ᠤᠷᠢ ᠵᠠᠯᠠᠭᠤ ᠨᠠᠰᠤ ᠪᠡᠷ ᠵᠢᠡᠨ ᠡᠭᠡ ᠤᠯᠤᠰ ᠵᠢᠡᠨ ᠬᠠᠮᠠᠭᠠᠯᠠᠵᠤ ᠬᠢᠯᠢ ᠬᠢᠵᠠᠭᠠᠷ᠎ᠢᠶᠡᠨ ᠰᠠᠬᠢᠬᠤ ᠪᠣᠯᠣᠳ ᠬᠡᠷᠡᠮ ᠲᠡᠮᠦᠷ ᠬᠠᠨ᠎ᠠ ᠵᠢ ᠪᠠᠳᠤ ᠴᠤᠭᠴᠠᠯᠠᠨ᠎ᠠ
2025-11-20 10:52:09
ᠵᠣᠬᠢᠶᠠᠭ᠍ᠴᠢ᠄
ᠭᠣᠣ ᠮᠢᠨ ᠨᠠ
ᠣᠩᠱᠢᠭ᠍ᠰᠠᠨ ᠣᠳᠠᠭ᠎ᠠ᠄
★★★☆☆

ᠡᠪᠤᠯ ᠤ᠋ᠨ ᠴᠠᠰᠤ ᠴᠢᠮᠡᠬᠡ ᠠᠨᠢᠷ ᠦᠬᠡᠢ ᠯᠠᠪᠰᠠᠯᠠᠨ ᠬᠠᠶᠠᠯᠠᠵᠤ᠂ ᠨᠡᠯᠤᠬᠡᠷ ᠶᠠᠬᠡ ᠣᠢ ᠵᠢᠨ ᠲᠠᠯᠠᠢ ᠳ᠋ᠤ ᠮᠥᠩᠭᠥᠨ ᠲᠠᠪᠠᠯ ᠨᠦᠮᠤᠷᠬᠡᠪᠠ᠃ ᠥᠷᠯᠥᠭᠡ᠎ᠶ᠋ᠢᠨ ᠡᠶᠠᠪᠠᠷᠬᠦᠦ ᠨᠡᠷᠡᠨ᠎ᠢ ᠤᠭᠳᠤᠨ ᠤᠮᠠᠷᠠᠲᠤ ᠬᠡᠰᠡᠭ᠎ᠦᠨ ᠪᠠᠢᠯᠳᠤᠭᠠᠨ᠎ᠤ ᠲᠣᠭᠣᠷᠢᠭ᠎ᠤᠨ ᠬᠠᠭᠤᠷᠠᠶ ᠵᠠᠮ᠎ᠤᠨ ᠴᠡᠷᠢᠭ᠎ᠦᠨ ᠨᠢᠭᠡᠨ ᠪᠠᠷᠢᠭᠠᠳᠠ᠎ᠶ᠋ᠢᠨ ᠰᠠᠨ ᠵᠢᠶᠤᠤ ᠱᠠᠨ  ᠬᠢᠯᠢ ᠎ᠶ᠋ᠢᠨ ᠬᠠᠮᠠᠭᠠᠯᠠᠯᠲᠠ᠎ᠶ᠋ᠢᠨ ᠰᠤᠮᠤᠨ᠎ᠠᠩᠬᠢ ᠵᠢᠨ ᠨᠢᠭᠡᠳᠦᠭᠡᠷ ᠳᠡᠰ᠎ᠤᠨ ᠠᠬᠠᠯᠠᠬᠤ ᠲᠦᠷᠦᠭᠦᠴᠢ ᠸᠠᠩ ᠲᠢᠩ ᠪᠠᠭᠠᠵᠢ ᠬᠡᠷᠡᠭ᠌ᠰᠡᠯ᠎ᠢᠶᠡᠨ ᠠᠯᠢ ᠬᠡᠳᠦᠢᠨ ᠪᠡᠯᠡᠳᠭᠡᠵᠦ ᠠᠮᠵᠢᠨ᠂ ᠴᠠᠭ᠍ᠳᠠᠨ ᠲᠣᠭᠣᠷᠢᠬᠤ ᠬᠤᠪᠢᠶᠠᠷᠢ ᠠᠩᠭᠢ᠎ᠪᠠᠨ ᠳᠠᠭᠠᠭᠤᠯᠤᠨ ᠥᠨᠥᠳᠦᠷ᠎ᠦᠨ ᠴᠠᠭ᠍ᠳᠠᠨ ᠲᠣᠭᠣᠷᠢᠬᠤ ᠵᠠᠮ᠎ᠳ᠋ᠠᠭᠠᠨ ᠮᠤᠷᠳᠠᠯ᠎ᠠ᠃

ᠬᠠᠬᠢᠷ ᠬᠦᠢᠲᠠᠨ ᠤᠯᠠᠷᠢᠯ ᠳ᠋ᠤ᠂ ᠡᠨᠡ ᠬᠦ᠌ ᠡᠩᠨᠡᠭᠡ ᠨᠢ ᠶᠠᠭ ᠯᠠ ᠨᠡᠭᠦᠳᠡᠯ  ᠬᠢᠯᠢ᠎ᠶ᠋ᠢᠨ ᠬᠥᠱᠢᠶ᠎ᠡ ᠮᠡᠲᠦ᠂ ᠨᠡᠯᠦᠭᠡᠷ ᠠᠭᠤᠳᠠᠮ ᠴᠠᠰᠤᠲᠤ ᠲᠠᠯ᠎ᠠ᠎ᠳᠤ ᠦᠨᠡᠨᠴᠢ ᠱᠢᠳᠤᠷᠭᠤ  ᠤᠯᠠ ᠮᠥᠷ᠎ᠢᠶᠡᠨ ᠦᠯᠡᠳᠡᠭᠡᠨ᠎ᠡ᠃

ᠶᠡᠬᠡ ᠬᠢᠩᠭᠠᠨ ᠳᠠᠪᠠᠭ᠎ᠠ᠎ᠶ᠋ᠢᠨ ᠡᠮᠦᠨ᠎ᠡ ᠬᠣᠷᠮᠣᠶ ᠎ᠳᠤ ᠰᠠᠭᠤᠷᠢᠰᠢᠵᠤ ᠪᠦᠬᠦᠢ ᠰᠠᠨ ᠵᠢᠶᠤᠤ ᠱᠠᠨ ᠬᠢᠯᠢ᠎ᠶ᠋ᠢᠨ ᠬᠠᠮᠠᠭᠠᠯᠠᠯᠲᠠ᠎ᠶ᠋ᠢᠨ ᠰᠤᠮᠤᠨ ᠠᠩᠬᠢ ᠨᠢ ᠵᠢᠯ ᠲᠤᠷᠰᠢ ᠳᠤᠮᠳᠠᠳᠤ ᠮᠣᠩᠭᠣᠯ᠎ᠤᠨ ᠬᠢᠯᠢ᠎ᠶ᠋ᠢᠨ ᠵᠠᠭᠤ ᠱᠢᠬᠠᠮ ᠺᠢᠯᠣᠮᠧᠲ᠋ᠷ᠎ᠤᠨ ᠰᠠᠬᠢᠨ ᠬᠠᠮᠠᠭᠠᠯᠠᠬᠤ ᠡᠭᠦᠷᠭᠡ᠎ᠶ᠋ᠢ ᠡᠭᠦᠷᠭᠡᠯᠡᠵᠦ᠍ ᠪᠠᠢᠳᠠᠭ᠃ ᠡᠨᠳᠡ ᠡᠪᠦᠯ ᠎ᠦᠨ ᠤᠯᠠᠷᠢᠯ ᠬᠠᠬᠢᠷ ᠬᠦᠶ᠋ᠲᠡᠨ ᠪᠦᠬᠡᠳ ᠬᠢᠷᠠᠭᠤ ᠥᠬᠡᠶ ᠬᠤᠭᠤᠴᠠᠭ᠎ᠠ ᠨᠢ ᠵᠥᠪᠬᠡᠨ 5 ᠰᠠᠷ᠎ᠠ ᠪᠠᠢᠵᠤ᠂ ᠲᠡᠦᠬᠡ᠎ᠶ᠋ᠢᠨ ᠬᠠᠮᠤᠭ᠎ᠤᠨ ᠲᠤᠤᠷ᠎ᠠ ᠳᠤᠯᠠᠭᠠᠨ ᠤ᠋ ᠬᠡᠮᠵᠢᠶ᠎ᠠ ᠨᠢ ᠲᠡᠭ᠎ᠡᠴᠡ ᠳᠣᠷᠣᠭ᠍ᠰᠢ 52 ᠭᠷᠠᠳᠦ᠋ᠰ᠎ᠲᠦ ᠬᠦᠷᠴᠦ᠍᠂ 11 ᠲᠠᠰ᠎ᠤᠨ ᠶᠡᠬᠡ ᠰᠠᠯᠬᠢ ᠨᠢ ᠨᠠᠩ ᠴᠤ᠌ ᠡᠩ᠎ᠦᠨ ᠦᠵᠡᠭᠳᠡᠯ ᠠᠵᠢ᠃

ᠡᠢᠮᠦᠷᠬᠦᠦ ᠲᠤᠢᠯ᠎ᠤᠨ ᠬᠡᠴᠡᠭᠦᠦ  ᠣᠷᠴᠢᠨ ᠨᠥᠬᠥᠴᠡᠯ ᠨᠢ ᠬᠢᠯᠢ ᠵᠢᠨ ᠬᠠᠮᠠᠭᠠᠯᠠᠯᠳᠠ ᠵᠢᠨ ᠳᠠᠷᠤᠭ᠎ᠠ ᠪᠠᠢᠯᠳᠤᠭ᠍ᠴᠢᠳ᠎ᠤᠨ ᠬᠢᠯᠢ ᠬᠢᠵᠠᠭᠠᠷ᠎ᠢ ᠰᠠᠬᠢᠵᠤ ᠰᠡᠷᠭᠡᠢᠯᠡᠯᠲᠡ᠎ᠶ᠋ᠢ ᠪᠡᠬᠢᠵᠢᠭᠦᠯᠬᠦ᠌ ᠲᠠᠢ᠌ᠴᠢᠨ ᠵᠣᠷᠢᠭ ᠪᠠ ᠡᠷᠡᠰ ᠵᠣᠷᠢᠭ᠎ᠢ ᠨᠡᠩ ᠳᠠᠪᠲᠠᠨ ᠪᠣᠯᠪᠠᠰᠤᠷᠠᠭᠤᠯᠪᠠ᠃

ᠶᠠᠰᠤ ᠶᠠᠩᠭᠢᠨᠠᠮ᠎ᠠ ᠰᠠᠯᠬᠢ ᠴᠢᠬᠢᠨ᠎ᠡ ᠱᠤᠤᠬᠢᠨ᠂ ᠴᠠᠭ᠍ᠳᠠᠨ ᠲᠣᠭᠣᠷᠢᠬᠤ ᠰᠠᠯᠪᠤᠷᠢ ᠠᠩᠭᠢ ᠬᠠᠷᠠᠭᠤᠯ᠎ᠤᠨ ᠭᠠᠵᠠᠷ᠎ᠠᠴᠠ ᠮᠣᠷᠳᠠᠯ᠎ᠠ᠃ ᠡᠭᠦᠷᠭᠡ ᠭᠦᠢᠴᠡᠳᠭᠡᠬᠦ᠌ ᠳᠤᠭᠤᠢᠯᠠᠩ᠎ᠤᠨ ᠳᠠᠷᠤᠭ᠎ᠠ ᠪᠣᠯᠤᠭ᠍ᠰᠠᠨ᠎ᠤ ᠬᠤᠪᠢ᠎ᠳᠤ  ᠸᠠᠩ ᠲᠢᠩ ᠢᠮᠠᠭ᠍ᠲᠠ ᠬᠠᠮᠤᠭ᠎ᠤᠨ ᠡᠮᠦᠨ᠎ᠡ ᠡᠩᠨᠡᠭᠡᠨ᠎ᠳᠦ ᠶᠠᠪᠤᠵᠤ᠂ ᠬᠢᠯᠢ᠎ᠶ᠋ᠢᠨ ᠱᠤᠭᠤᠮ ᠳᠡᠭᠡᠷᠡᠬᠢ ᠡᠪᠡᠰᠦ ᠮᠣᠳᠣ᠎ᠶ᠋ᠢ ᠨᠢᠳᠦ ᠠᠯᠲᠠᠯ ᠦᠬᠡᠢ ᠰᠢᠷᠳᠡᠨ ᠴᠠᠭᠲᠠᠨ᠎ᠠ᠃

《ᠬᠥᠯ ᠲᠤᠤᠷᠠᠬᠢ ᠪᠠᠨ ᠬᠢᠴᠢᠶᠠ᠂  ᠬᠤᠭᠤᠷᠤᠨᠳᠤᠬᠢ ᠵᠠᠶ ᠎ᠪᠠᠨ ᠪᠠᠲᠤᠯᠠ᠂ ᠴᠠᠰᠤ᠎ᠲᠠᠶ ᠡᠳᠦᠷ ᠵᠠᠮ ᠬᠠᠯᠳᠤᠷᠢᠭ᠎ᠠ ᠲᠠᠢ!》ᠬᠡᠵᠤ ᠸᠠᠩ ᠲᠢᠩ  ᠨᠥᠬᠥᠳ᠎ᠲᠡᠭᠡᠨ ᠪᠠᠢᠨ ᠪᠠᠢᠨ ᠰᠠᠨᠠᠭᠤᠯᠵᠤ ᠪᠠᠢᠯ᠎ᠠ᠃ ᠨᠢᠭᠡ ᠴᠠᠭ  ᠬᠠᠲᠠᠭᠤ ᠪᠡᠷᠬᠡᠱᠢᠶᠡᠯ ᠲᠠᠢ ᠠᠶᠠᠯᠠᠵᠤ ᠂ ᠴᠡᠷᠢᠭ ᠠᠩᠭᠢ ᠵᠢᠨ ᠬᠢᠨ  ᠬᠢᠯᠢ᠎ᠶ᠋ᠢᠨ ᠬᠥᠱᠢᠶᠡᠨ ᠲᠡᠭᠡᠷ᠎ᠡ ᠬᠦᠷᠪᠡ᠃ ᠠᠮᠤᠰᠬᠢᠬᠤ ᠵᠠᠭᠤᠷ᠎ᠠ  ᠸᠠᠩ ᠲᠢᠩ ᠪᠡᠶ᠎ᠡ ᠳᠡᠭᠡᠷᠡᠬᠢ ᠬᠤᠷᠠᠭ᠍ᠰᠠᠨ ᠴᠠᠰᠤ᠎ᠪᠠᠨ ᠭᠦᠪᠢᠬᠦ ᠵᠢᠨ ᠲᠠᠭᠠᠤ᠂ ᠵᠠᠯᠠᠭᠤ ᠨᠦᠬᠦᠳ ᠲᠡᠭᠡᠨ ᠬᠢᠯᠢ ᠵᠢᠨ ᠬᠠᠮᠠᠭᠠᠯᠠᠯᠳᠠ ᠲᠤᠮᠳᠠ ᠡᠬᠦᠰᠦᠭᠰᠡᠨ ᠥᠩᠭᠡᠷᠡᠭ᠌ᠰᠡᠨ᠎ᠦ ᠶᠠᠪᠤᠳᠠᠯ᠎ᠤᠳ᠎ᠢᠶᠠᠨ ᠶᠠᠷᠢᠵᠤ ᠦᠭᠪᠠ᠃

《ᠲᠤᠬᠠᠢ᠎ᠶ᠋ᠢᠨ ᠵᠢᠯ᠎ᠤᠳ ᠲᠸ᠋ ᠬᠠᠷᠠᠭᠤᠯ᠎ᠤᠨ ᠭᠠᠵᠠᠷ᠎ᠲᠤ  ᠴᠠᠬᠢᠯᠭᠠᠨ ᠦᠭᠡᠢ᠂  ᠤᠤᠭᠤᠬᠤ᠎ᠤᠰᠤ ᠵᠢ ᠬᠦᠷᠲᠡᠯ᠎ᠡ  ᠵᠥᠭᠡᠭᠡᠪᠦᠷᠢᠯᠡᠬᠦ ᠳ᠋ᠤ ᠲᠦᠱᠢᠭ᠌ᠯᠡᠵᠦ᠍ ᠪᠠᠢᠵᠠᠢ 》 ᠭᠡᠵᠦ᠍ ᠸᠠᠩ ᠲᠢᠩ ᠬᠡᠯᠡᠭ᠌ᠰᠡᠨ᠎ᠢᠶᠡᠨ ᠵᠠᠯᠭᠠᠭᠠᠳ᠂ ᠬᠢᠯᠢ᠎ᠶ᠋ᠢᠨ ᠬᠠᠮᠠᠭᠠᠯᠠᠯᠲᠠ᠎ᠶ᠋ᠢᠨ ᠬᠦᠴᠢᠷ ᠵᠣᠪᠠᠯᠠᠩ᠎ᠢ ᠬᠢᠯᠢ᠎ᠶ᠋ᠢᠨ ᠬᠠᠮᠠᠭᠠᠯᠠᠯᠲᠠ᠎ᠶ᠋ᠢᠨ ᠳᠠᠷᠤᠭ᠎ᠠ ᠪᠠᠢᠯᠳᠤᠭ᠍ᠴᠢᠳ ᠬᠠᠮᠤᠭ᠎ᠤᠨ ᠲᠣᠳᠣᠷᠬᠠᠶ ᠮᠡᠳᠡᠨ᠎ᠡ᠂ 《ᠡᠪᠦᠯ᠎ᠦᠨ ᠤᠯᠠᠷᠢᠯ ᠎ᠳᠤ ᠤᠰᠤ ᠳᠤᠲᠠᠭ᠍ᠳᠠᠬᠤ᠂ ᠤᠰᠤᠨ᠎ᠤ ᠬᠣᠭᠣᠯᠠᠶ ᠬᠥᠯᠳᠡᠬᠦ᠌ ᠶᠠᠪᠤᠳᠠᠯ ᠵᠦᠩᠳᠡᠭᠡᠨ᠃ ᠪᠢᠳᠡ ᠴᠠᠰᠤ ᠬᠠᠢᠯᠤᠭᠤᠯᠵᠤ ᠤᠰᠤ ᠵᠠᠷᠤᠲᠠᠭ ᠪᠠᠢᠭᠰᠠᠨ᠃ ᠬᠠᠯᠠᠭᠤᠨ ᠤᠰᠤ᠎ᠪᠠᠷ ᠪᠡᠶ᠎ᠡ ᠤᠬᠢᠶᠠᠬᠤ ᠪᠣᠯ ᠨᠢᠭᠡ ᠵᠦᠶ᠋ᠯ᠎ᠦᠨ ᠲᠦᠢᠯ᠎ᠤᠨ ᠪᠡᠷᠬᠡ ᠶᠠᠪᠤᠲᠠᠯ ᠮᠦᠨ》ᠬᠡᠪᠡ᠃

ᠡᠨᠳᠡ ᠬᠦᠷᠲᠡᠯ᠎ᠡ ᠶᠠᠷᠢᠭᠰᠠᠨ ᠵᠢᠡᠨ ᠲᠡᠷᠡ᠄ 《ᠨᠠᠮ ᠪᠣᠯᠤᠨ ᠠᠷᠠᠳ ᠲᠦᠮᠡᠨ ᠬᠢᠯᠢ ᠵᠢᠨ ᠬᠠᠮᠠᠭᠠᠯᠠᠯᠳᠠ ᠵᠢ ᠢᠮᠠᠭᠳᠠ ᠰᠠᠨᠠᠭᠠᠯᠵᠠᠵᠤ᠂ ᠲᠠᠰᠤᠷᠠᠯᠳᠠ ᠦᠭᠡᠢ ᠬᠠᠯᠠᠮᠵᠢᠯᠠᠵᠤ ᠢᠷᠡᠭᠰᠡᠨ᠎ᠢᠶᠠᠷ ᠬᠢᠯᠢ᠎ᠶ᠋ᠢᠨ ᠬᠠᠮᠠᠭᠠᠯᠠᠯᠳᠠ᠎ᠵᠢᠨ ᠤᠷᠴᠢᠨ ᠨᠦᠬᠦᠴᠡᠯ ᠡᠳᠦᠷ ᠢᠷᠡᠬᠦᠶ᠎ᠡ ᠰᠠᠢᠵᠢᠷᠠᠪᠠ!》 ᠬᠡᠵᠤ ᠶᠠᠷᠢᠯ᠎ᠠ᠃

ᠤᠢ᠍ᠢᠷ᠎ᠠ᠎ᠶ᠋ᠢᠨ ᠵᠢᠯ᠎ᠡᠴᠡ᠂ ᠡᠯ᠎ᠡ ᠱᠠᠲᠤᠨ᠎ᠤ ᠵᠠᠰᠠᠭ᠎ᠤᠨ ᠣᠷᠳᠣᠨ᠎ᠤ ᠬᠠᠯᠠᠮᠵᠢᠯᠠᠯ ᠳᠡᠮᠵᠢᠯᠭᠡ ᠳᠣᠣᠷ᠎ᠠ ᠰᠤᠮᠤᠨ ᠠᠩᠬᠢ᠎ᠳᠤ ᠯᠤᠳᠤ ᠶᠡᠬᠡ ᠬᠤᠪᠢᠷᠠᠯᠲᠠ ᠭᠠᠷᠪᠠ᠄ ᠱᠢᠨ᠎ᠡ  ᠪᠡᠷ ᠳᠡᠪᠢᠰᠦᠭ᠌ᠰᠡᠨ ᠲᠣᠭᠣᠷᠢᠨ ᠴᠠᠭ᠍ᠳᠠᠬᠤ ᠵᠠᠮ  ᠬᠠᠷᠠᠭᠤᠯ᠎ᠤᠨ ᠴᠡᠭ ᠲᠸ᠋ ᠱᠢᠭᠤᠳ ᠨᠡᠪᠲᠡᠷᠡᠵᠦ᠂ ᠱᠢᠨ᠎ᠡ᠎ᠪᠡᠷ ᠴᠤᠬᠢᠭᠰᠠᠨ ᠬᠤᠳᠳᠤᠭ᠎ᠤᠨ ᠤᠰᠤ ᠲᠤᠩᠭᠠᠯᠠᠭ ᠠᠮᠳᠠᠳᠠᠢ ᠪᠠᠢᠵᠤ᠂ ᠱᠢᠨ᠎ᠡ᠎ᠪᠡᠷ ᠪᠠᠢᠭᠤᠯᠤᠭ᠍ᠰᠠᠨ ᠪᠣᠯᠪᠠᠰᠤᠷᠠᠯ᠎ᠤᠨ ᠲᠠᠯᠠᠪᠠᠢ᠎ᠶ᠋ᠢᠨ ᠲᠥᠬᠥᠭᠡᠷᠦᠮᠵᠢ ᠪᠦᠷᠢᠨ ᠲᠦᠬᠦᠷᠵᠢᠵᠦ᠂ ᠱᠢᠨ᠎ᠡ᠎ᠪᠡᠷ ᠤᠭᠰᠠᠷᠠᠭᠰᠠᠨ ᠬᠢᠨᠠᠨ ᠡᠵᠡᠮᠳᠡᠬᠦ᠌ ᠦᠵᠦᠭᠦᠷᠯᠢᠭ ᠨᠢ ᠪᠦᠬᠦ᠌ ᠡᠳᠦᠷ᠎ᠦᠨ ᠬᠠᠮᠢᠶᠠᠷᠤᠨ ᠡᠵᠡᠮᠳᠡᠬᠦ᠌᠎ᠶ᠋ᠢ ᠪᠡᠶᠡᠯᠡᠭᠦᠯᠪᠡ᠃《ᠠᠬᠠᠮᠠᠳ ᠬᠢᠯᠢ ᠶ᠋ᠢᠨ ᠬᠠᠮᠠᠭᠠᠯᠠᠯᠲᠠ᠎ᠶ᠋ᠢᠨ᠎ᠬᠢᠨ᠎ᠦ ᠰᠠᠨᠠᠭ᠎ᠠ ᠪᠤᠳᠤᠯ ᠳ᠋ᠤ ᠤᠷᠤᠮ᠎ᠠ ᠦᠭᠡᠢ  ᠶᠠᠪᠤᠳᠠᠯ ᠎ᠤᠳ ᠡᠲᠤᠬᠡ ᠴᠥᠮ ᠪᠣᠳᠠᠲᠤ ᠠᠬᠤᠶ ᠪᠣᠯᠵᠤ ᠬᠤᠪᠢᠷᠠᠯ᠎ᠠ》᠃

《ᠡᠷᠳᠡᠮ ᠴᠢᠳᠠᠪᠤᠷᠢ᠎ᠪᠠᠨ ᠲᠠᠪᠳᠠᠨ ᠪᠣᠯᠪᠠᠰᠤᠷᠠᠭᠤᠯᠪᠠᠯ ᠰᠠᠶᠢ ᠰᠡᠷᠭᠡᠢᠯᠡᠯᠲᠡ᠎ᠶ᠋ᠢᠨ ᠱᠤᠭᠤᠮ᠎ᠢ ᠰᠠᠢᠲᠤᠷ ᠰᠠᠬᠢᠵᠤ ᠴᠢᠳᠠᠨ᠎ᠠ》᠃ ᠡᠨᠡ ᠪᠣᠯ ᠰᠤᠮᠤᠨ ᠠᠡᠭ᠌ᠬᠢ᠎ᠶ᠋ᠢᠨ ᠳᠠᠷᠤᠭ᠎ᠠ ᠪᠠᠢᠯᠳᠤᠭ᠍ᠴᠢᠳ᠎ᠤᠨ ᠠᠮᠠᠨ ᠶᠠᠷᠢᠶ᠎ᠠ ᠪᠤᠯᠤᠨ᠎ᠠ᠃ ᠥᠷᠭᠡᠨ ᠤᠯᠠᠨ ᠳᠠᠷᠤᠭ᠎ᠠ ᠪᠠᠢᠯᠳᠤᠭ᠍ᠴᠢᠳ ᠢᠮᠠᠭ᠍ᠲᠠ ᠬᠦᠰᠡᠯ ᠨᠠᠢᠳᠠᠯᠭ᠎ᠠ ᠵᠢ ᠪᠠᠲᠤ ᠴᠡᠭᠡᠵᠢᠯᠡᠵᠦ᠍᠂ ᠬᠢᠯᠢ ᠬᠢᠵᠠᠭᠠᠷ᠎ᠢ ᠦᠨᠡᠨᠴᠢ᠎ᠪᠡᠷ ᠰᠠᠬᠢᠨ ᠬᠠᠮᠠᠭᠠᠯᠠᠵᠤ᠂ ᠡᠷᠳᠡᠮ ᠴᠢᠳᠠᠪᠤᠷᠢ᠎ᠪᠠᠨ ᠰᠢᠯᠢᠳᠡᠭᠵᠢᠬᠦᠯᠵᠦ᠂ ᠰᠡᠷᠭᠡᠢᠯᠡᠯᠲᠡ᠎ᠶ᠋ᠢᠨ ᠱᠤᠭᠤᠮ᠎ᠢ ᠬᠦᠴᠦᠷᠬᠡᠭ᠌ᠵᠢᠭᠦᠯᠬᠦ᠌᠎ᠪᠡᠷ ᠬᠦᠴᠦᠯᠡᠨ ᠴᠢᠷᠮᠠᠢᠨ᠎ᠠ᠃ ᠵᠡᠪᠰᠡᠭ᠌ᠲᠦ ᠬᠦᠴᠦᠨ᠎ᠤ ᠬᠡᠭᠡᠷᠡᠯᠡᠨ ᠪᠠᠢᠯᠳᠤᠬᠤ ᠪᠣᠯᠪᠠᠰᠤᠷᠠᠯ᠂ ᠴᠢᠷᠭ᠎ᠠ ᠵᠢᠯᠣᠭᠣᠳᠭᠤ ᠪᠤᠯᠪᠠᠰᠤᠷᠠᠯ᠂ ᠪᠦᠭᠬᠦᠨ ᠪᠠᠷᠢᠪᠴᠢᠯᠠᠬᠤ ᠪᠣᠯᠪᠠᠰᠤᠷᠠᠯ ᠁ ᠳᠡᠳᠡ ᠴᠠᠭᠠᠷᠠᠭ᠍ᠰᠠᠨ ᠴᠢᠳᠠᠪᠤᠷᠢ᠎ᠪᠠᠷ  ᠬᠢᠯᠢ ᠬᠢᠵᠠᠭᠠᠷ᠎ᠤᠨ ᠤᠯᠠᠨ ᠤᠳᠠᠭᠠᠨ᠎ᠤ ᠬᠠᠤᠯᠢ ᠪᠤᠰᠤ ᠠᠵᠢᠯᠯᠠᠭ᠎ᠠ᠎ᠶ᠋ᠢ ᠠᠮᠵᠢᠯᠲᠠ᠎ᠲᠠᠶ ᠱᠢᠢᠳᠪᠦᠷᠢᠯᠡᠵᠦ᠍᠂ ᠬᠢᠯᠢ ᠬᠢᠵᠠᠭᠠᠷ ᠎ᠤᠨ ᠶᠡᠷᠦᠩᠬᠡᠢᠯᠡᠭ᠌ᠰᠡᠨ ᠰᠡᠷᠭᠡᠢᠯᠡᠨ ᠬᠠᠮᠠᠭᠠᠯᠠᠯᠲᠠ᠎ᠶ᠋ᠢᠨ ᠬᠠᠮᠢᠶᠠᠷᠤᠨ ᠡᠵᠡᠮᠳᠡᠬᠦ᠌ ᠴᠢᠳᠠᠪᠤᠷᠢ ᠎ᠶ᠋ᠢ ᠶᠡᠬᠡ ᠪᠡᠷ ᠳᠡᠭᠡᠭ᠌ᠰᠢᠯᠡᠭᠦᠯᠪᠡ᠃

ᠳᠠᠯᠠᠢ᠎ᠶ᠋ᠢᠨ ᠲᠦᠪᠱᠢᠨ᠎ᠡᠴᠡ ᠮᠢᠩᠭ᠎ᠠ ᠭᠠᠷᠤᠢ ᠮᠸᠲᠷ ᠡᠷᠭᠦᠭ᠌ᠳᠡᠭ᠌ᠰᠡᠨ ᠬᠠᠷᠠᠭᠤᠯ᠎ᠤᠨ ᠠᠰᠠᠷ ᠳᠡᠭᠡᠷ᠎ᠡ᠂ ᠨᠢᠭᠡᠳᠦᠭᠡᠷ ᠳᠡᠰ᠎ᠤᠨ ᠠᠬᠠᠯᠠᠬᠤ ᠲᠦᠷᠦᠭᠦᠴᠢ ᠯᠢ ᠴᠠᠩ ᠶᠤᠸᠠᠢ ᠶᠠᠭ ᠵᠢᠵᠢᠭᠦᠷᠯᠡᠵᠦ᠍ ᠪᠠᠢᠯ᠎ᠠ᠃ ᠲᠡᠭᠦᠨ᠎ᠦ ᠬᠠᠵᠠᠭᠤ ᠳ᠋ᠤ ᠰᠠᠶᠢᠬᠠᠨ ᠰᠤᠮᠤᠨ ᠠᠩᠬᠢ ᠳ᠋ᠤ ᠢᠷᠡᠭᠰᠡᠨ ᠱᠢᠨᠵᠢᠶᠠᠩ᠎ᠤᠨ ᠺᠠᠱᠭᠠᠷ ᠨᠤᠲᠤᠭ᠎ᠲᠠᠶ ᠱᠢᠨ᠎ᠡ ᠴᠡᠷᠢᠭ ᠮᠠᠢᠷᠳᠠᠨ•ᠨᠠᠰᠹ ᠵᠤᠭᠰᠤᠵᠤ ᠪᠠᠢᠯ᠎ᠠ᠂ ᠡᠨᠡ ᠪᠣᠯ ᠲᠡᠭᠦᠨ᠎ᠦ ᠠᠩᠬᠠᠨ᠎ᠤ ᠡᠭᠡᠯᠵᠢ᠎ᠶ᠋ᠢᠨ ᠬᠠᠷᠠᠭᠤᠯ ᠪᠣᠯᠤᠨ᠎ᠠ᠃ ᠬᠠᠵᠠᠭᠤ᠎ᠳᠠᠬᠢ ᠵᠤᠯᠪᠤᠭᠠᠳᠤ ᠵᠠᠯᠠᠭᠤ᠎ᠶ᠋ᠢ ᠬᠠᠷᠠᠭᠠᠳ ᠯᠢ ᠴᠠᠩ ᠶᠤᠸᠠᠢ  ᠤᠯᠠᠨ ᠶᠠᠭᠤᠮ᠎ᠠ ᠪᠤᠳᠤᠵᠤ ᠠᠪᠤᠯ᠎ᠠ᠃

2013 ᠣᠨ᠎ᠤ 9 ᠰᠠᠷ᠎ᠠ᠎ᠳᠤ᠂ ᠡᠬᠡ ᠤᠯᠤᠰ᠎ᠤᠨ᠎ᠢᠶᠠᠨ ᠲᠥᠯᠥᠭᠡ ᠵᠢᠳᠬᠦᠬᠦ᠌ ᠠᠤᠭ᠎ᠠ ᠬᠦᠰᠡᠯᠡᠩ᠎ᠢ ᠡᠪᠦᠷᠯᠡᠨ ᠰᠤᠷᠭᠠᠭᠤᠯᠢ ᠎ᠳᠠᠭᠠᠨ ᠰᠤᠷᠤᠯᠴᠠᠵᠤ ᠪᠠᠢᠭᠰᠠᠨ ᠣᠶᠤᠲᠠᠨ ᠯᠢ ᠴᠠᠩ ᠶᠤᠸᠠᠢ ᠮᠢᠩᠭᠠᠨ ᠭᠠᠵᠠᠷ᠎ᠤᠨ ᠠᠯᠤᠰ ᠲᠡᠬᠢ ᠰᠠᠨ ᠵᠢᠶᠤᠤ ᠱᠠᠨ ᠠᠭᠤᠯᠠᠨ᠎ᠤ ᠬᠢᠯᠢ᠎ᠶ᠋ᠢᠨ ᠬᠠᠮᠠᠭᠠᠯᠠᠯᠲᠠ᠎ᠶ᠋ᠢᠨ ᠰᠤᠮᠤᠨ᠎ᠳᠤ ᠬᠦᠷᠴᠦ᠍ ᠢᠷᠡᠪᠡ᠃ ᠠᠩᠬ᠎ᠠ ᠢᠷᠡᠬᠦ ᠦᠶ᠎ᠡ᠎ᠳᠦ ᠡᠪᠦᠳᠦᠭ ᠲᠤᠯᠤᠮᠠᠷ ᠴᠠᠰᠤ᠂ ᠶᠠᠰᠤ ᠶᠠᠩᠭᠢᠨᠠᠮ᠎ᠠ ᠬᠦᠢᠲᠡᠨ ᠰᠠᠯᠬᠢ ᠲᠡᠭᠦᠨ᠎ᠤ 《ᠪᠡᠶ᠎ᠡ ᠰᠡᠳᠭᠢᠯ᠎ᠢ ᠨᠢ  ᠰᠢᠨᠠᠯᠭᠠᠵᠤ》 ᠪᠠᠢᠯ᠎ᠠ ᠃

ᠭᠡᠪᠡᠴᠦ᠍ ᠰᠤᠮᠤᠨ ᠠᠩᠬᠢ ᠵᠢᠨ ᠬᠠᠯᠠᠭᠤᠨ ᠳᠤᠯᠠᠭᠠᠨ ᠨᠢ ᠲᠡᠭᠦᠨ᠎ᠢ ᠦᠳᠳᠡᠷ ᠲᠦᠷᠭᠡᠨ᠎ᠢᠶᠡᠷ ᠲᠤᠯᠠᠭᠠᠴᠠᠭᠤᠯᠪᠠ᠄ ᠺᠠᠳ᠋ᠷᠴᠤᠳ ᠪᠠᠢᠯᠳᠤᠭᠠᠨ᠎ᠤ ᠮᠣᠷᠢ᠎ᠪᠠᠨ ᠱᠢᠨ᠎ᠡ ᠴᠡᠷᠢᠭ᠎ᠲᠦ ᠤᠨᠤᠭᠤᠯᠵᠤ᠂ ᠱᠢᠨ᠎ᠡ ᠰᠣᠷᠭᠣᠭ ᠵᠢᠮᠢᠰ ᠨᠣᠭᠣᠭ᠎ᠠ᠎ᠶ᠋ᠢ ᠬᠠᠷᠠᠭᠤᠯ᠎ᠤᠨ ᠭᠠᠵᠠᠷ᠎ᠲᠤ ᠬᠦᠷᠭᠡᠵᠦ᠍᠂ ᠬᠠᠯᠠᠭᠤᠨ ᠬᠣᠭᠣᠯᠠ ᠪᠤᠳᠠᠭ᠎ᠠ᠎ᠪᠠᠨ ᠲᠤᠭᠤᠷᠢᠨ ᠴᠠᠭ᠍ᠳᠠᠵᠤ ᠪᠤᠴᠠᠵᠤ ᠢᠷᠡᠭ᠌ᠰᠡᠨ ᠳᠠᠢ᠌ᠴᠢᠨ ᠨᠥᠬᠥᠳ᠎ᠲᠡᠬᠡᠨ ᠦᠯᠡᠳᠡᠭᠡᠵᠦ᠍ ᠥᠭ᠌ᠳᠡᠭ᠃ ᠰᠤᠷᠭᠠᠭᠤᠯᠢ᠎ᠳᠤ ᠱᠢᠯᠭᠠᠭᠤᠯᠬᠤ᠎ᠪᠠᠷ ᠪᠡᠯᠡᠳᠭᠡᠵᠦ᠍ ᠪᠠᠢᠭ᠎ᠠ ᠪᠠᠢᠯᠳᠤᠭ᠍ᠴᠢᠳ  ᠶᠡᠷᠦᠨᠢ ᠢᠯᠡᠭᠦᠦ ᠳᠠᠪᠲᠠᠬᠤ ᠴᠠᠭ᠎ᠲᠠᠶ ᠪᠠᠢᠳᠠᠭ᠂ ᠤᠴᠢᠷ ᠨᠢ ᠡᠨᠳᠡ ᠰᠠᠨᠠᠭᠠᠴᠢᠯᠠᠭ᠎ᠠ᠎ᠠᠴᠠ᠎ᠪᠠᠨ ᠠᠵᠢᠯ ᠎ᠤᠨ ᠪᠠᠢᠷᠢ᠎ᠶ᠋ᠢ ᠣᠷᠣᠯᠠᠬᠤ ᠬᠥᠮᠦᠨ ᠪᠠᠢᠳᠠᠭ; ᠬᠦᠴᠢᠷᠳᠡᠯ᠎ᠳᠦ ᠲᠤᠯᠭᠠᠷᠠᠭ᠍ᠰᠠᠨ ᠳᠠᠷᠤᠭ᠎ᠠ ᠪᠠᠢᠯᠳᠤᠭ᠍ᠴᠢᠳ ᠴᠦ᠍ ᠦᠷᠭᠦᠯᠵᠢ  ᠵᠣᠬᠢᠶᠠᠨ ᠪᠠᠢᠭᠤᠯᠤᠯᠲᠠ᠎ᠶ᠋ᠢᠨ ᠬᠠᠯᠠᠮᠵᠢᠯᠠᠯ ᠎ᠢ ᠬᠦᠷᠳᠡᠵᠤ ᠪᠠᠢᠳᠠᠭ᠂ ᠤᠴᠢᠷ ᠨᠢ ᠰᠤᠮᠤᠨ ᠠᠩᠬᠢ᠎ᠶ᠋ᠢᠨ ᠨᠠᠮ᠎ᠤᠨ ᠡᠭᠦᠷ ᠶᠡᠷᠦᠨᠢ ᠲᠡᠷᠡ ᠳᠠᠷᠤᠢ᠎ᠳᠤᠨᠢ ᠲᠠᠷᠤᠭ᠎ᠠ ᠪᠠᠢᠯᠳᠤᠭᠴᠢᠳ᠎ᠤᠨ ᠬᠦᠴᠢᠷ ᠵᠣᠪᠠᠭᠤᠷᠢ᠎ᠶ᠋ᠢ ᠨᠢ ᠱᠢᠢᠳᠪᠦᠷᠢᠯᠡᠵᠦ᠍ ᠥᠭ᠌ᠲᠡᠭ᠃

2015 ᠣᠨ᠎ᠤ 8 ᠰᠠᠷ᠎ᠠ᠎ᠳᠤ᠂ ᠦᠯᠡᠳᠡᠨ᠎ᠡ ᠤᠤ ᠶᠠᠪᠤᠨ᠎ᠠ ᠎ᠤᠤ  ᠬᠡᠬᠦ ᠰᠤᠩᠭᠤᠯᠲᠠ ᠵᠢᠨ ᠡᠮᠦᠨ᠎ᠡ ᠯᠢ ᠴᠠᠩ ᠶᠤᠸᠠᠢ ᠰᠦᠨᠢᠵᠢᠨ ᠨᠤᠢᠷ ᠬᠤᠯᠵᠢᠵᠤ ᠪᠠᠢᠯ᠎ᠠ᠃ ᠬᠠᠷᠠᠭᠤᠯ᠎ᠤᠨ ᠭᠠᠵᠠᠷ᠎ᠤᠨ ᠴᠣᠩᠬᠣᠨ᠎ᠤ ᠭᠠᠳᠠᠨᠠᠬᠢ ᠲᠡᠷᠭᠡᠯ ᠰᠠᠷᠠᠨ᠎ᠢ ᠱᠢᠷᠲᠡᠬᠦ ᠳ᠋ᠤ ᠬᠣᠶᠠᠷ ᠵᠢᠯ᠎ᠤ᠋ᠨ ᠲᠤᠷᠰᠢᠬᠢ ᠬᠠᠯᠠᠭᠤᠨ ᠲᠤᠯᠠᠭᠠᠨ ᠤᠴᠠᠷᠠᠯ ᠶᠠᠪᠤᠳᠠᠯ ᠨᠢ ᠡᠷᠢᠭᠳᠡᠨ ᠰᠡᠳᠭᠢᠯ᠎ᠢ ᠨᠢ ᠳᠤᠯᠠᠭᠠᠴᠠᠭᠤᠯᠤᠨ᠎ᠠ᠃ 《ᠬᠡᠷᠪᠡ ᠴᠡᠷᠢᠭ ᠠᠩᠭᠢ ᠵᠢᠨ ᠬᠢᠨ ᠶᠡᠬᠡ ᠰᠤᠷᠭᠠᠭᠤᠯᠢ ᠪᠠᠢᠭ᠍ᠰᠠᠨ ᠪᠣᠯ ᠰᠠᠨ ᠵᠢᠶᠤᠤ ᠱᠠᠨ ᠪᠤᠯ 〈985〉 ᠨᠡᠷᠡᠳᠦ ᠶᠡᠭᠡ ᠰᠤᠷᠭᠠᠭᠤᠯᠢ ᠪᠣᠯᠤᠨ᠎ᠠ》᠃ ᠲᠡᠷᠡ ᠬᠣᠶᠠᠷ ᠤᠳᠠᠭ᠎ᠠ ᠰᠤᠷᠭᠠᠭᠤᠯᠢ ᠎ᠶ᠋ᠢᠨ ᠬᠠᠷᠢᠶᠠᠯᠠᠯ ᠵᠢᠠᠨ ᠦᠯᠡᠳᠡᠭᠡᠵᠦ᠍᠂ ᠡᠴᠦᠰ᠎ᠲᠡᠬᠡᠨ ᠬᠢᠯᠢ᠎ᠶ᠋ᠢᠨ ᠪᠣᠭᠣᠮᠲᠠ ᠎ᠳᠤ ᠦᠨᠳᠦᠰᠦᠯᠡᠪᠠ᠃ 13 ᠵᠢᠯ᠎ᠦᠨ ᠲᠤᠷᠰᠢ᠂ ᠠᠩᠬᠢ᠎ᠶ᠋ᠢᠨ ᠳᠠᠷᠤᠭ᠎ᠠ᠎ᠠᠴᠠ ᠠᠵᠤ ᠠᠬᠤᠢ ᠵᠢᠨ ᠲᠠᠷᠤᠭ᠎ᠠ ᠬᠦᠷᠲᠡᠯ᠎ᠡ᠂ ᠪᠢᠴᠢᠭᠡᠴᠢ ᠡᠴᠡ ᠪᠠᠲ᠋ᠯᠢᠶᠣᠨ᠎ᠤ ᠬᠠᠮᠢᠶᠠᠷᠤᠭ᠍ᠴᠢ ᠬᠦᠷᠲᠡᠯ᠎ᠡ᠂ ᠲᠡᠷᠡ ᠤᠯᠠᠨ ᠠᠵᠢᠯ᠎ᠤᠨ ᠪᠠᠢᠷᠢ᠎ᠳᠤ ᠳᠠᠪᠲᠠᠬᠳᠠᠨ ᠪᠣᠯᠪᠠᠰᠤᠷᠠᠵᠤ᠂ ᠠᠯᠢ ᠬᠡᠳᠦᠢᠨ ᠰᠤᠮᠤᠨ᠎ᠠᠩᠬᠢ ᠵᠢᠨ ᠵᠢᠡᠨ ᠭᠣᠣᠯᠯᠠᠭ᠍ᠴᠢ ᠬᠦᠴᠦᠨ ᠪᠣᠯᠵᠠᠢ᠃

ᠰᠤᠮᠤᠨ ᠠᠩᠬᠢ ᠵᠢᠨ ᠡᠭᠦᠳᠡᠨ ᠡᠮᠦᠨ᠎ᠡ᠂ 《ᠰᠡᠳᠭᠢᠯ᠎ᠢ ᠳᠤᠯᠠᠭᠠᠴᠠᠭᠤᠯᠵᠤ ᠬᠥᠮᠦᠨ᠎ᠢ ᠦᠯᠡᠳᠡᠭᠡᠬᠦ᠌ ᠣᠷᠴᠢᠨ ᠨᠦᠬᠦᠴᠡᠯ᠎ᠢ ᠪᠤᠢ ᠪᠣᠯᠭᠠᠶ᠎ᠠ》ᠭᠡᠬᠦ᠌ ᠤᠷᠢᠶ᠎ᠠ ᠨᠢ ᠴᠠᠰᠤᠲᠤ ᠲᠠᠯ᠎ᠠ᠎ᠳᠤ ᠣᠨᠴᠠᠭᠠᠢ ᠢᠯᠡ ᠲᠣᠳᠣ ᠬᠠᠷᠠᠭ᠍ᠳᠠᠨ᠎ᠠ᠃ ᠯᠢ ᠴᠠᠩ ᠶᠤᠸᠠᠢ᠄《ᠡᠨᠳᠡ ᠤᠸ᠋ᠯ ᠳ᠋ᠠᠭᠠᠨ 〈ᠰᠡᠳᠬᠢᠯ᠎ᠢ ᠤᠶᠠᠬᠤ〉ᠬᠡᠰᠡᠨ ᠦᠰᠦᠭ ᠪᠠᠢᠭ᠍ᠰᠠᠨ᠎ᠢᠶᠠᠨ ᠰᠡᠭᠦᠯᠡᠷ ᠨᠢ 〈ᠰᠡᠳᠭᠢᠯ ᠎ᠢ ᠳᠤᠯᠠᠭᠠᠴᠠᠭᠤᠯᠬᠤ〉 ᠭᠡᠵᠦ᠍ ᠬᠠᠯᠠᠵᠠᠶ᠃ ᠨᠢᠭᠡ ᠯᠡ ᠦᠭᠡ᠎ᠶ᠋ᠢᠨ ᠬᠤᠪᠢᠷᠠᠯᠲᠠ ᠨᠢ ᠰᠠᠨ ᠵᠢᠶᠤᠤ ᠱᠠᠨ᠎ᠤ ᠬᠢᠯᠢ᠎ᠶ᠋ᠢᠨ ᠬᠠᠮᠠᠭᠠᠯᠠᠯᠲᠠ᠎ᠶ᠋ᠢᠨ ᠰᠤᠮᠤᠨ᠎ᠠᠩᠬᠢ ᠵᠢᠨ ᠳᠠᠷᠤᠭ᠎ᠠ ᠪᠠᠢᠯᠳᠤᠭ᠍ᠴᠢᠳ᠎ᠤᠨ ᠰᠤᠮᠤᠨ ᠠᠩᠬᠢ᠎ᠪᠠᠷ ᠭᠡᠷ᠎ᠢᠶᠡᠨ ᠪᠣᠯᠭᠠᠵᠤ᠂ ᠬᠢᠯᠢ᠎ᠶ᠋ᠢᠨ ᠬᠠᠮᠠᠭᠠᠯᠠᠯᠲᠠ᠎ᠳᠤ ᠦᠨᠳᠦᠰᠦᠯᠡᠬᠦ᠌ ᠪᠠᠲᠤ ᠴᠢᠩᠭ᠎ᠠ ᠢᠲᠡᠭᠡᠯ ᠪᠢᠱᠢᠷᠡᠯ᠎ᠢ ᠲᠤᠰᠭᠠᠵᠤ ᠪᠠᠢᠭ᠎ᠠ ᠶᠤᠮ》 ᠬᠡᠪᠡ᠃

《ᠬᠤᠨ ᠭᠠᠯᠠᠭᠤ ᠰᠠᠨ ᠵᠢᠶᠤᠤ ᠱᠠᠨ ᠠᠭᠤᠯᠠ᠎ᠪᠠᠷ ᠨᠢᠰᠦᠨ ᠦᠩᠭᠡᠷᠡᠨ᠎ᠡ᠂  ᠬᠠᠷᠠᠭᠤᠯ᠎ᠤᠨ ᠭᠠᠵᠠᠷ᠎ᠤᠨ ᠲᠤᠬᠠᠢ ᠮᠥᠷᠥᠭᠡᠳᠦᠯ᠎ᠢ ᠮᠢᠨᠢ ᠠᠪᠤᠭᠠᠳ ᠤᠴᠢᠨ᠎ᠠ ᠳᠠ ᠁》ᠤᠳᠠᠭ᠎ᠠ ᠪᠦᠷᠢ《ᠬᠠᠷᠠᠭᠤᠯ᠎ᠤᠨ ᠭᠠᠵᠠᠷ᠎ᠤᠨ 〈ᠮᠦᠷᠦᠭᠡᠳᠦᠯ᠎ᠦᠨ ᠮᠣᠳᠣ〉》 ᠵᠢᠨ ᠠᠶᠠᠰ ᠬᠠᠩᠭᠢᠨᠠᠬᠤ ᠪᠡᠷ ᠳᠠᠷᠤᠭ᠎ᠠ ᠪᠠᠢᠯᠳᠤᠭ᠍ᠴᠢᠳ ᠶᠡᠭᠡᠳᠡ ᠰᠡᠳᠬᠢᠯ ᠲᠤᠬᠳᠤᠯᠳᠠᠭ᠃ ᠡᠨᠡ ᠬᠦ᠌ ᠤᠯᠤᠰ ᠬᠡᠷ᠎ᠤᠨ ᠬᠠᠢᠷ᠎ᠠ ᠰᠡᠳᠭᠢᠯᠭᠡ᠎ᠶ᠋ᠢ ᠢᠯᠡᠳᠭᠡᠭ᠌ᠰᠡᠨ ᠠᠶ᠎ᠠ ᠳᠠᠭᠤᠤ᠎ᠳᠤ ᠮᠣᠳᠣ ᠪᠠ ᠬᠥᠮᠦᠨ᠎ᠢ ᠠᠳᠠᠯᠢᠳᠬᠠᠨ ᠵᠦᠢᠷᠯᠡᠵᠦ᠂  ᠬᠥᠮᠦᠨ ᠮᠣᠳᠣ ᠠᠳᠠᠯᠢᠬᠠᠨ ᠵᠢᠡᠷ ᠤᠮᠠᠷᠠᠲᠤ ᠬᠢᠯᠢ᠎ᠳᠦ ᠦᠨᠳᠦᠰᠦᠯᠡᠨ ᠰᠦᠨᠳᠡᠷᠯᠡᠵᠦ ᠬᠢᠯᠢ ᠬᠢᠵᠠᠭᠠᠷ᠎ᠢ ᠪᠠᠳᠤ ᠰᠠᠬᠢᠵᠤ ᠪᠠᠢᠬᠤ ᠵᠢ ᠢᠯᠡᠳᠭᠡᠵᠡᠢ᠃

ᠤᠯᠤᠰ ᠬᠡᠷ᠎ᠤᠨ ᠬᠠᠢᠷ᠎ᠠ ᠰᠡᠳᠭᠢᠯᠭᠡ᠂ ᠡᠬᠦᠨ ᠲᠠᠢ ᠠᠳᠠᠯᠢᠬᠠᠨ ᠵᠢᠡᠷ ᠨᠢᠭᠡ ᠬᠤᠪᠢ ᠭᠡᠷ᠎ᠦᠨ ᠵᠠᠬᠢᠳᠠᠯ ᠳ᠋ᠤ ᠢᠯᠡᠷᠡᠵᠦ ᠪᠤᠢ᠃ ᠲᠦᠷᠦᠭᠦᠬᠡᠨ ᠬᠠᠷᠠᠭᠤᠯ᠎ᠤᠨ ᠭᠠᠵᠠᠷ᠎ᠦᠨ ᠵᠢᠵᠢᠬᠦᠷ᠎ᠤᠨ ᠲᠠᠭᠠᠭᠤᠯᠤᠬ᠍ᠴᠢ ᠨᠢᠭᠡᠳᠦᠭᠡᠷ ᠳᠡᠰ᠎ᠤᠨ ᠠᠬᠠᠯᠠᠬᠤ ᠲᠦᠷᠦᠭᠦᠴᠢ ᠢᠦᠢ ᠬᠣᠩ ᠲᠤᠤ ᠡᠬᠡᠨᠡᠷ᠎ᠦᠨ᠎ᠢᠶᠡᠨ ᠢᠯᠡᠭᠡᠭ᠌ᠰᠡᠨ ᠰᠡᠭᠦᠳᠡᠷ᠎ᠢ ᠲᠤᠰᠴᠤ ᠤᠯᠪᠠ᠄ ᠴᠡᠷᠢᠭ᠎ᠦᠨ ᠬᠤᠪᠴᠠᠰᠤ ᠡᠮᠦᠰᠦᠭ᠌ᠰᠡᠨ ᠡᠬᠡᠨᠡᠷ ᠨᠢ ᠡᠯᠢᠭᠡᠨ ᠳ᠋ᠡᠭᠡᠨ ᠨᠢᠯᠬ᠎ᠠ ᠬᠦᠦ᠍᠎ᠪᠡᠨ ᠲᠡᠪᠡᠷᠢᠨ ᠰᠡᠬᠦᠳᠡᠷᠯᠡᠭᠰᠡᠨ ᠪᠠᠢᠯ᠎ᠠ᠃ ᠰᠡᠭᠦᠳᠡᠷ᠎ᠦᠨ᠎ᠢᠶᠡᠨ ᠠᠷᠤ ᠲᠠᠯ᠎ᠠ᠎ᠳᠤ᠄ 《ᠤᠯᠤᠰ ᠣᠷᠣᠨ᠎ᠢᠶᠠᠨ ᠬᠠᠮᠠᠭᠠᠯᠠᠬᠤ ᠬᠡᠵᠤ ᠴᠢ ᠮᠢᠨᠢ ᠵᠢᠷᠮᠦᠰᠦᠨ ᠬᠤᠭᠤᠴᠠᠭᠠᠨ ᠳ᠋ᠤ ᠮᠠᠨᠢ ᠲᠡᠷᠭᠡᠳᠡ ᠪᠠᠢᠵᠤ ᠴᠢᠳᠠᠭᠰᠠᠨ ᠦᠭᠡᠢ ᠂ ᠦᠨᠤ ᠪᠢ ᠴᠡᠷᠢᠭ᠎ᠦᠨ ᠬᠤᠪᠴᠠᠰᠤ᠎ᠶ᠋ᠢ ᠴᠢᠨᠢ ᠡᠮᠦᠰᠴᠦ᠍᠂ ᠡᠷᠪᠡᠢ ᠬᠦᠦ᠎ᠪᠡᠨ ᠲᠠᠪᠡᠷᠢᠨ ᠮᠠᠨᠠᠢᠬᠢᠨ᠎ᠤ ᠠᠩᠬᠠᠨ᠎ᠤ ᠬᠠᠮᠲᠤ᠎ᠶ᠋ᠢᠨ ᠰᠡᠭᠦᠳᠡᠷ ᠵᠢᠡᠨ ᠲᠠᠳᠠᠭᠤᠯᠤᠯ᠎ᠠ》 ᠭᠡᠵᠦ ᠪᠢᠴᠢᠭᠰᠡᠨ ᠪᠠᠢᠯ᠎ᠠ᠃ ᠭᠠᠷ ᠲᠡᠬᠢ ᠰᠡᠬᠦᠳᠡᠷ ᠎ᠢᠶᠡᠨ ᠤᠳᠠᠳᠠᠯ᠎ᠠ ᠰᠢᠷᠳᠡᠵᠤ᠂ ᠡᠨᠡ ᠬᠦ᠌ ᠭᠠᠩ ᠲᠡᠮᠦᠷ ᠰᠢᠭ ᠡᠷ᠎ᠡ᠎ᠶ᠋ᠢᠨ ᠬᠠᠯᠠ ᠦᠵᠡᠵᠦ᠍ ᠬᠠᠯᠠᠭᠤᠨ ᠴᠢᠯᠠᠭᠤ ᠳᠣᠯᠢᠶᠠᠭ᠍ᠰᠠᠨ ᠴᠢᠷᠠᠶ ᠳ᠋ᠤ ᠨᠢᠯᠪᠤᠰᠤ ᠪᠦᠮᠪᠤᠷᠢᠪᠠ᠃

2023 ᠣᠨ᠎ᠤ ᠴᠠᠭᠠᠨ ᠰᠠᠷ᠎ᠠ᠎ᠳᠤ ᠢᠦᠢ ᠬᠣᠩ ᠲᠤᠤ ᠦᠪᠡᠷ᠎ᠦᠨ ᠲᠤᠷ᠎ᠠ ᠡᠴᠨ ᠪᠠᠨ ᠪᠠᠢᠯᠳᠤᠭᠠᠨ᠎ᠤ ᠪᠠᠢᠷᠢ ᠎ᠳᠠᠭᠠᠨ ᠦᠯᠡᠳᠡᠨ ᠠᠵᠢᠯᠯᠠᠪᠠ᠃ ᠡᠬᠡᠨᠡᠷ ᠰᠦᠨ ᠶᠢᠩ ᠨᠢ  600 ᠭᠠᠷᠤᠢ ᠺᠢᠯᠦᠮᠸᠲᠷ ᠎ᠤᠨ ᠠᠶᠠᠨ ᠵᠠᠮ ᠬᠦᠭᠡᠭᠡᠵᠦ ᠡᠷ᠎ᠠ ᠨᠦᠬᠦᠷ᠎ᠢᠶᠡᠨ ᠡᠷᠬᠢᠨ ᠦᠵᠡᠬᠦ ᠪᠡᠷ ᠷᠠᠱᠢᠶᠠᠨ᠎ᠳᠤ ᠬᠦᠷᠴᠦ ᠢᠷᠡᠵᠡᠢ᠃ ᠡᠨᠳᠡ ᠰᠠᠶᠢᠬᠠᠨ ᠶᠡᠬᠡ ᠴᠠᠰᠤ ᠣᠷᠣᠵᠤ ᠵᠠᠮ ᠭᠥᠯᠢᠭᠡᠷ  ᠬᠠᠯᠳᠤᠷᠢᠭ᠎ᠠ ᠲᠠᠢ ᠪᠤᠯᠬᠤᠷ ᠭᠠᠯᠲᠤ ᠲᠡᠷᠭᠡᠨ ᠥᠷᠲᠡᠭᠡ ᠵᠢᠨ ᠡᠮᠦᠨ᠎ᠡ ᠲᠡᠷᠡ ᠬᠡᠳᠤ ᠤᠳᠠᠭ᠎ᠠ ᠲᠡᠷᠭᠡ ᠲᠠᠭᠤᠳᠠᠭᠰᠠᠨ ᠴᠸ᠋ ᠰᠠᠨ ᠵᠢᠶᠤᠤ ᠱᠠᠨ ᠠᠭᠤᠯᠠᠨ᠎ᠳᠤ ᠬᠦᠷᠬᠦ᠌ ᠬᠦᠮᠤᠨ ᠠᠯᠠᠭ᠎ᠠ ᠪᠠᠢᠯ᠎ᠠ᠃ ᠢᠦᠢ ᠬᠣᠩ ᠲᠤᠤ ᠵᠢᠨ ᠪᠠᠢᠭᠤᠯᠭ᠎ᠠ᠎ᠵᠢᠨ ᠬᠢᠨ ᠡᠨᠡᠬᠦ ᠴᠢᠮᠡᠭᠡ ᠵᠢ ᠰᠤᠨᠤᠰᠤᠭᠰᠠᠨ᠎ᠤ ᠲᠠᠷᠠᠭ᠎ᠠ ᠲᠤᠰᠭᠠᠶ ᠲᠡᠷᠭᠡ ᠲᠣᠮᠢᠯᠠᠨ ᠳᠠᠷᠠᠭ᠎ᠠ ᠡᠳᠦᠷ ᠨᠢ ᠰᠦᠨ ᠶᠢᠨᠭ᠎ᠢ ᠬᠠᠷᠠᠭᠤᠯ ᠎ᠦᠨ ᠭᠠᠵᠠᠷ ᠲᠸ᠋ ᠬᠦᠷᠭᠡᠪᠠ᠃

ᠬᠠᠷᠠᠭᠤᠯ᠎ᠦᠨ ᠭᠠᠵᠠᠷ ᠲᠸ᠋ ᠰᠠᠭᠤᠵᠤ ᠪᠠᠢᠬᠤ ᠬᠤᠭᠤᠴᠠᠭᠠᠨ᠎ᠳ᠋ᠠᠭᠠᠨ ᠰᠦᠨ ᠶᠢᠩ ᠳᠠᠷᠤᠭ᠎ᠠ ᠪᠠᠢᠯᠳᠤᠭ᠍ᠴᠢᠳ᠎ᠦᠨ ᠬᠤᠪᠴᠠᠰᠤ ᠬᠤᠨᠠᠷ ᠎ᠢ ᠨᠢ ᠤᠬᠢᠶᠠᠨ ᠴᠡᠪᠡᠷᠯᠡᠵᠤ᠂ ᠠᠮᠳᠠᠳᠤ ᠬᠤᠭᠤᠯᠠ ᠵᠠᠭᠤᠰᠢ ᠪᠠᠵᠠᠭᠠᠨ ᠦᠭᠴᠤ᠂ ᠶᠠᠭ ᠨᠢᠭᠡ ᠬᠡᠷ᠎ᠦᠨ ᠬᠦᠮᠤᠨ ᠮᠡᠳᠤ ᠲᠤᠳᠤᠨᠤ ᠬᠠᠯᠠᠭᠤᠮᠰᠤᠭ ᠪᠠᠢᠯ᠎ᠠ᠃ ᠰᠠᠨ ᠵᠢᠶᠤᠤ ᠱᠠᠨ ᠠᠭᠤᠯᠠᠨ ᠣᠷᠣᠢ ᠳᠡᠭᠡᠷ᠎ᠡ᠂  ᠢᠦᠢ ᠬᠣᠩ ᠲᠤᠤ ᠰᠦᠨ ᠶᠢᠩ ᠬᠤᠶᠠᠭᠤᠯᠠ 《ᠮᠦᠷᠦᠭᠡᠳᠦᠯ᠎ᠦᠨ ᠮᠣᠳᠣ》 ᠵᠢᠨ ᠡᠮᠤᠨ᠎ᠠ ᠬᠠᠳᠠᠭ ᠪᠠᠷᠢᠵᠤ ᠰᠡᠳᠬᠢᠯ᠎ᠦᠨ ᠦᠭᠡ ᠪᠠᠨ ᠶᠠᠷᠢᠪᠠ᠃ ᠰᠦᠨ ᠶᠢᠩ᠄ 《ᠪᠢ ᠲᠠᠨ᠎ᠤ ᠵᠡᠭᠦᠨ ᠲᠠᠯ᠎ᠠ᠎ᠳᠤ ᠵᠣᠭ᠍ᠰᠣᠶ᠎ᠠ᠂ ᠤᠴᠢᠷ ᠨᠢ ᠲᠠᠨ᠎ᠤ ᠶᠣᠰᠣᠯᠠᠳᠠᠭ ᠪᠠᠷᠠᠭᠤᠨ ᠭᠠᠷ ᠴᠢᠨᠢ ᠡᠬᠡ ᠤᠯᠤᠰ᠎ᠤᠨ ᠬᠢ ᠭᠡᠳᠡᠭ᠎ᠢ ᠪᠢ ᠬᠦᠨ ᠤᠢᠯᠠᠭᠠᠨ᠎ᠠ》 ᠬᠡᠵᠠᠢ᠃

ᠦᠳᠡᠰᠢ᠎ᠶ᠋ᠢᠨ ᠨᠠᠷᠠᠠ ᠪᠠᠷᠠᠭᠤᠨᠰᠢ ᠱᠢᠩᠭᠡᠵᠦ᠍᠂ ᠰᠠᠷᠠᠨ᠎ᠤ ᠭᠡᠷᠡᠯ ᠮᠡᠯᠳᠡᠭᠡᠨᠡᠨ ᠬᠡᠷᠡᠯᠳᠤᠨ᠎ᠠ᠃ ᠪᠠᠰᠠ ᠨᠢᠭᠡᠨ ᠰᠠᠯᠠᠭ᠎ᠠ ᠲᠣᠭᠣᠷᠢᠨ ᠴᠠᠭ᠍ᠳᠠᠬᠤ ᠰᠠᠯᠪᠤᠷᠢ ᠠᠩᠭᠢ  ᠠᠶᠠᠨ ᠳ᠋ᠠᠭᠠᠨ ᠮᠣᠷᠳᠠᠵᠤ᠂ ᠲᠡᠷᠭᠡᠨ ᠳ᠋ᠧᠩ ᠬᠠᠷᠠᠩᠭᠤᠢ᠎ᠶ᠋ᠢ ᠵᠦᠰᠦᠨ᠂ ᠬᠢᠯᠢ᠎ᠶ᠋ᠢᠨ ᠱᠤᠭᠤᠮ᠎ᠢ ᠵᠤᠷᠢᠨ ᠲᠠᠪᠬᠢᠨ᠎ᠠ᠃ ᠤᠯᠤᠰ᠎ᠤᠨ ᠡᠭᠦᠳᠡᠨ᠎ᠳᠦ᠂ 《ᠡᠬᠡ ᠤᠯᠤᠰ ᠮᠢᠨᠦ᠍ ᠰᠡᠳᠭᠢᠯ᠎ᠳᠦ ᠪᠤᠢ》 ᠭᠡᠬᠦ᠌ ᠭᠠᠯ ᠤᠯᠠᠭᠠᠨ ᠲᠤᠮᠤ ᠦᠰᠦᠭ ᠬᠢᠯᠠᠯᠵᠠᠨ᠎ᠠ᠃ ᠡᠨᠡ ᠨᠢ ᠵᠦᠪᠬᠡᠨ ᠴᠢᠯᠠᠭᠤᠨ ᠳᠡᠭᠡᠷ᠎ᠡ ᠰᠡᠢᠯᠦᠭ᠌ᠰᠡᠨ ᠲᠠᠩᠭᠠᠷᠢᠭ ᠪᠢᠰᠢ᠂ ᠨᠠᠩ ᠴᠤ᠌ ᠬᠢᠯᠢ ᠵᠢᠨ ᠬᠠᠮᠠᠭᠠᠯᠠᠯᠳᠠ ᠵᠢᠨ ᠳᠠᠷᠤᠭ᠎ᠠ ᠪᠠᠢᠯᠳᠤᠭ᠍ᠴᠢᠳ᠎ᠤᠨ ᠰᠡᠳᠬᠢᠯ ᠵᠢᠷᠤᠭᠡᠨ᠎ᠳ᠋ᠤ ᠬᠠᠳᠠᠩᠰᠢᠭᠰᠠᠨ ᠢᠲᠡᠭᠡᠯ ᠪᠢᠱᠢᠷᠡᠯ ᠪᠢᠯᠡ᠃ ᠲᠡᠳᠡᠡ᠎ᠤ ᠤᠷᠢ ᠵᠠᠯᠠᠭᠤ ᠨᠠᠰᠤ᠎ᠪᠠᠷ᠎ᠢᠶᠠᠨ ᠲᠠᠪᠳᠠᠨ ᠴᠤᠭᠴᠠᠯᠠᠭᠰᠠᠨ ᠪᠤᠯᠤᠳ ᠬᠡᠷᠡᠮ ᠲᠡᠮᠦᠷ ᠬᠠᠨ᠎ᠠ ᠨᠢ ᠡᠬᠡ ᠤᠯᠤᠰ᠎ᠤᠨ ᠤᠮᠠᠷᠠᠲᠤ ᠬᠢᠯᠢ᠎ᠳᠦ ᠦᠨᠢᠳᠡ ᠰᠦᠨᠳᠡᠷᠯᠡᠵᠦ᠍ ᠂ ᠤᠯᠤᠰ ᠤᠷᠤᠨ ᠪᠠ  ᠠᠷᠠᠳ ᠲᠦᠮᠡᠨ᠎ᠢᠶᠡᠨ ᠰᠠᠬᠢᠨ ᠬᠠᠮᠠᠭᠠᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号