ᠦᠲᠦᠷᠮ᠎ᠠ ᠳᠦᠭᠦᠷᠡᠩ ᠡᠷᠳᠡᠨᠢ ᠰᠢᠰᠢ
2025-11-21 16:40:38
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠠᠮᠤᠷ ᠤ᠋ᠨ ᠰᠡᠭᠦᠯᠴᠢ ᠡᠪᠤᠯ ᠤ᠋ᠨ ᠡᠬᠢ ᠪᠡᠷ ᠪᠦᠬᠦ ᠤᠯᠤᠰ ᠤ᠋ᠨ ᠠᠮᠤ ᠪᠤᠳᠠᠭᠠᠨ ᠤ᠋ ᠭᠠᠷᠤᠯᠳᠠ ᠶ᠋ᠢᠨ ᠲᠤᠮᠤ ᠰᠢᠶᠠᠨ ᠪᠤᠯᠬᠤ ᠤᠯᠠᠭᠠᠨᠬᠠᠳᠠ ᠬᠤᠳᠠ ᠶ᠋ᠢᠨ ᠰᠦᠩᠱᠠᠨ ᠲᠤᠭᠤᠷᠢᠭ ᠤ᠋ᠨ ᠲᠠᠷᠢᠶᠠᠴᠢᠳ ᠡᠷᠳᠡᠨᠢ ᠰᠢᠰᠢ ᠪᠡᠨ ᠳᠡᠯᠭᠡᠵᠦ ᠬᠠᠳᠠᠭᠠᠬᠤ ᠪᠡᠷ ᠶᠠᠭᠠᠷᠠᠯᠳᠤᠨ᠎ᠠ᠃


QQ20251121-103926.png


《ᠡᠨᠡ ᠵᠢᠯ ᠤ᠋ᠨ ᠡᠷᠳᠡᠨᠢ ᠰᠢᠰᠢ ᠶ᠋ᠢᠨ ᠤᠷᠭᠤᠯᠳᠠ ᠰᠠᠢᠨ᠂ ᠮᠤ᠌ ᠪᠦᠷᠢ ᠶ᠋ᠢᠨ ᠤᠨᠠᠯᠳᠠ 1500 ᠭᠠᠷᠤᠢ ᠵᠢᠩ ᠳ᠋ᠤ ᠬᠦᠷᠴᠤ᠂ ᠨᠢᠳᠤᠨᠤᠨ ᠡᠴᠡ 200 ᠵᠢᠩ ᠤᠷᠴᠢᠮ ᠢᠯᠡᠭᠦᠦ ᠬᠤᠷᠢᠶᠠᠵᠠᠢ᠃ ᠰᠠᠢᠬᠠᠨ ᠬᠠᠳᠠᠭᠠᠭᠠᠳ ᠰᠠᠢᠨ ᠦᠨ᠎ᠠ ᠳ᠋ᠤ ᠬᠦᠷᠭᠡᠨ᠎ᠠ ᠳ᠋ᠸ!》 ᠭᠡᠵᠦ ᠰᠦᠩᠱᠠᠨ ᠲᠤᠭᠤᠷᠢᠭ ᠤ᠋ᠨ ᠠᠩᠴᠢᠨ ᠭᠤᠤ ᠪᠠᠯᠭᠠᠰᠤ ᠵᠢᠨ ᠯᠤ᠌ ᠵᠢᠶᠠ ᠶᠢᠩᠽᠢ ᠲᠤᠰᠬᠤᠨ ᠤ᠋ ᠲᠠᠷᠢᠶᠠᠴᠢᠨ ᠴᠧᠨ ᠯᠢ ᠵᠢᠶᠦ᠋ᠨ ᠦᠲᠦᠷᠮ᠎ᠠ ᠳᠦᠭᠦᠷᠡᠩ ᠡᠷᠳᠡᠨᠢ ᠰᠢᠰᠢ ᠪᠡᠨ ᠬᠠᠷᠠᠭᠠᠳ ᠪᠠᠶᠠᠷ ᠲᠠᠢ ᠶᠠᠷᠢᠪᠠ᠃


QQ20251121-103935.png


ᠤᠢᠯᠠᠭᠠᠭᠰᠠᠨ ᠶ᠋ᠢᠡᠷ᠂ ᠡᠨᠡ ᠵᠢᠯ ᠰᠦᠩᠱᠠᠨ ᠲᠤᠭᠤᠷᠢᠭ ᠤ᠋ᠨ ᠲᠠᠷᠢᠶᠠᠴᠢᠳ 100 ᠲᠦᠮᠡᠨ ᠮᠤ᠌ ᠡᠷᠳᠡᠨᠢ ᠰᠢᠰᠢ ᠲᠠᠷᠢᠵᠤ᠂ ᠨᠠᠷᠠ ᠬᠤᠷ᠎ᠠ ᠲᠡᠩᠴᠡᠭᠰᠡᠨ ᠳᠡᠭᠡᠷ᠎ᠠ ᠪᠡᠨ ᠰᠢᠨᠵᠢᠯᠡᠬᠦ ᠤᠬᠠᠭᠠᠨᠴᠢ ᠲᠠᠷᠢᠵᠤ ᠠᠷᠠᠴᠢᠯᠠᠬᠤ ᠮᠡᠷᠭᠡᠵᠢᠯ ᠢ᠋ ᠬᠡᠷᠡᠭᠯᠡᠭᠰᠡᠨ ᠶ᠋ᠢᠡᠷ ᠡᠷᠳᠡᠨᠢ ᠰᠢᠰᠢ ᠶ᠋ᠢᠨ ᠤᠨᠠᠯᠳᠠ ᠨᠢ ᠳᠠᠬᠢᠨᠳᠠ ᠰᠢᠨ᠎ᠠ ᠲᠡᠮᠳᠡᠭᠯᠡᠯ ᠢ᠋ ᠡᠭᠦᠳᠴᠠᠢ᠃ 《ᠮᠠᠨ ᠤ᠋ ᠬᠢ ᠡᠨᠡ ᠵᠢᠯ 200 ᠭᠠᠷᠤᠢ ᠮᠤ᠌ ᠡᠷᠳᠡᠨᠢ ᠰᠢᠰᠢ ᠲᠠᠷᠢᠵᠠᠢ᠂ ᠬᠠᠳᠠᠭᠠᠬᠤ ᠮᠠᠰᠢᠨ ᠲᠠᠢ ᠲᠤᠯᠠ ᠴᠠᠭ ᠴᠠᠭ ᠲᠠᠭᠠᠨ ᠬᠠᠳᠠᠭᠠᠭᠠᠳ ᠬᠦᠮᠦᠷᠭᠡᠯᠡᠵᠦ ᠪᠤᠯᠤᠨ᠎ᠠ᠃ ᠡᠨᠡ ᠵᠢᠯ ᠪᠠᠷᠤᠭ 30 ᠲᠦᠮᠡᠨ ᠲᠦᠭᠦᠷᠢᠭ ᠤ᠋ᠨ ᠴᠡᠪᠡᠷ ᠤᠷᠤᠯᠭ᠎ᠠ ᠤᠯᠤᠨ᠎ᠠ》 ᠭᠡᠵᠦ ᠴᠧᠨ ᠯᠢ ᠵᠢᠶᠦ᠋ᠨ ᠬᠡᠯᠡᠨ᠎ᠠ᠃


    ᠯᠢ ᠹᠦ      ᠸᠠᠩ ᠰᠢᠶᠠᠩ ᠳ᠋ᠦᠩ  ᠭᠡᠷᠡᠯ ᠵᠢᠷᠤᠭ ᠶ᠋ᠢᠡᠷ ᠮᠡᠳᠡᠭᠡᠯᠡᠪᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号