ᠵᠤᠨ᠎ᠤ ᠠᠶᠠᠯᠭᠤ
2025-11-19 11:32:29
ᠵᠣᠬᠢᠶᠠᠭ᠍ᠴᠢ᠄
ᠪᠤᠤ ᠮᠸᠢ ᠷᠦᠩ
ᠣᠩᠱᠢᠭ᠍ᠰᠠᠨ ᠣᠳᠠᠭ᠎ᠠ᠄
★★★☆☆

ᠣᠯᠠᠷᠢᠯ ᠪᠣᠯᠭᠠᠨ ᠦᠪᠡᠷ᠎ᠤᠨ ᠦᠩᠭᠡ᠎ᠲᠠᠢ᠂ ᠣᠯᠠᠷᠢᠯ ᠪᠣᠯᠭᠠᠨ ᠦᠪᠡᠷ᠎ᠤᠨ ᠠᠶᠠᠯᠭᠤ᠎ᠲᠠᠢ᠃ ᠣᠷᠭᠤᠬᠤ᠂ ᠴᠡᠴᠡᠭ᠌ᠯᠡᠬᠦ᠂ ᠦᠷᠡᠯᠡᠬᠦ᠂ ᠵᠤᠯᠭᠠᠷᠠᠬᠤ ᠳᠦᠷᠪᠡᠨ ᠣᠯᠠᠷᠢᠯ᠎ᠤᠨ ᠵᠢᠮ᠎ᠡ᠎ᠶ᠋ᠢ ᠮᠦᠷᠳᠡᠵᠦ᠍᠂ ᠬᠠᠯᠠᠭᠤᠨ ᠬᠦᠢᠲᠡᠨ᠂ ᠳᠣᠯᠠᠭᠠᠨ ᠰᠡᠷᠢᠭᠦᠨ᠎ᠢᠶᠠᠷ ᠡᠨᠡ ᠬᠤᠷᠸ᠎ᠠ ᠠᠩᠭᠢᠯᠠᠵᠣ ᠤᠷᠤᠱᠢᠬᠤ᠎ᠳᠠᠭᠠᠨ ᠬᠠᠪᠣᠷ᠂ ᠵᠤᠨ ᠨᠠᠮᠣᠷ ᠡᠪᠦᠯ ᠬᠡᠵᠦ᠍ ᠨᠢᠭᠡ ᠨᠢᠭᠡᠨ᠎ᠢᠶᠠᠨ ᠵᠠᠯᠭᠠᠨ ᠦᠷᠭᠦᠯᠵᠢᠯᠡᠵᠦ᠍᠂ ᠨᠢᠭᠡ᠎ᠨᠢ ᠨᠦᠭᠦᠭᠡ᠎ᠪᠠᠨ ᠬᠠᠯᠠᠨ ᠡᠷᠭᠢᠭ᠌ᠰᠡᠭᠡᠷ ᠪᠠᠢᠳᠠᠭ ᠪᠢᠯᠡ᠃

ᠳᠡᠯᠭᠡᠷᠡᠬᠦ᠌᠎ᠶ᠋ᠢᠨ ᠨᠣᠭᠤᠭᠠᠨ ᠦᠩᠭᠡ᠂ ᠵᠤᠯᠭᠠᠷᠠᠬᠤ᠎ᠶ᠋ᠢᠨ ᠱᠢᠷᠭᠠᠯ ᠦᠩᠭᠡ᠎ᠶ᠋ᠢ ᠨᠢᠳᠦ ᠪᠠᠭ᠍ᠲᠠᠭᠠᠨ ᠬᠠᠷᠠᠪᠠᠴᠤ᠌ ᠤᠰᠤᠨ᠎ᠤ ᠤᠶᠠᠩᠭ᠎ᠠ᠂ ᠠᠭᠤᠯᠠ᠎ᠶ᠋ᠢᠨ ᠠᠶᠠᠯᠭᠤ᠎ᠶ᠋ᠢ ᠰᠤᠨᠤᠷᠳᠠᠨ ᠪᠠᠶᠠᠰᠣᠭ᠍ᠴᠢ ᠴᠢᠬᠢ ᠪᠠᠢᠭᠠᠯᠢ ᠣᠷᠴᠢᠨ᠎ᠤ ᠳᠠᠭᠤ ᠴᠣᠣᠷᠢᠶ᠎ᠠ᠎ᠶ᠋ᠢ ᠢᠯᠡᠭᠦᠦ ᠮᠡᠳᠡᠷᠡᠨ ᠬᠤᠷᠢᠶᠠᠵᠤ᠂ ᠲᠦᠯᠬᠢᠭᠦᠦ ᠠᠮᠲᠠᠯᠠᠨ ᠪᠠᠶᠠᠰᠴᠣ᠂ ᠵᠢᠷᠦᠬᠡ ᠰᠡᠳᠭᠢᠯ᠎ᠤᠨ ᠬᠦᠭ᠌ᠰᠡᠯ ᠳᠣᠭ᠍ᠳᠣᠯᠣᠯ᠎ᠢ ᠣᠷᠮ᠎ᠠ ᠪᠠᠭ᠍ᠠᠲᠣᠯ᠎ᠤᠨ ᠳᠡᠭᠡᠳᠦ ᠬᠡᠮᠵᠢᠶᠡᠨ᠎ᠳᠤ ᠬᠦᠷᠭᠡᠳᠡᠭ᠎ᠨᠢ ᠳᠠᠭᠤᠨ᠎ᠤ ᠬᠤᠷᠳᠤᠴᠠ ᠦᠩᠭᠡᠨ᠎ᠤ ᠰᠠᠷᠠᠯ᠎ᠠᠴᠠ ᠢᠯᠡᠭᠦᠦ ᠱᠢᠭᠤᠳ ᠵᠢᠷᠦᠬᠡᠨ᠎ᠳᠤ ᠲᠣᠰᠳᠠᠭ᠎ᠤᠨ ᠣᠴᠢᠷ ᠶᠣᠮ ᠦᠦ ᠳ᠋ᠠ? ᠵᠠᠭᠤᠨ ᠵᠠᠭᠤᠨ᠎ᠤ ᠪᠠᠷ᠎ᠠ ᠨᠤᠮᠢᠨ ᠣᠨᠢᠶᠠᠷ ᠬᠦᠱᠢᠭᠡᠯᠡᠵᠦ᠍᠂ ᠬᠦᠮᠦᠨ ᠵᠤᠨ᠎ᠤ ᠪᠠᠶᠠᠷ᠎ᠲᠠᠢ ᠶᠠᠷᠢᠶ᠎ᠠ᠂ ᠬᠦᠷ᠎ᠲᠠᠢ ᠨᠠᠷᠭᠢᠶᠠᠨ᠎ᠠᠴᠠ ᠡᠬᠢᠯᠡᠭᠡᠳ ᠵᠦᠢᠯ ᠵᠦᠢᠯ᠎ᠤᠨ ᠵᠢᠭᠦᠷᠲᠡᠨ ᠱᠢᠪᠠᠭᠤᠳ ᠬᠤᠭᠤᠯᠠᠢ ᠤᠷᠤᠯᠳᠤᠭᠤᠯᠤᠨ᠂ ᠲᠦᠷᠦᠯ ᠲᠦᠷᠦᠯ᠎ᠤᠨ ᠬᠤᠷᠣᠬᠠᠢ ᠱᠢᠪᠠᠵᠢ᠎ᠳᠤ ᠬᠦᠷᠲᠡᠯ᠎ᠡ ᠳᠠᠯᠠᠪᠴᠢ ᠳᠠᠢᠴᠢᠯᠠᠨ ᠦᠪᠡᠷ ᠦᠪᠡᠷ᠎ᠤᠨ᠎ᠢᠶᠠᠨ ᠡᠭᠡᠱᠢᠭ ᠴᠡᠩᠬᠡᠯ᠎ᠢ ᠡᠭᠦᠰᠭᠡᠬᠦ᠌᠎ᠨᠢ ᠵᠤᠨ ᠬᠡᠳᠡᠭ ᠰᠠᠢᠬᠠᠨ ᠣᠯᠠᠷᠢᠯ᠎ᠤᠨ ᠦᠩᠭᠡ᠎ᠨᠢ ᠴᠦ᠍ ᠲᠡᠷᠡ᠂ ᠠᠶᠠᠯᠭᠤ᠎ᠨᠢ ᠴᠦ᠍ ᠲᠡᠷᠡ ᠪᠠᠢᠬᠤ ᠳ᠋ᠠ!

ᠵᠤᠨ᠎ᠤ ᠠᠶᠠᠯᠭᠤ ᠪᠣᠷᠣᠭᠠᠨ᠎ᠠᠴᠠ ᠢᠷᠡᠨ᠎ᠡ᠃ ᠦᠪᠡᠷ᠎ᠤᠨ᠎ᠢᠶᠠᠨ ᠠᠶᠠᠯᠭᠤ᠎ᠶ᠋ᠢ ᠪᠠᠢᠭᠠᠯᠢ᠎ᠠᠴᠠ ᠪᠦᠳᠦᠬᠡᠭ᠌ᠴᠢ ᠵᠤᠨ᠎ᠤ ᠬᠠᠮᠤᠭ ᠰᠣᠳᠣᠨ ᠠᠶᠠᠯᠭᠤ᠎ᠨᠢ ᠪᠣᠷᠣᠭᠠᠨ! ᠴᠠᠢᠷᠠᠬᠤ ᠪᠣᠷᠣᠭᠠᠨ ᠠᠭᠤᠯᠠ ᠲᠠᠯ᠎ᠠ᠂ ᠱᠢᠯᠢ ᠲᠣᠯᠣᠭᠠᠳ ᠳᠠᠮᠵᠢᠨ᠂ ᠡᠪᠡᠰᠦᠨ᠎ᠤ ᠨᠠᠮᠠᠭ᠎ᠠ᠂ ᠮᠤᠳᠤᠨ᠎ᠤ ᠨᠠᠪᠴᠢ᠂ ᠴᠡᠴᠡᠭ᠎ᠤᠨ ᠲᠠᠯᠪᠢ ᠳᠡᠭᠡᠷ᠎ᠡ ᠬᠡᠭᠡᠨ ᠠᠷᠢᠭᠤᠨ ᠲᠤᠰᠤᠯ᠎ᠢᠶᠠᠨ ᠲᠣᠰᠣᠭᠠᠵᠣ᠂ ᠵᠠᠷᠢᠮ᠎ᠳᠠᠭᠠᠨ ᠵᠦᠭᠡᠯᠡᠨ᠂ ᠵᠠᠷᠢᠮ᠎ᠳᠠᠭᠠᠨ ᠱᠢᠷᠦᠭᠦᠨ ᠠᠶᠠᠰ ᠲᠡᠳᠡᠨ᠂ ᠲᠡᠭᠡᠪᠦᠷ ᠲᠤᠪᠱᠢᠬᠤ ᠴᠢᠮᠡᠭᠡ᠎ᠨᠢ ᠬᠦᠷᠲᠡᠯ᠎ᠡ ᠲᠦᠮᠡᠨ ᠠᠭ᠍ᠲᠠ᠎ᠶ᠋ᠢᠨ ᠲᠦᠪᠡᠷᠭᠡᠨ! ᠪᠣᠷᠣᠭᠠᠨ᠎ᠤ ᠠᠶᠠᠯᠭᠤᠨ᠎ᠳᠤ ᠭᠠᠩ ᠬᠠᠭᠤᠷᠠᠢ ᠨᠤᠬᠤᠴᠢᠬ᠍ᠳᠠᠨ ᠳᠠᠷᠣᠭ᠍ᠲᠠᠵᠣ᠂ ᠴᠡᠴᠡᠭ ᠮᠤᠳᠤᠨ᠎ᠤ ᠣᠷᠭᠤᠬᠤ ᠴᠢᠮᠡᠭᠡ ᠬᠦᠷᠲᠡᠯ᠎ᠡ ᠰᠡᠳᠭᠢᠯ᠎ᠤᠨ ᠭᠦᠨ᠎ᠳᠤ ᠰᠤᠨᠤᠰᠳᠠᠮᠠᠷ ᠤᠢᠷᠠᠬᠠᠨ᠃ ᠲᠡᠷᠡᠴᠢᠯᠡᠨ ᠪᠣᠷᠣᠭᠠᠨ᠎ᠤ ᠴᠢᠮᠡᠭᠡ᠎ᠶ᠋ᠢ ᠴᠢᠩᠨᠠᠭᠠᠳ ᠬᠡᠪᠲᠡᠬᠦ᠌᠎ᠳᠤ ᠶᠢᠷᠲᠢᠨᠴᠦ᠍᠎ᠶ᠋ᠢᠨ ᠬᠠᠮᠤᠭ᠎ᠤᠨ ᠰᠠᠢᠬᠠᠨ ᠬᠦᠭ᠌ᠵᠢᠮ ᠰᠤᠨᠤᠷ᠎ᠤᠨ ᠦᠵᠦᠭᠦᠷ᠎ᠲᠤ ᠡᠭᠡᠱᠢᠭ᠌ᠯᠡᠭ᠌ᠳᠡᠵᠦ᠍᠂ ᠨᠣᠢᠲᠠᠨ ᠴᠢᠭᠢᠭ᠌ᠯᠢᠭ ᠠᠮᠢᠰᠭᠤᠭ᠎ᠠ ᠪᠠᠴᠢᠭᠤᠷᠠᠬ᠍ᠰᠠᠨ ᠴᠡᠭᠡᠵᠢ᠎ᠶ᠋ᠢ ᠲᠡᠨᠢᠢᠯᠭᠡᠨ᠂ ᠠᠵᠠ ᠵᠢᠷᠭᠠᠯ᠎ᠤᠨ ᠴᠡᠴᠡᠭ᠎ᠢ ᠠᠬᠤᠢ ᠰᠡᠳᠭᠢᠯ᠎ᠳᠤ ᠢᠷᠠᠭᠤᠬᠠᠨ ᠲᠡᠯᠭᠡᠷᠡᠭᠦᠯᠦᠨ᠎ᠡ᠃ ᠬᠦᠮᠦᠰ ᠡᠨᠡ᠎ᠬᠦ᠌ ᠬᠤᠷᠸ᠎ᠠ ᠤᠶᠠᠰᠭᠠᠭ᠍ᠰᠠᠨ ᠠᠶᠠᠯᠭᠤ᠎ᠶ᠋ᠢ ᠨᠣᠲ ᠪᠣᠯᠭᠠᠨ ᠲᠡᠮᠳᠡᠭ᠌ᠯᠡᠵᠦ᠍᠂ 《ᠵᠦᠰᠡᠷ ᠪᠣᠷᠣᠭᠠᠨ》᠂ 《ᠮᠦᠩᠭᠦᠨ ᠪᠣᠷᠣᠭᠠᠨ》 ᠁ ᠬᠡᠬᠦ᠌ ᠳᠠᠭᠤᠣ᠎ᠨᠤᠭᠤᠳ᠎ᠢ ᠵᠤᠬᠢᠶᠠᠨ ᠪᠦᠳᠦᠭᠡᠭᠡᠳ᠂ ᠰᠡᠳᠭᠢᠯ᠎ᠠᠴᠠ ᠰᠡᠳᠭᠢᠯ᠎ᠳᠤ ᠲᠠᠮᠵᠢᠭᠤᠯᠤᠨ ᠲᠠᠭᠤᠯᠠᠨ᠎ᠠ᠃ ᠪᠣᠷᠣᠭᠠᠨ᠎ᠤ ᠳᠠᠷᠠᠭ᠎ᠠ ᠱᠢᠪᠠᠭᠤᠳ᠎ᠤᠨ ᠳᠠᠭᠤ ᠢᠷᠠᠭᠤ᠂ ᠮᠡᠯᠡᠬᠡᠢ᠎ᠶ᠋ᠢᠨ ᠳᠠᠭᠤᠨ ᠰᠤᠷᠭᠤᠭ᠂ ᠦᠬᠡᠷ ᠮᠠᠯ᠎ᠤᠨ ᠮᠦᠭᠡᠷᠡᠬᠦ᠌ ᠳᠠᠭᠤᠨ ᠲᠣᠳᠣ᠃ ᠳᠠᠭᠤ ᠳᠠᠭᠤᠨ᠎ᠤ ᠲᠣᠮᠳᠠᠭᠤᠷ ᠰᠡᠯᠡᠭᠦᠬᠡᠨ ᠠᠯᠬᠤᠬᠤ ᠬᠦᠮᠦᠨ᠎ᠤ ᠰᠡᠳᠭᠢᠯ ᠨᠡᠩ ᠴᠦ᠍ ᠴᠡᠪᠡᠷ ᠲᠣᠩᠭᠠᠯᠠᠭ᠃

ᠵᠤᠨ᠎ᠤ ᠠᠶᠠᠯᠭᠤ ᠠᠭᠤᠯᠠ ᠲᠠᠯ᠎ᠠ᠂ ᠠᠭᠤᠳᠠᠮ᠎ᠤᠨ ᠬᠢᠵᠠᠭᠠᠷ᠎ᠠᠴᠠ ᠢᠷᠡᠨ᠎ᠡ᠃ ᠬᠠᠶᠠ ᠨᠢᠭᠡ ᠰᠡᠷᠢᠭᠦᠨ ᠦᠳᠡᠰᠢ᠎ᠪᠠᠷ ᠰᠡᠷᠴᠢᠭᠢᠨᠡᠬᠦ᠌ ᠠᠪᠢᠶ᠎ᠠ ᠵᠡᠭᠦᠷᠮᠡᠭ᠌ᠯᠡᠭ᠌ᠰᠡᠨ ᠮᠤᠳᠤᠳ᠎ᠢ ᠰᠡᠷᠢᠭᠡᠨ᠂ ᠬ᠋ᠤᠨᠢᠷᠠᠬ᠍ᠰᠠᠨ ᠡᠪᠡᠰᠦ᠎ᠶ᠋ᠢ ᠰᠡᠷᠪᠡᠯᠵᠡᠭᠦᠯᠦᠨ᠂ ᠪᠦᠭ᠌ᠴᠢᠮᠳᠡᠭ᠌ᠰᠡᠨ ᠰᠡᠳᠭᠢᠯ᠎ᠢ ᠤᠩᠭᠤᠢᠯᠭᠠᠬᠤ᠎ᠨᠢ ᠨᠤᠵᠤᠭᠤᠷᠠᠭ᠍ᠰᠠᠨ ᠬᠠᠯᠠᠭᠤᠨ᠎ᠤ ᠲᠣᠮᠳᠠᠭᠤᠷ ᠲᠡᠮᠡᠦᠯᠵᠦ᠍ ᠢᠷᠡᠭ᠌ᠰᠡᠨ ᠵᠢᠪᠡᠷ᠎ᠤᠨ ᠬᠥᠩᠭᠡᠨ ᠣᠷᠣᠰᠭᠠᠯ᠃ ᠮᠦᠩᠭᠦ᠌ ᠦᠭ᠌ᠭᠦᠭᠡᠳ ᠴᠦ᠍ ᠣᠯᠳᠠᠬᠤ ᠦᠭᠡᠢ ᠲᠡᠢᠮᠦ᠍ ᠨᠢᠭᠡ ᠬᠤᠪᠣᠷᠬᠠᠨ ᠰᠡᠷᠢᠭᠦᠨ ᠠᠮᠢᠰᠭᠤᠯ᠎ᠳᠤ ᠡᠪᠡᠰᠦ ᠨᠣᠭᠤᠭ᠎ᠠ ᠬᠦᠭ᠌ᠰᠡᠨ ᠪᠦᠵᠢᠭ᠌ᠯᠡᠵᠦ᠍᠂ ᠬᠡᠴᠢᠨᠡᠨ ᠡᠳᠦᠷ ᠳᠣᠭᠤᠢ ᠵᠤᠭ᠍ᠰᠤᠭ᠍ᠰᠠᠨ ᠮᠤᠳᠤᠳ᠎ᠤᠨ ᠰᠠᠯᠠᠭ᠎ᠠ ᠨᠠᠮᠠᠭ᠎ᠠ ᠬᠦᠭᠡᠷᠦᠨ ᠪᠡᠶᠡᠯᠡᠬᠦ᠌᠎ᠨᠢ ᠶᠢᠷᠲᠢᠨᠴᠦ᠍᠎ᠶ᠋ᠢᠨ ᠶᠠᠭᠤ ᠪᠦᠬᠦᠨ ᠠᠮᠢ ᠬᠦᠳᠡᠯᠦᠯ᠎ᠢᠶᠠᠨ ᠣᠯᠵᠣ ᠡᠬᠢᠯᠡᠬᠦ᠌ ᠱᠢᠭ᠃ ᠨᠣᠭᠤᠭ᠎ᠠ᠎ᠠᠴᠠ ᠨᠣᠭᠤᠭ᠎ᠠ᠎ᠶ᠋ᠢᠨ ᠠᠶᠠᠯᠭᠤ᠂ ᠴᠡᠴᠡᠭ᠎ᠠᠴᠠ ᠴᠡᠴᠡᠭ᠎ᠤᠨ ᠰᠡᠪᠱᠢᠶ᠎ᠡ᠂ ᠮᠤᠳᠤᠨ᠎ᠠᠴᠠ ᠮᠤᠳᠤᠨ᠎ᠤ ᠠᠪᠢᠶ᠎ᠠ ᠲᠠᠲᠠᠵᠣ᠂ ᠵᠢᠷᠭᠠᠯ᠎ᠲᠠᠢ ᠵᠤᠨ᠎ᠢ ᠵᠢᠷᠭᠠᠯ᠎ᠤᠨ ᠣᠷᠭᠢᠯ᠎ᠳᠤ ᠬᠦᠷᠭᠡᠵᠦ᠍᠂ ᠪᠠᠶᠠᠰᠣᠯ᠎ᠲᠠᠢ ᠮᠦᠴᠡ᠎ᠶ᠋ᠢ ᠪᠠᠶᠠᠰᠣᠯ᠎ᠤᠨ ᠦᠨᠳᠦᠷ᠎ᠲᠤ ᠲᠤᠯᠭᠠᠨ᠎ᠠ᠃

ᠵᠤᠨ ᠪᠣᠯ ᠵᠢᠯ᠎ᠤᠨ ᠳᠦᠷᠪᠡᠨ ᠣᠯᠠᠷᠢᠯ᠎ᠤᠨ ᠳᠣᠮᠳᠠᠬᠢ ᠬᠠᠮᠤᠭ᠎ᠤᠨ ᠭᠤᠸ᠎ᠠ ᠦᠵᠡᠰᠭᠦᠯᠡᠩ᠂ ᠬᠠᠮᠤᠭ᠎ᠤᠨ ᠪᠠᠶᠠᠷ ᠪᠠᠭ᠍ᠠᠲᠣᠯ᠎ᠲᠠᠢ᠂ ᠬᠠᠮᠤᠭ᠎ᠤᠨ ᠠᠭᠤᠵᠢᠭᠤ ᠲᠠᠯᠪᠢᠭᠤ ᠴᠠᠭ᠃ ᠪᠠᠢᠭᠠᠯᠢ ᠳᠡᠯᠡᠬᠡᠢ ᠨᠤᠯ ᠨᠣᠭᠤᠭᠠᠨ᠂ ᠪᠡᠯᠴᠢᠭᠡᠷ ᠣᠰᠣ ᠨᠦᠯ ᠰᠠᠬᠤᠯᠢᠭ᠂ ᠬᠦᠮᠦᠨ᠎ᠤ ᠰᠡᠳᠭᠢᠯ ᠨᠢᠯ ᠵᠢᠷᠭᠠᠯ᠃ ᠬᠤᠨᠢᠨ᠎ᠤ ᠵᠠᠬ᠎ᠠ᠎ᠳᠤ ᠬᠤᠨᠢᠴᠢᠨ ᠬᠦᠦ 《ᠬᠤᠲᠣᠭᠤᠷ ᠳᠦᠭᠦᠷᠡᠩ ᠢᠷᠠᠢᠭ᠍ᠰᠠᠨ ᠬᠤᠨ ᠴᠠᠭᠠᠨ ᠬᠤᠨᠢᠨ ᠰᠦᠷᠦᠭ ᠮᠢᠨᠢ ᠁》 ᠬᠡᠵᠦ᠍ ᠨᠠᠮ ᠠᠶᠠᠯᠭᠤᠯᠠᠨ ᠳᠠᠭᠤᠯᠠᠵᠣ᠂ ᠠᠳᠣᠭᠤ᠎ᠪᠠᠨ ᠤᠰᠤᠨ᠎ᠳᠤ ᠣᠷᠣᠭᠤᠯᠣᠭ᠍ᠰᠠᠨ ᠠᠳᠣᠭᠤᠴᠢᠨ ᠵᠠᠯᠠᠭᠤ 《ᠮᠢᠨᠤ ᠬᠤᠷᠳᠣᠨ ᠬᠦᠯᠦᠭ᠎ᠤᠨ ᠳᠠᠪᠬᠢᠭᠠᠨ᠎ᠳᠤ ᠁》 ᠬᠡᠵᠦ᠍ ᠦᠭᠡ᠎ᠶ᠋ᠢ᠎ᠨᠢ ᠬᠡᠯᠡᠮ᠎ᠡ ᠢᠰᠭᠡᠷᠦᠭ᠌ᠰᠡᠭᠡᠷ ᠴᠡᠴᠡᠭ᠎ᠤᠨ ᠲᠣᠯᠣᠭᠠᠢ ᠶᠦᠷᠭᠡᠭᠦᠯᠦᠨ ᠪᠣᠴᠠᠨ᠎ᠠ᠃ ᠲᠠᠨᠠᠨ ᠴᠠᠭᠠᠨ ᠬᠡᠷ᠎ᠲᠤ ᠠᠢᠷᠠᠭ᠎ᠤᠨ ᠰᠡᠩᠭᠢᠨᠡᠭᠡ᠂ ᠠᠷᠠᠵᠠ᠎ᠶ᠋ᠢᠨ ᠬᠠᠨᠭ᠌ᠬᠤᠯᠤᠬ᠋᠎ᠠ ᠦᠶ᠎ᠡ ᠦᠶ᠎ᠡ ᠦᠳᠭᠡᠷᠡᠨ᠂ ᠡᠪᠦᠭᠡᠳ᠎ᠤᠨ ᠶᠠᠷᠢᠶ᠎ᠠ ᠬᠡᠰᠡᠭ ᠦᠨᠳᠦᠷᠵᠢᠨ᠂ ᠬᠡᠰᠡᠭ ᠨᠠᠮᠳᠠᠨ᠎ᠠ᠃ ᠱᠢᠳᠦᠯᠡᠩ ᠬᠤᠨᠢᠨ᠎ᠤ ᠮᠢᠬ᠎ᠠ᠂ ᠱᠢᠨ᠎ᠡ ᠱᠦᠯᠦᠨ᠎ᠤ ᠦᠨᠦᠷ ᠰᠠᠮᠰᠠ ᠬ᠋ᠤᠪᠤᠭᠤᠨᠠᠭᠤᠯᠤᠨ ᠱᠢᠯᠦᠰᠦ ᠬᠤᠷᠠᠭᠤᠯᠵᠤ᠂ ᠲᠦᠭᠦᠷᠢᠭ ᠱᠢᠷᠡᠭᠡᠨ᠎ᠤ ᠳᠦᠭᠦᠮᠬᠡᠨ ᠨᠠᠢᠷ᠎ᠤᠨ ᠡᠭᠡᠱᠢᠭ ᠲᠣᠭᠤᠨᠣ᠎ᠪᠠᠷ ᠡᠷᠭᠦᠭ᠌ᠳᠡᠨ᠂ ᠬᠠᠨ᠎ᠠ᠎ᠪᠠᠷ ᠲᠠᠯᠠᠷᠠᠵᠣ᠂ ᠡᠪᠡᠰᠦ ᠨᠣᠭᠤᠭᠠᠨ᠎ᠤ ᠨᠠᠮᠠᠭ᠎ᠠ ᠡᠮᠵᠢᠨ᠂ ᠠᠯᠣᠰ ᠲᠡᠢᠰᠢ ᠴᠤᠤᠷᠢᠶᠠᠯᠠᠵᠤ ᠤᠳᠤᠨ᠎ᠠ᠃

ᠵᠤᠨ᠎ᠤ ᠭᠤᠷᠪᠠᠨ ᠰᠠᠷ᠎ᠠ᠎ᠶ᠋ᠢ ᠨᠠᠭᠠᠳᠣᠨ ᠲᠤᠭᠤᠷᠢᠭᠠᠳ ᠪᠠᠷᠠᠴᠢᠬᠠᠶ᠎ᠠ ᠬᠡᠮᠡᠷ ᠲᠤᠭ᠍ᠳᠤᠯᠤᠨ ᠬᠦᠭ᠌ᠰᠡᠭᠡᠬᠦ᠌ ᠴᠠᠭ᠎ᠤᠨ ᠰᠠᠢᠬᠠᠨ᠎ᠳᠤ ᠨᠠᠢᠷ᠎ᠤᠨ ᠬᠦᠷᠢᠶ᠎ᠡ ᠨᠠᠢ᠍ᠮᠠᠨ ᠦᠩᠭᠡ᠎ᠪᠠᠷ ᠰᠣᠯᠣᠩᠭ᠎ᠠ ᠲᠠᠲᠠᠵᠣ᠂ ᠨᠠᠭᠠᠳᠣᠮ ᠴᠡᠩᠬᠡᠯ᠎ᠤᠨ ᠳᠠᠭᠤᠣ ᠬᠤᠭᠤᠷ ᠣᠷᠴᠢᠯᠠᠩ᠎ᠤᠨ ᠰᠤᠨᠤᠷ᠎ᠢ ᠬᠦᠭ᠌ᠵᠢᠭᠡᠨ᠎ᠡ᠃ ᠰᠠᠢᠬᠠᠨ᠎ᠢ ᠪᠠᠭ᠍ᠠᠳᠤᠬ᠍ᠴᠢ᠂ ᠪᠠᠶᠠᠷ᠎ᠢ ᠳᠠᠭᠤᠯᠠᠭ᠍ᠴᠢ᠂ ᠪᠣᠳᠣᠯ᠎ᠢ ᠲᠡᠯᠭᠡᠭᠡᠭ᠌ᠴᠢ ᠳᠣᠭ᠍ᠳᠣᠯᠣᠯ᠎ᠤᠨ ᠲᠤᠶᠠᠭ᠎ᠠ ᠵᠤᠨ᠎ᠤ ᠲᠠᠯ᠎ᠠ᠎ᠶ᠋ᠢ ᠪᠦᠷᠬᠦᠵᠦ᠍᠂ ᠬᠦᠮᠦᠨ ᠠᠷᠠᠳ᠎ᠤᠨ ᠰᠡᠳᠭᠢᠯ ᠴᠠᠭᠠᠨ᠎ᠠ᠎ᠠᠴᠠ᠎ᠪᠠᠨ ᠳᠠᠭᠤᠯᠠᠮᠠᠷ᠂ ᠣᠶᠠᠩᠭᠠᠯᠠᠮᠠᠷ ᠬᠦᠭ᠌ᠵᠢᠬᠦᠨ ᠳᠡᠷᠪᠡᠭᠦᠨ᠃ ᠣᠷᠣᠯᠳᠣᠭᠠᠨ ᠮᠣᠷᠢᠳ᠎ᠤᠨ ᠪᠠᠷᠢᠶᠠᠨ᠎ᠳᠤ ᠤᠢᠷᠠᠳᠬᠤ ᠲᠣᠭᠤᠷᠠᠢ᠎ᠶ᠋ᠢᠨ ᠴᠢᠮᠡᠭᠡᠨ᠎ᠳᠤ ᠴᠢᠰᠣ ᠤᠬ᠍ᠰᠢᠵᠤ᠂ ᠬᠦᠴᠦᠲᠦ ᠪᠦᠬᠡᠴᠦᠳ᠎ᠤᠨ ᠪᠠᠷᠢᠯᠳᠣᠭᠠᠨ᠎ᠳᠤ ᠭᠠᠷᠬᠤ ᠤᠷᠢᠶ᠎ᠠ ᠳᠠᠭᠤᠨ᠎ᠢᠶᠠᠷ ᠵᠢᠷᠦᠬᠡ ᠦᠨᠳᠡᠯᠵᠡᠨ᠂ ᠣᠣᠬᠠᠢ ᠣᠣᠬᠠᠢ᠎ᠶ᠋ᠢᠨ ᠲᠦᠷᠢᠯᠭᠡ ᠦᠶ᠎ᠡ ᠦᠶ᠎ᠡ ᠲᠠᠯᠠᠢ᠎ᠶ᠋ᠢᠨ ᠬᠦᠷᠬᠢᠷᠡᠭᠡᠨ ᠮᠡᠲᠦ ᠲᠦᠯᠬᠢᠯᠡᠨ ᠢᠷᠠᠵᠣ᠂ ᠲᠠᠩᠭᠢᠰ᠎ᠤᠨ ᠳᠠᠪᠠᠯᠭ᠎ᠠ ᠮᠡᠲᠦ ᠲᠠᠲᠠᠷᠠᠨ ᠤᠳᠤᠨ᠎ᠠ᠃ ᠨᠠᠢᠷ᠎ᠲᠤ ᠭᠤᠷᠪᠠᠨ ᠳᠠᠭᠤᠣ᠎ᠲᠠᠢ᠂ ᠨᠠᠭᠠᠳᠣᠮ᠎ᠳᠤ ᠭᠤᠷᠪᠠᠨ ᠳᠠᠪᠠᠭ᠎ᠠ᠎ᠲᠠᠢ᠎ᠶ᠋ᠢᠨ ᠵᠢᠪᠬᠤᠭ᠎ᠠ ᠴᠢᠮᠡᠭ ᠵᠤᠨ᠎ᠤ ᠣᠯᠠᠷᠢᠯ᠎ᠢ ᠣᠯᠠᠮ ᠲᠡᠭᠦᠰ ᠲᠡᠭᠦᠯᠳᠡᠷ ᠪᠣᠯᠭᠠᠨ᠎ᠠ᠃

ᠵᠤᠨ᠎ᠤ ᠠᠶᠠᠯᠭᠤ ᠪᠣᠯ ᠶᠢᠷᠲᠢᠨᠴᠦ᠍᠎ᠶ᠋ᠢᠨ ᠠᠶᠠᠯᠭᠤ᠃ ᠲᠠᠯ᠎ᠠ᠎ᠳᠤ ᠲᠠᠯ᠎ᠠ᠎ᠶ᠋ᠢᠨ ᠠᠶᠠᠯᠭᠤ᠎ᠲᠠᠢ᠂ ᠠᠭᠤᠯᠠᠨ᠎ᠳᠤ ᠠᠭᠤᠯᠠ᠎ᠶ᠋ᠢᠨ ᠴᠢᠮᠡᠭᠡ᠎ᠲᠠᠢ᠃ ᠲᠠᠯ᠎ᠠ ᠠᠭᠤᠯᠠ᠎ᠶ᠋ᠢᠨ᠎ᠢᠶᠠᠨ ᠠᠶᠠᠯᠭᠤ᠎ᠶ᠋ᠢ ᠠᠨᠢᠷᠯᠠᠵᠤ ᠬᠦᠮᠦᠨ᠎ᠤ ᠰᠡᠳᠭᠢᠯ ᠪᠠᠶᠠᠷ᠎ᠤᠨ ᠳᠠᠭᠤᠣ᠎ᠲᠠᠢ᠃ ᠦᠨᠢᠶᠡᠨ ᠵᠡᠯᠡᠨ᠎ᠳᠤ ᠰᠠᠭᠤᠯᠠᠭ᠎ᠠ᠎ᠲᠠᠢ ᠰᠦ ᠮᠡᠯᠮᠡᠯᠵᠡᠬᠦ᠌᠎ᠳᠤ ᠬᠠᠨ᠎ᠠ ᠳᠠᠭᠠᠭ᠍ᠰᠠᠨ ᠬᠦᠬᠦᠷ᠎ᠲᠠᠢ ᠠᠢᠷᠠᠭ ᠱᠣᠣᠭᠢᠨ ᠢᠰᠦᠨ᠎ᠡ᠃ ᠭᠤᠣᠯ᠎ᠤᠨ ᠬᠦᠪᠡᠭᠡᠨ᠎ᠳᠤ ᠭᠠᠩᠭᠠᠩ ᠴᠡᠴᠡᠭ ᠭᠤᠩᠬᠤᠨ ᠲᠤᠬᠢᠯᠵᠠᠬᠤ᠎ᠳᠤ ᠭᠠᠯᠪᠢᠷ ᠽᠠᠨᠳᠠᠨ ᠠᠢᠯ᠎ᠤᠨ ᠬᠡᠣᠬᠡᠨ ᠲᠠᠭᠤᠯᠠᠨ ᠲᠠᠭᠤᠯᠠᠨ ᠦᠰᠦᠨ᠎ᠡ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号