᠴᠢᠳ᠎ᠤᠨ ᠨᠠᠮᠤᠷ

ᠲᠠᠪᠤᠨ ᠦᠩᠭᠡ᠎ᠶ᠋ᠢᠨ ᠬᠠᠳᠠᠭ ᠱᠢᠭ᠋

ᠨᠤᠮ᠎ᠤᠨ ᠭᠠᠨᠵᠢᠷ᠎ᠠ᠎ᠳᠤ ᠨᠠᠮᠢᠯᠵᠠᠨ᠎ᠠ

ᠢᠷᠠᠭᠤ ᠨᠠᠢᠷᠠᠭ᠎ᠤᠨ ᠱᠠᠩᠰᠢ᠎ᠶ᠋ᠢ ᠴᠢᠮᠡᠵᠦ᠍

ᠤᠩᠭᠤᠳ ᠪᠢᠯᠢᠭ᠎ᠤᠨ ᠠᠳᠢᠰ ᠲᠦᠬᠡᠬᠡᠨ᠎ᠡ




ᠨᠠᠢᠷᠠᠬ᠍ᠴᠢᠳ᠎ᠤᠨ ᠨᠠᠮᠤᠷ

ᠦᠨᠡᠨᠳᠡᠭᠡᠨ ᠴᠢᠷᠠᠮᠠᠨ ᠨᠢᠴᠦᠬᠦᠨ ᠶᠤᠮ

ᠬᠡᠨ ᠴᠦ᠍ ᠭᠠᠷ ᠬᠦᠷᠴᠦ᠍ ᠵᠢᠷᠦᠬᠡᠯᠡᠬᠦ᠌ ᠦᠭᠡᠢ

ᠲᠠᠷᠬᠠᠨ ᠪᠠᠢᠭᠠᠯᠢ᠎ᠶ᠋ᠢᠨ ᠦᠵᠡᠰᠭᠦᠯᠡᠩᠲᠦ

ᠤᠷᠠᠨ ᠲᠠᠭᠢᠨᠢ᠎ᠶ᠋ᠢᠨ ᠵᠢᠷᠤᠭ ᠶᠤᠮ




ᠨᠠᠢᠷᠠᠬ᠍ᠴᠢᠳ᠎ᠤᠨ ᠨᠠᠮᠤᠷ

ᠶᠡᠷᠦ᠍᠎ᠳᠡᠭᠡᠨ ᠲᠠᠰ ᠬᠠᠷ᠎ᠠ ᠦᠩᠭᠡ᠎ᠲᠠᠢ

ᠡᠴᠢᠨ᠎ᠡ ᠶᠢᠷᠳᠢᠨᠴᠦ᠍᠎ᠶ᠋ᠢᠨ ᠳᠠᠯᠳᠠ᠎ᠠᠴᠠ

ᠦᠪᠡᠷᠮᠢᠴᠡ ᠦᠩᠭᠡ᠎ᠪᠠᠷ ᠲᠤᠳᠤᠷᠠᠬᠤ

ᠵᠦᠩ ᠮᠡᠳᠡᠷᠡᠮᠵᠢ᠎ᠶ᠋ᠢᠨ ᠲᠠᠢᠯᠤᠨ ᠶᠤᠮ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号