ᠮᠦᠷᠦᠭᠡᠳᠤᠯ᠎ᠳᠤ ᠬᠢᠯᠠᠯᠵᠠᠬᠤ ᠤᠳᠤᠷ ᠨᠤᠳᠤᠭ
2025-11-25 09:52:31
ᠵᠣᠬᠢᠶᠠᠭ᠍ᠴᠢ᠄
ᠡ᠊·ᠤᠷᠳᠤᠨᠠᠰᠤᠳᠤ
ᠣᠩᠱᠢᠭ᠍ᠰᠠᠨ ᠣᠳᠠᠭ᠎ᠠ᠄
★★★☆☆

ᠬᠦᠭᠡᠷᠦᠬᠦᠢ ᠨᠤᠳᠤᠭ᠎ᠤᠨ ᠮᠢᠨᠢ ᠲᠤᠯᠠᠭᠠᠨ ᠪᠠᠭᠤᠷᠢ

ᠬᠦᠭᠡᠷᠡᠨ ᠲᠦᠨᠠᠷᠠᠬᠦ᠌ ᠲᠠᠷᠠᠰᠤᠨ᠎ᠳᠤ ᠪᠦᠷᠳᠦᠢᠨ᠎ᠠ

ᠬᠠᠨᠢᠰᠠᠵᠤ᠌ ᠲᠤᠭ᠍ᠯᠠᠭ᠍ᠰᠠᠨ ᠤᠨ ᠵᠢᠯ᠎ᠤᠳ ᠯᠠ

ᠬᠠᠯᠠᠭᠤᠨ ᠰᠦᠨᠢ᠎ᠶ᠋ᠢᠨ ᠵᠠᠬᠦᠳᠤᠨ᠎ᠳᠤ ᠲᠤᠷᠮᠤᠢᠨ᠎ᠠ




ᠲᠠᠷᠠᠰᠤ ᠲᠠᠨᠵᠢ᠎ᠪᠠᠷ ᠴᠢᠨᠢ ᠲᠠᠢᠯᠠᠯᠳᠤᠨ ᠲᠤᠭ᠍ᠯᠠᠳᠠᠭ

ᠬᠡᠳᠤᠨ ᠭᠡᠤᠭᠡᠳ᠎ᠢ ᠴᠠᠭᠡᠵᠢᠯᠠᠵᠤ ᠪᠠᠢᠨ᠎ᠠ ᠤᠤ?

ᠬᠠᠳᠠᠭᠤ ᠴᠠᠭ᠎ᠤᠨ ᠲᠠᠷᠴᠢᠭ ᠡᠷᠢᠨ᠎ᠢ

ᠲᠠᠭᠤᠤ᠎ᠲᠠᠢ ᠦᠡᠭ᠌ᠭᠡᠷᠡᠭᠡᠭ᠌ᠰᠠᠨ᠎ᠢ ᠰᠠᠨᠠᠭᠠᠯᠵᠠᠵᠤ ᠪᠠᠢᠨ᠎ᠠ ᠤᠤ?




ᠮᠠᠯ᠎ᠤᠨ ᠮᠦᠷ ᠲᠦᠯ᠎ᠤᠨ ᠲᠠᠭᠤ᠎ᠲᠠᠢ

ᠮᠠᠩᠬᠠᠢᠵᠤ ᠵᠢᠷᠭᠠᠳᠠᠭ ᠤᠳᠤᠷ ᠨᠤᠳᠤᠭ ᠮᠢᠨᠢ

ᠭᠡᠭᠡᠷ᠎ᠠ᠎ᠶ᠋ᠢᠨ ᠱᠢᠪᠠᠭᠤ ᠠᠭᠤᠯᠠᠨ ᠬᠦᠷᠦᠭᠡᠰᠤ᠎ᠲᠠᠢ

ᠬᠠᠨᠢᠰᠠᠵᠤ᠌ ᠬᠦᠭ᠌ᠵᠢᠯᠳᠦᠳᠡᠭ ᠲᠤᠯᠠᠭᠠᠨ ᠪᠠᠭᠤᠴᠠ ᠮᠢᠨᠢ




ᠵᠢᠷᠠᠨ ᠵᠢᠯ᠎ᠤᠨ ᠠᠯᠤᠰ ᠲᠡᠷᠳᠡᠭᠡ᠎ᠳᠤ

ᠵᠢᠷᠤᠭ᠎ᠤᠨ᠎ᠬᠢ ᠶᠤᠮ ᠱᠢᠭ᠋ ᠰᠠᠷᠠᠭᠤᠯᠬᠠᠨ ᠤᠳᠤᠷ

ᠵᠦᠭᠡᠯᠡᠨ ᠬᠦᠷᠦᠰᠤᠨ᠎ᠤ ᠴᠡᠴᠡᠭ᠌ᠳᠤ ᠠᠳᠠᠷ ᠲᠠᠭᠠᠨ

ᠵᠢᠭᠠᠯᠬᠠᠨ ᠨᠠᠰᠤᠨ᠎ᠤ ᠮᠢᠨᠢ ᠮᠦᠷ᠎ᠢ ᠲᠠᠮᠠᠭᠠᠯᠠᠭ᠍ᠰᠠᠨ ᠶᠤᠮ




ᠵᠢᠷᠠ᠎ᠶ᠋ᠢ ᠲᠠᠪᠠᠭᠠᠳ ᠡᠷᠬᠢᠴᠠᠬᠦᠯᠵᠤ ᠰᠠᠭᠤᠬᠤ᠎ᠳᠤ

ᠵᠢᠷᠭᠠᠭ᠍ᠰᠠᠨ ᠵᠦᠳᠡᠭ᠌ᠰᠠᠨ ᠲᠤᠷᠠᠳᠭᠠᠯ ᠤᠯᠠᠨ

ᠵᠠᠭᠤᠨ ᠭᠡᠯᠡᠨ᠎ᠤ ᠮᠢᠨᠢ ᠱᠢᠪᠠᠭᠤᠳ᠎ᠲᠠᠢ ᠪᠠᠢᠭᠠᠯᠢ

ᠵᠠᠢᠳᠠᠭᠠᠳ ᠠᠶᠠᠷᠯᠠᠭ᠍ᠰᠠᠨ ᠴᠤ᠌ ᠵᠢᠷᠦᠭᠡᠨ᠎ᠳᠤ ᠲᠤᠯᠠᠭᠠᠨ




ᠬᠦᠮᠦᠨ᠎ᠠᠴᠠ ᠦᠨᠳᠤᠷ ᠲᠠᠷᠠᠰᠤᠨ ᠲᠦᠡᠭ

ᠬᠦᠪᠴᠢᠨ ᠲᠠᠯᠠᠭᠡᠢ᠎ᠶ᠋ᠢᠨ ᠭᠡᠱᠢᠭ ᠶᠤᠮᠰᠠᠨ

ᠬᠠᠭᠰᠠᠷᠠᠭ᠎ᠠ ᠱᠢᠭᠤᠷᠭ᠎ᠠ ᠨᠦᠷᠢᠵᠤ ᠢᠷᠠᠬᠦ᠌᠎ᠳᠤ

ᠬᠦᠮᠦᠨ ᠮᠠᠯ᠎ᠤᠨ ᠮᠢᠨᠢ ᠨᠦᠮᠦᠷᠢ ᠶᠤᠮᠳᠠᠭ




ᠬᠤᠷᠠᠭ᠎ᠠ᠎ᠪᠠᠨ ᠬᠠᠷᠢᠭᠤᠯᠳᠠᠭ ᠴᠠᠭᠠᠨ ᠤᠷᠤᠢ᠎ᠶ᠋ᠢᠨ

ᠲᠦᠮᠡᠬᠡᠢ᠎ᠨᠢ ᠬᠦᠷᠳᠡᠯ᠎ᠡ ᠰᠦ ᠠᠰᠭᠠᠷᠠᠳᠠᠭ

ᠬᠤᠨᠢᠨ᠎ᠳᠠᠭᠠᠨ ᠶᠠᠪᠤᠳᠠᠭ ᠮᠦᠡᠭ᠌ᠬᠦᠨ ᠮᠤᠭᠠᠢᠳᠤ᠎ᠶ᠋ᠢᠨ

ᠢᠯᠠᠮ᠎ᠠ᠎ᠨᠢ ᠬᠦᠷᠳᠡᠯ᠎ᠡ ᠪᠠᠯ᠎ᠤᠨ ᠠᠮᠳᠠ᠎ᠲᠠᠢ




ᠬᠠᠳᠠ ᠴᠢᠯᠠᠭᠤᠨ᠎ᠳᠤ ᠴᠢᠨᠢ ᠲᠤᠭ᠍ᠯᠠᠵᠤ ᠦᠰᠦᠭ᠌ᠰᠠᠨ

ᠭᠡᠤᠭᠡᠳ ᠡᠷᠢᠨ᠎ᠢ ᠮᠢᠨᠢ ᠴᠡᠭᠡᠵᠢᠯᠠᠵᠤ ᠪᠠᠢᠨ᠎ᠠ ᠤᠤ?

ᠬᠠᠳᠠᠨ ᠬᠤᠱᠢᠭᠤ ᠶᠢᠰᠤ᠎ᠶ᠋ᠢᠨ ᠬᠤᠸᠨ

ᠬᠠᠯᠠᠭᠤᠨ ᠡᠯᠢᠭᠡᠨ ᠨᠤᠳᠤᠭ ᠮᠢᠨᠢ ᠡ




ᠬᠦᠢᠰᠤ᠎ᠪᠠᠨ ᠠᠳᠡ ᠪᠤᠯᠠᠵᠤ ᠲᠠᠯᠪᠢᠭ᠍ᠰᠠᠨ᠎ᠠᠴᠠ

ᠨᠤᠳᠤᠭ ᠲᠡᠯᠡᠭᠡᠢ᠎ᠲᠠᠢ᠎ᠪᠠᠨ ᠠᠮᠢᠨ᠎ᠤ ᠬᠤᠯᠪᠤᠭ᠎ᠠ᠎ᠲᠠᠢ

ᠬᠦᠮᠦᠨ ᠪᠤᠯᠬᠤ᠎ᠶ᠋ᠢ ᠠᠳᠡ᠎ᠠᠴᠠ ᠡᠬᠢᠯᠡᠭ᠌ᠰᠠᠨ᠎ᠠᠴᠠ

ᠬᠦᠭᠡᠷᠦᠬᠦᠢ ᠤᠳᠤᠷ ᠮᠢᠨᠢ ᠠᠮᠢᠯᠠᠯ᠎ᠤᠨ ᠲᠦᠷᠬᠦ᠎ᠲᠠᠢ




ᠦᠰᠴᠤ᠌ ᠲᠦᠷᠦᠭ᠌ᠰᠠᠨ ᠨᠤᠳᠤᠭ ᠮᠢᠨᠢ

ᠠᠵᠠ ᠵᠠᠶᠠᠭᠠᠨ᠎ᠤ ᠬᠤᠯᠪᠤᠭ᠎ᠠ᠎ᠲᠠᠢ

ᠬᠡᠴᠢᠨᠠᠨ ᠠᠯᠤᠰ ᠶᠠᠪᠤᠭ᠍ᠰᠠᠨ ᠴᠤ᠌

ᠢᠷᠠᠵᠤ ᠪᠤᠴᠠᠬᠤ᠎ᠶ᠋ᠢᠨ ᠲᠠᠪᠢᠯᠠᠩ᠎ᠲᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号