ᠬᠠᠳᠠᠭ᠍ᠰᠠᠨ ᠨᠠᠪᠴᠢᠰ ᠰᠠᠯᠬᠢᠨ᠎ᠤ ᠡᠷᠭᠡ᠎ᠪᠠᠷ ᠦᠷᠪᠦᠯᠵᠡᠨ ᠭᠡᠢᠰᠴᠦ᠍᠂ ᠠᠯᠣᠰᠢ ᠵᠣᠷᠢᠨ ᠣᠳᠭᠤᠨᠠ᠂ ᠦᠬᠢᠨ ᠡᠪᠦᠯ ᠲᠦᠷᠦᠭᠡ ᠬᠠᠪᠢᠷᠣᠨ ᠲᠠᠯ᠎ᠠ ᠨᠣᠳᠤᠭ᠎ᠤᠨ ᠬᠢᠯᠢ ᠲᠠᠪᠠᠵᠦ᠍᠂ ᠵᠦᠢᠯ᠎ᠤᠨ ᠦᠩᠭᠡ᠎ᠪᠠᠷ ᠰᠣᠯᠣᠩᠭᠠᠷᠠᠭ᠍ᠰᠠᠨ ᠬᠦᠨ ᠨᠠᠮᠣᠷ ᠠᠶᠠᠷᠯᠠᠬᠤ ᠲᠣᠷ᠎ᠠ ᠦᠭᠡᠢ ᠡᠷᠬᠢᠨ ᠬᠤᠷᠭᠤᠲᠠᠬᠤᠶ᠋ᠢ ᠬᠠᠮᠢᠶᠠᠷᠣᠯ ᠦᠭᠡᠢ᠂ ᠠᠭᠠᠵᠢᠮᠬᠠᠨ ᠬᠠᠳᠠᠷᠢᠭᠤᠯᠣᠭ᠍ᠰᠠᠭᠠᠷ ᠲᠣᠳᠣᠭ᠍ᠰᠢᠯᠠᠨᠠ᠃ ᠲᠡᠷᠡ᠎ᠪᠠᠷ ᠢᠳᠡ ᠡᠪᠦᠯ ᠱᠢᠭ ᠴᠡᠪᠳᠡᠭ ᠬᠦᠢᠳᠡᠨ ᠪᠢᠰᠢ᠂ ᠨᠠᠮᠣᠷ ᠱᠢᠭ᠋ ᠰᠠᠴᠣᠷᠠᠮᠠ ᠭᠤᠶᠣᠮᠰᠤᠭ ᠪᠢᠰᠢ ᠭᠡᠳᠦᠢ ᠴᠦ᠍᠂ ᠵᠦᠪᠭᠡᠨ ᠲᠡᠬᠦᠨ᠎ᠳᠤ ᠯᠡ ᠪᠠᠢᠳᠠᠭ ᠡᠷᠬᠢᠮᠰᠦᠭ ᠦᠢᠯᠡ ᠬᠦᠳᠡᠯᠦᠯᠢᠶᠠᠷᠢᠶᠠᠨ ᠨᠠᠮᠣᠭᠤᠬᠠᠨ ᠠᠮᠣᠷᠯᠢᠩᠭᠤᠢ ᠲᠠᠯ᠎ᠠ ᠨᠣᠳᠤᠭ᠎ᠤᠨ ᠵᠢᠷᠤᠭ ᠲᠦᠷᠰᠦ᠎ᠶ᠋ᠢ ᠪᠦᠳᠦᠭᠡᠨ ᠪᠠᠢᠯ᠎ᠠ᠃
ᠦᠷᠯᠦᠭᠡ ᠴᠣᠩᠬᠤ᠎ᠪᠠᠨ ᠰᠡᠬᠦᠬᠦ᠌᠎ᠳᠤ᠂ ᠮᠦᠯᠢᠬᠦᠨ ᠠᠭᠠᠷ ᠰᠡᠷᠴᠢᠬᠢᠨᠡᠨ᠂ ᠠᠭᠤᠰᠭᠢ ᠵᠢᠷᠦᠭᠡ᠎ᠶ᠋ᠢ ᠵᠢᠩᠳᠡᠬᠦᠯᠦᠨᠡ᠃ ᠬᠤᠯᠠ᠎ᠶ᠋ᠢᠨ ᠠᠭᠤᠯᠠᠰ ᠱᠢᠩᠭᠡᠨ ᠮᠠᠨᠠᠨ᠎ᠳᠤ ᠬᠤᠴᠢᠭ᠍ᠳᠠᠨ ᠪᠦᠷᠳᠦᠢᠵᠦ᠍᠂ ᠦᠢᠷ᠎ᠠ ᠵᠠᠭᠤᠷ᠎ᠠ᠎ᠶ᠋ᠢᠨ ᠮᠣᠳᠣᠳ ᠠᠩᠬᠠᠨ᠎ᠤ ᠴᠡᠯ ᠨᠣᠭᠤᠭᠠᠨ ᠦᠩᠭᠡ᠎ᠪᠠᠨ ᠠᠯᠳᠠᠨ᠂ ᠨᠢᠴᠦᠬᠦᠨ ᠰᠠᠯᠠᠭ᠎ᠠ ᠮᠦᠴᠢᠷ᠎ᠨᠢ ᠰᠠᠯᠬᠢᠨ᠎ᠠ ᠡᠷᠪᠡᠯᠵᠠᠨ ᠰᠠᠵᠢᠯᠠᠵᠦ᠍᠂ ᠡᠭᠡᠭᠡ ᠯᠡ ᠴᠠᠭ ᠬᠤᠭᠤᠴᠠᠭᠠᠨ᠎ᠤ ᠬᠠᠢᠷ᠎ᠠ ᠨᠠᠢᠷ ᠦᠭᠡᠢ ᠲᠠᠯᠬᠢᠳᠠᠯ᠎ᠳᠤ ᠭᠤᠮᠣᠳᠠᠯ ᠲᠣᠭᠠᠴᠢᠵᠦ᠍ ᠪᠠᠢᠮᠠᠷᠬᠠᠨ᠃ ᠭᠠᠭ᠍ᠴᠠᠬᠠᠨ ᠭᠤᠣᠯ ᠡᠬᠦᠳᠡᠨ᠎ᠤ ᠵᠡᠬᠦᠨᠳᠡᠭᠡ ᠰᠦᠨᠳᠡᠷᠯᠡᠭ᠌ᠰᠡᠨ ᠡᠪᠦᠭᠡᠨ ᠱᠠᠩᠰᠢ ᠯᠡ ᠵᠦᠷᠢᠬᠦᠳᠯᠡᠨ ᠵᠣᠷᠢᠮᠠᠭ᠍ᠯᠠᠵᠦ᠍᠂ ᠰᠡᠷᠢᠬᠦᠭᠡᠨ ᠲᠠᠭᠠᠳᠠᠢ ᠨᠠᠮᠣᠷ᠎ᠢᠶᠠᠨ ᠦᠨᠢᠳᠡ ᠬᠤᠴᠣᠷᠭᠠᠬᠤ ᠭᠡᠰᠡᠨ ᠮᠡᠳᠦ᠂ ᠱᠢᠷᠠᠯᠠᠭ᠍ᠰᠠᠨ ᠬᠡᠳᠦᠨ ᠨᠠᠪᠴᠢᠰ᠎ᠢᠶᠠᠨ ᠣᠨᠠᠭᠠᠵᠦ᠍ ᠲᠦᠪᠳᠡᠯ ᠦᠭᠡᠢ ᠰᠠᠯᠬᠢ ᠰᠦᠷᠦᠨ ᠰᠦᠨᠳᠡᠷᠯᠡᠨ᠎ᠡ᠃
ᠲᠡᠭ᠌ᠷᠢ᠎ᠶ᠋ᠢᠨ ᠬᠢᠵᠠᠭᠠᠷ᠎ᠢ ᠵᠣᠷᠢᠨ ᠰᠣᠨᠣᠯᠵᠠᠭ᠍ᠰᠠᠨ ᠴᠠᠷᠳᠠᠮᠠᠯ ᠵᠠᠮ᠎ᠢ ᠬᠦᠪᠡᠭᠡᠳᠡᠨ ᠠᠯᠭᠤᠷᠬᠠᠨ ᠠᠯᠬᠤᠯᠠᠬᠤ᠎ᠳᠤ᠂ ᠬᠦᠰᠡᠷᠳᠡᠭ᠌ᠰᠡᠨ ᠨᠠᠪᠴᠢᠰ ᠬᠦᠯ ᠲᠣᠣᠷ᠎ᠠ ᠱᠠᠵᠢᠬᠢᠨᠠᠵᠦ᠍᠂ ᠡᠭᠡᠭᠡ ᠯᠡ ᠦᠬᠢᠨ ᠡᠪᠦᠯ᠎ᠤᠨ ᠬᠦᠭ ᠠᠶᠠᠯᠭᠤᠨ᠎ᠢᠶᠠᠷ ᠡᠭᠡᠱᠢᠭ᠌ᠯᠡᠭ᠌ᠳᠡᠨ ᠪᠣᠢ ᠮᠡᠳᠦ᠃ ᠠᠯᠳᠠᠨ ᠱᠢᠷᠭᠠᠯ᠂ ᠬᠦᠢᠬᠡᠨ ᠪᠣᠷᠣ᠂ ᠬᠦᠨ ᠣᠯᠠᠭᠠᠨ ᠦᠩᠭᠡ ᠪᠦᠬᠦᠢ ᠶᠠᠩᠵᠦ᠍ ᠪᠦᠷᠢ᠎ᠶ᠋ᠢᠨ ᠨᠠᠪᠴᠢᠰ ᠵᠠᠮ ᠪᠦᠳᠡᠳᠡᠯᠡ ᠣᠨᠠᠵᠦ᠍᠂ ᠲᠡᠯᠭᠡᠭ᠌ᠰᠡᠨ ᠨᠣᠣᠰᠣᠨ ᠲᠠᠩᠰᠠ ᠮᠡᠳᠤ᠃ ᠨᠢᠭᠡ᠎ᠶ᠋ᠢ ᠲᠡᠬᠦᠨ ᠠᠪᠴᠦ᠍ ᠨᠠᠷᠢᠪᠴᠢᠯᠠᠨ ᠱᠢᠨᠵᠢᠵᠦ᠍᠂ ᠭᠡ ᠣᠭᠠᠯᠵᠠᠶ᠋ᠢᠨᠢ ᠰᠣᠨᠢᠷᠠᠬ᠍ᠨ ᠱᠠᠭ᠍ᠰᠢᠷᠠᠬᠤᠳᠤ᠂ ᠡᠭᠡ ᠪᠠᠢᠭᠠᠯᠢ᠎ᠶ᠋ᠢᠨ ᠣᠷ᠎ᠠ ᠣᠩᠭᠤᠳ᠎ᠲᠤ ᠰᠦᠵᠢᠷᠡᠬᠦ᠌ ᠪᠣᠳᠣᠯ ᠠᠶᠠᠨ᠎ᠳᠠᠭᠠᠨ ᠲᠦᠷᠦᠭ᠌ᠳᠡᠨᠡ᠃ ᠵᠢᠷᠣᠭ᠍ᠴᠢᠨᠤ ᠪᠢᠷ᠎ᠢᠶᠠᠷ ᠣᠷᠠᠯᠠᠵᠦ᠍ ᠡᠰᠡ ᠲᠡᠢᠯᠬᠦ᠌ ᠰᠣᠳᠠᠰᠦ ᠬᠡᠶ᠋ᠢᠨᠢ ᠠᠶᠠᠷᠬᠠᠨ ᠢᠯᠪᠢᠬᠦᠶ᠎ᠡ᠂ ᠲᠡᠷᠡᠬᠦ᠌ ᠬᠠᠯᠠ ᠦᠵᠡᠵᠦ᠍ ᠬᠠᠳᠠ ᠲᠣᠯᠢᠶᠠᠭ᠍ᠰᠠᠨᠤ ᠲᠠᠷᠠᠭᠠᠬᠢ ᠨᠡᠮᠡᠬᠦᠨ ᠵᠦᠭᠡᠯᠡᠭᠡᠨ ᠵᠠᠩ ᠴᠢᠨᠠᠷ ᠬᠢᠭᠡᠳ ᠡᠷᠡᠰ ᠬᠠᠳᠠᠭᠤ ᠵᠣᠷᠢᠭ ᠰᠠᠨᠠᠭ᠎ᠠ᠎ᠨᠢ ᠲᠡᠮᠳᠡᠷᠢᠭ᠌ᠳᠡᠨᠡ᠃ ᠠᠮᠢ ᠨᠠᠰᠣᠨ᠎ᠤ ᠣᠷᠴᠢᠯ ᠬᠡᠵᠦ᠍ ᠨᠠᠪᠴᠢ ᠮᠡᠳᠦ ᠬᠠᠪᠣᠷ᠎ᠢᠶᠠᠷ ᠰᠣᠶᠣᠭᠠᠯᠠᠨ᠂ ᠵᠣᠨ᠎ᠢᠶᠠᠷ ᠪᠠᠳᠠᠷᠠᠨ᠂ ᠨᠠᠮᠣᠷ᠎ᠢᠶᠠᠷ ᠭᠡᠷᠡᠯᠳᠦᠨ᠂ ᠡᠪᠦᠯ᠎ᠢᠶᠠᠷ ᠱᠢᠷᠦᠢᠳᠠᠨ᠂ ᠡᠨᠡ ᠮᠡᠳᠦ᠍ᠪᠠᠷ ᠲᠠᠬᠢᠨ ᠲᠠᠪᠳᠠᠨ ᠡᠷᠬᠢᠯᠳᠦᠵᠦ᠍᠂ ᠰᠦᠨᠦᠰᠢ ᠦᠭᠡᠢ ᠦᠷᠬᠦᠯᠵᠢᠯᠡᠬᠦ᠌ ᠪᠠᠢᠬᠤ ᠡ ᠬᠡᠵᠦ᠍ ᠪᠣᠳᠣᠬᠤ᠎ᠳᠤ᠂ ᠶᠠᠭᠤ ᠨᠢᠭᠡᠨ᠎ᠳᠤ ᠪᠣᠯᠣᠭ᠍ᠰᠠᠨ ᠭᠠᠨᠢᠷᠬᠠᠯ ᠮᠠᠨᠢ ᠣᠷᠣᠮ ᠦᠭᠡᠢ ᠠᠷᠴᠢᠭ᠍ᠳᠠᠨᠠ᠃
ᠬᠠᠵᠠᠭᠤ ᠬᠠᠪᠢ᠎ᠪᠠᠷ ᠰᠦᠯ ᠡᠪᠡᠰᠦᠨ᠎ᠤ ᠬᠠᠳᠠᠭ᠍ᠰᠠᠨ ᠱᠢᠯᠪᠢ ᠲᠡᠮᠡᠢᠯᠡ ᠭᠤᠵᠣᠯᠵᠠᠵᠦ᠍᠂ ᠦᠩᠭᠡᠷᠡᠭ᠌ᠰᠡᠨ᠎ᠤ ᠠᠮᠢᠯᠠᠯ ᠪᠠᠳᠠᠷᠠᠭ᠍ᠰᠠᠨ ᠦᠩᠭᠡ ᠪᠣᠳᠤᠭ᠎ᠨᠢ ᠭᠡᠳᠦᠢᠨ ᠠᠯᠠᠭ᠎ᠠ ᠪᠣᠯᠵᠠᠢ᠃ ᠨᠡᠷ᠎ᠡ᠎ᠨᠢ ᠦᠯᠦ᠍ ᠣᠯᠳᠠᠬᠤ ᠭᠡᠭᠡᠷ᠎ᠡ᠎ᠶ᠋ᠢᠨ ᠴᠡᠴᠡᠭᠡᠰ ᠣᠭᠤᠨ ᠭᠡᠷᠡᠯ ᠬᠢᠯᠪᠠᠭ᠎ᠠ᠎ᠪᠠᠨ ᠠᠯᠳᠠᠭ᠍ᠰᠠᠨ ᠪᠣᠯᠪᠠᠴᠦ᠍ ᠠᠷᠠᠢ ᠬᠤᠬᠢᠷᠠᠭᠠ ᠦᠭᠡᠢ᠂ ᠰᠠᠯᠬᠢᠨ᠎ᠤ ᠠᠶ᠎ᠠ᠎ᠪᠠᠷ ᠭᠠᠩᠬᠤᠨ᠎ᠠ᠃ ᠡᠷᠪᠡᠬᠡᠢ ᠵᠦᠭᠡᠢ ᠮᠡᠳᠦ᠍᠎ᠶ᠋ᠢᠨ ᠱᠢᠪᠠᠵᠢ ᠪᠠᠷ᠎ᠠ ᠲᠠᠰᠣᠷᠠᠵᠦ᠍᠂ ᠭᠤᠯᠢᠶᠠ ᠬᠡᠳᠦᠢᠨ ᠵᠢᠷᠬᠢᠬᠦ᠌ᠪᠠᠨ ᠪᠣᠯᠢᠭᠠᠳ᠂ ᠡᠷᠬᠢᠨ ᠲᠣᠭᠤᠷᠢᠨ ᠡᠯᠦᠢ ᠬᠤᠯᠣᠢ᠃ ᠬᠡᠶ᠎ᠡ᠂ ᠡᠯᠦᠢ ᠬᠤᠯᠣᠢᠨᠢ ᠦᠭᠡᠷ᠎ᠡ ᠨᠢᠭᠡᠨ ᠵᠦᠢᠯ᠎ᠤᠨ ᠭᠤᠸ᠎ᠠ ᠰᠠᠢᠬᠠᠨ᠎ᠢ ᠠᠭᠤᠯᠵᠦ᠍ ᠪᠣᠢ᠃ ᠰᠠᠯᠬᠢᠨ ᠪᠣᠷᠣᠭᠠᠨ᠎ᠢ ᠲᠣᠭᠤᠯᠣᠭ᠍ᠰᠠᠨᠤ ᠲᠠᠷᠠᠭᠠᠬᠢ ᠠᠭᠠᠵᠢᠭᠤ ᠲᠠᠯᠪᠢᠭᠤᠬᠠᠨ ᠪᠠᠢᠳᠠᠯ᠎ᠢ ᠬᠦᠮᠦᠰ᠎ᠲᠤ ᠠᠶᠠᠨ᠎ᠳᠠᠭᠠᠨ ᠣᠯᠭᠤᠵᠦ᠍᠂ ᠨᠠᠮ ᠵᠢᠮ ᠬᠢᠭᠡᠳ ᠠᠨᠢᠷ ᠠᠯᠣᠰ᠎ᠤᠨ ᠰᠡᠷᠡᠭ᠌ᠳᠡᠯᠢ ᠲᠣᠯᠳᠣᠨᠤ ᠬᠦᠨ᠎ᠠᠴᠠ ᠬᠦᠪᠦᠷᠡᠬᠦᠯᠦᠨᠡ᠃
ᠣᠭ᠍ᠳᠠᠷᠭᠤᠢ ᠮᠦᠨ ᠦᠬᠢᠨ ᠡᠪᠦᠯ᠎ᠤᠨ ᠠᠭᠤᠷ ᠠᠮᠢᠰᠭᠤᠯ᠎ᠳᠤ ᠬᠤᠴᠢᠭ᠍ᠳᠠᠨ᠂ ᠨᠠᠷᠠ ᠪᠣᠴᠠᠯᠳᠠ᠎ᠶ᠋ᠢᠨ ᠱᠣᠭᠤᠮ᠎ᠠᠴᠠ ᠠᠯᠣᠰᠷᠠᠵᠦ᠍᠂ ᠲᠣᠪ ᠲᠣᠩᠭᠠᠯᠠᠭ ᠪᠣᠯᠵᠠᠢ᠃ ᠲᠣᠭᠤᠰᠦ ᠲᠣᠷᠳᠤᠭ ᠦᠭᠡᠢ ᠪᠣᠯᠳᠠᠯ᠎ᠠ ᠣᠬᠢᠶᠠᠭ᠍ᠳᠠᠭ᠍ᠰᠠᠨ ᠴᠡᠩᠬᠡᠷ ᠬᠠᠳᠠᠭ ᠮᠡᠳᠦ ᠦᠵᠦᠬᠦᠷ ᠬᠢᠵᠠᠭᠠᠷ ᠦᠭᠡᠢ ᠦᠷᠬᠦᠯᠵᠢᠯᠡᠵᠦ᠍᠂ ᠨᠡᠬᠦᠳᠡᠯ᠎ᠤᠨ ᠱᠢᠪᠠᠭᠤᠳ ᠲᠡᠭᠡᠰᠦᠯᠡᠨ ᠨᠢᠰᠴᠦ᠍ ᠣᠳᠭᠤᠳᠠᠭᠠᠨ ᠴᠠᠩᠬᠢᠨᠠᠭ᠍ᠰᠠᠨ ᠲᠠᠭᠤᠨ᠎ᠢᠶᠠᠨ ᠬᠤᠴᠣᠷᠭᠠᠨ᠂ ᠰᠠᠯᠣᠯᠳᠠᠶ᠋ᠢᠨ ᠡᠷᠭᠡᠨ᠎ᠳᠤ ᠣᠢᠳᠭᠠᠷᠯᠠᠨ ᠦᠨᠦᠴᠢᠷᠡᠭ᠌ᠰᠡᠨ ᠣᠭ᠍ᠳᠠᠷᠭᠤᠢᠪᠠᠨ ᠠᠮᠢᠵᠢᠷᠠᠯ᠎ᠤᠨ ᠦᠩᠭᠡ ᠠᠶᠠᠰ᠎ᠢᠶᠠᠷ ᠬᠤᠷᠣᠮ ᠴᠦ᠍ ᠭᠡᠰᠡᠨ ᠴᠢᠮᠡᠬᠦ᠌ ᠭᠡᠰᠡᠨ ᠮᠡᠳᠦ᠃ ᠬᠤᠱᠢᠭᠤᠷᠠᠨ ᠵᠢᠭ᠌ᠳᠡᠷᠡᠵᠦ᠍᠂ ᠣᠷᠢᠨ ᠲᠣᠯᠠᠭᠠᠨ ᠦᠷᠣᠨᠡᠳᠠᠬᠢᠨᠢ ᠵᠣᠷᠢᠵᠦ᠍᠂ ᠨᠢᠰᠴᠦ᠍ ᠬᠤᠯᠠᠳᠠᠬᠤ ᠪᠠᠷ᠎ᠠ᠎ᠨᠢ ᠬᠦᠮᠦᠰ᠎ᠲᠤ 《ᠡᠳᠦᠷ ᠬᠤᠨᠤᠭ ᠬᠠᠷᠪᠣᠭ᠍ᠰᠠᠨ ᠰᠣᠮᠣ ᠮᠡᠳᠦ》 ᠭᠡᠬᠦ᠌ ᠦᠭᠡ᠎ᠶ᠋ᠢ ᠡᠷᠭᠡ ᠦᠭᠡᠢ ᠰᠠᠨᠠᠭ᠍ᠳᠠᠭᠤᠯᠬᠤ ᠠᠵᠢ᠃
ᠠᠢᠪᠣᠭᠤ ᠲᠠᠢᠪᠣᠭᠤᠬᠠᠨ ᠠᠯᠬᠤᠯᠠᠭ᠍ᠰᠠᠭᠠᠷ ᠨᠠᠭᠤᠷ᠎ᠤᠨ ᠬᠦᠪᠡᠭᠡᠨ᠎ᠳᠤ ᠬᠦᠷᠬᠦᠶ᠎ᠡ᠂ ᠢᠷᠣᠭᠠᠷ᠎ᠨᠢ ᠢᠪ ᠢᠯᠡᠭᠡᠨ ᠬᠠᠷᠠᠭ᠍ᠳᠠᠬᠤ ᠲᠣᠩᠭᠠᠯᠠᠭ ᠨᠠᠭᠤᠷ᠎ᠤᠨ ᠣᠰᠣᠨᠠ ᠡᠷᠬᠢᠨᠤ ᠮᠣᠳᠣᠳ ᠬᠢᠭᠡᠳ ᠲᠡᠭ᠌ᠷᠢ᠎ᠶ᠋ᠢᠨ ᠲᠣᠩᠭᠤᠷᠣᠣ ᠲᠦᠷᠰᠦ ᠲᠣᠪ ᠲᠣᠳᠣᠬᠠᠨ᠃ ᠲᠣᠭ᠍ᠳᠠᠭᠤᠬᠠᠨ ᠮᠡᠯᠮᠡᠯᠵᠡᠬᠦ᠌ ᠨᠠᠭᠤᠷ᠎ᠤᠨ ᠲᠦᠪᠱᠢᠨ ᠲᠣᠯᠢ ᠮᠡᠳᠦ᠂ ᠦᠴᠦᠭᠡᠨ ᠴᠦ᠍ ᠲᠠᠪᠠᠯᠭ᠎ᠠ ᠲᠣᠯᠬᠢᠶ᠎ᠠ ᠦᠭᠡᠢ᠃ ᠰᠠᠯᠬᠢ ᠭᠡᠰᠡᠭ ᠭᠡᠰᠡᠭ ᠲᠦᠷᠰᠦᠬᠦᠢᠳᠡᠵᠦ᠍᠂ ᠣᠰᠣ ᠱᠦᠷᠬᠦᠭᠡᠭᠡᠳ ᠦᠩᠭᠡᠷᠡᠬᠦ᠌᠎ᠳᠤ᠂ ᠲᠦᠯᠭᠡᠨ ᠨᠠᠭᠤᠷ ᠠᠷᠯᠠᠨ ᠮᠢᠷᠠᠯᠵᠠᠵᠦ᠍᠂ ᠲᠣᠩᠭᠤᠷᠣᠣ ᠲᠦᠷᠰᠦ᠎ᠶ᠋ᠢ ᠪᠠᠯᠠᠷᠬᠠᠢᠱᠢᠭᠤᠯᠣᠨᠠ᠃ ᠬᠦᠪᠡᠭᠡᠨ᠎ᠳᠡᠬᠢ ᠬᠤᠯᠣᠰᠦ ᠵᠡᠭᠡᠰᠦ ᠴᠦ᠍ ᠨᠠᠢᠭᠤᠨ ᠭᠠᠩᠬᠤᠵᠦ᠍᠂ ᠴᠠᠪ ᠴᠠᠭᠠᠬᠠᠨ ᠬᠤᠯᠣᠰᠣᠨ ᠰᠠᠬᠠᠯ ᠵᠠᠳᠠᠷᠠᠨ ᠭᠡᠢᠰᠴᠦ᠍᠂ ᠴᠠᠰᠣᠨ ᠴᠡᠴᠡᠭ ᠮᠡᠳᠦ ᠠᠭᠠᠭ᠍ᠳᠠᠢᠬᠠᠨ ᠪᠦᠵᠢᠨ᠎ᠡ᠃ ᠲᠡᠳᠡ ᠨᠠᠷᠠᠨ᠎ᠤ ᠭᠡᠷᠡᠯᠳᠤ ᠮᠦᠩᠭᠦᠨ ᠴᠠᠭᠠᠨ ᠭᠡᠷᠡᠯ ᠦᠢᠯᠭᠠᠵᠦ᠍᠂ ᠴᠢᠪ ᠴᠢᠯᠳᠡᠩ ᠨᠠᠭᠤᠷ᠎ᠤᠨ ᠦᠷᠦᠴᠡ᠎ᠶ᠋ᠢ ᠣᠶᠠᠨ ᠬᠠᠳᠠᠨ ᠠᠭᠤᠷ ᠠᠮᠢᠰᠭᠤᠯ᠎ᠢᠶᠠᠷ ᠵᠦᠭᠡᠯᠡᠯᠡᠨ ᠪᠠᠢᠯ᠎ᠠ᠃
ᠦᠳᠡ ᠬᠡᠯᠪᠡᠢᠭ᠌ᠰᠡᠨ ᠨᠠᠷᠠ ᠵᠠᠯᠬᠠᠭᠤᠳᠠᠢᠬᠠᠨ ᠦᠷᠭᠡᠯᠡᠵᠦ᠍᠂ ᠬᠠᠯᠠᠭᠤᠨ ᠲᠣᠯᠠᠭᠠᠨ ᠢᠯᠴᠢ᠎ᠪᠠᠷ᠎ᠢᠶᠠᠨ ᠡᠭᠡ ᠭᠠᠵᠠᠷ᠎ᠤᠨ ᠡᠯᠢᠭᠡ᠎ᠶ᠋ᠢ ᠪᠦᠯᠢᠶᠡᠰᠭᠡᠨᠡ᠃ ᠡᠪᠦᠯᠵᠢᠶᠡᠨᠤ ᠠᠢᠯ᠎ᠤᠳ᠎ᠤᠨ ᠬᠤᠯᠠᠩ᠎ᠠᠴᠠ ᠱᠢᠩᠬᠡᠨ ᠣᠳᠤᠭ᠎ᠠ ᠰᠣᠭᠤᠨᠠᠭ᠍ᠯᠠᠵᠦ᠍᠂ ᠬᠤᠳᠠᠨ᠎ᠳᠤ ᠬᠤᠨᠢ ᠢᠮᠠᠭ᠎ᠠ ᠮᠠᠢᠯᠠᠯᠳᠣᠨᠠ᠃ ᠵᠠᠷᠢᠮ ᠵᠠᠷᠢᠮ ᠠᠢᠯ᠎ᠤᠨ ᠬᠠᠱᠢᠶᠠᠨ᠎ᠳᠤ ᠣᠪᠣᠭᠠᠲᠠᠢ ᠡᠷᠳᠡᠨᠢ ᠱᠢᠰᠢ ᠱᠢᠷ᠎ᠠ ᠠᠯᠳᠠ ᠮᠡᠳᠦ ᠭᠡᠷᠡᠯᠳᠦᠨ ᠬᠢᠯᠠᠢᠵᠦ᠍᠂ ᠭᠠᠯ ᠣᠯᠠᠭᠠᠨ ᠬᠠᠯᠠᠭᠤᠨ ᠨᠣᠭᠤᠭᠠᠨ᠎ᠤ ᠬᠡᠯᠬᠢᠶᠡᠰᠦ ᠬᠠᠨᠠᠨ ᠲᠡᠭᠡᠷ᠎ᠡ᠎ᠨᠢ ᠡᠯᠭᠦᠭ᠌ᠳᠡᠵᠦ᠍᠂ ᠦᠬᠢᠨ ᠡᠪᠦᠯ᠎ᠳᠤ ᠬᠠᠯᠠᠭᠤᠨ ᠲᠣᠯᠠᠭᠠᠬᠠᠨ ᠦᠩᠭᠡ ᠪᠣᠳᠤᠭ ᠨᠡᠮᠡᠷᠢᠯᠡᠨ᠎ᠡ᠃ ᠮᠠᠯ ᠣᠨᠣᠭᠠᠨ᠎ᠳᠠᠭᠠᠨ ᠶᠠᠭᠠᠷᠠᠭ᠍ᠰᠠᠨ ᠬᠦᠮᠦᠰ ᠬᠠᠶᠠ ᠬᠠᠶᠠ ᠵᠦᠷᠢᠵᠦ᠍ ᠭᠠᠷᠬᠤ᠎ᠳᠠᠭᠠᠨ 《ᠨᠢᠭᠡᠯᠡ ᠲᠣᠣᠷ᠎ᠠ ᠬᠦᠢᠳᠡᠷᠡᠴᠢᠬᠡᠵᠡᠢ》 ᠬᠡᠮᠡᠨ ᠭᠠᠢᠬᠠᠨ ᠦᠬᠦᠯᠡᠯᠳᠦᠬᠦ᠌ᠳᠤ᠂ ᠬᠡᠳᠦ ᠬᠡᠳᠦᠨ ᠦᠳᠡᠬᠦᠰ ᠰᠠᠷᠠᠪᠴᠢᠨ᠎ᠤ ᠲᠣᠣᠷ᠎ᠠ ᠨᠠᠷᠠ ᠡᠭᠡᠭᠡᠵᠦ᠍᠂ ᠬᠡᠬᠡᠷ᠎ᠡ᠎ᠶ᠋ᠢᠨ ᠵᠣᠭᠤᠭ ᠲᠡᠯᠭᠡᠨ᠎ᠡ᠃ ᠦᠩᠭᠡᠷᠡᠭ᠌ᠰᠡᠨ᠎ᠢᠶᠠᠨ ᠲᠣᠷᠠᠰᠣᠨ ᠦᠭᠡᠯᠡᠬᠦ᠌ᠳᠤᠨᠢ᠂ 《ᠴᠠᠭ ᠶᠠᠭᠠᠬᠢᠬᠤ᠎ᠶ᠋ᠢᠨ ᠠᠷᠭ᠎ᠠ ᠦᠭᠡᠢ ᠬᠤᠷᠳᠣᠨ ᠦᠩᠭᠡᠷᠡᠵᠡᠢ ᠳ᠋ᠠ》 ᠭᠡᠰᠡᠨ ᠬᠠᠷᠠᠮᠰᠠᠯ ᠢᠯᠡᠭᠡᠨ ᠴᠣᠬᠤᠯᠵᠠᠨ ᠠᠪᠠᠴᠦ᠍᠂ ᠦᠷ᠎ᠡ ᠬᠡᠣᠭᠡᠳ᠂ ᠠᠳᠠᠯ ᠠᠮᠢᠳᠣᠷᠠᠯ᠎ᠢᠶᠠᠨ ᠶᠠᠷᠢᠬᠤ᠎ᠳᠤᠨᠢ 《ᠮᠦᠨ ᠴᠦ᠍ ᠵᠢᠷᠭᠠᠯᠳᠠᠢ ᠡᠷᠢᠨ ᠡ》 ᠭᠡᠰᠡᠨ ᠬᠠᠨᠣᠮᠵᠢ ᠲᠠᠢᠪᠣᠰᠢᠷᠠᠯ ᠴᠢᠷᠠᠢ ᠲᠦᠬᠦᠷᠡᠩ ᠪᠢᠯᠬᠠᠵᠦ᠍ ᠪᠠᠢᠯ᠎ᠠ᠃
ᠡᠩᠭᠡ ᠲᠠᠢᠪᠣᠩ ᠬᠦᠳᠡᠭᠡ ᠬᠡᠬᠡᠷ᠎ᠡ᠎ᠪᠠᠷ ᠵᠣᠷᠴᠢᠬᠤ᠎ᠳᠤ᠂ ᠰᠡᠳᠭᠢᠯ ᠲᠦᠯᠭᠡᠨ ᠨᠠᠭᠤᠷ ᠮᠡᠳᠦ ᠮᠡᠯᠮᠡᠷᠡᠭᠡᠳ᠂ ᠠᠵᠢᠯ ᠠᠯᠪᠠ᠂ ᠠᠳᠠᠯ ᠠᠮᠢᠳᠣᠷᠠᠯ᠎ᠤᠨ ᠲᠣᠬᠠᠢ ᠣᠴᠠᠭᠠᠷ ᠪᠣᠬᠢᠨᠢᠳᠣᠯ ᠰᠠᠯᠬᠢ᠎ᠲᠠᠭᠠᠨ ᠬᠡᠢᠰᠴᠦ᠍ ᠣᠳᠣᠭᠠᠳ᠂ ᠨᠠᠮ ᠵᠢᠮ ᠬᠢᠭᠡᠳ ᠠᠮᠣᠷ ᠠᠮᠣᠭᠤᠯᠠᠩ᠎ᠳᠤ ᠠᠪᠳᠠᠨ ᠠᠭ᠍ᠰᠠᠭᠠᠷ᠂ ᠬᠡᠨᠡᠳᠳᠡ ᠵᠢᠭᠡᠬᠦᠰᠭᠦ ᠮᠡᠳᠦ ᠰᠠᠨᠠᠭ᠍ᠳᠠᠬᠤᠪᠠᠷ᠂ ᠲᠡᠷᠢᠬᠦᠨ ᠡᠷᠬᠦᠨ ᠲᠦᠷᠪᠡᠨ ᠵᠦᠭ᠎ᠢ ᠠᠵᠢᠭ᠍ᠯᠠᠯᠠ᠃ ᠪᠦᠷᠦᠢ᠎ᠶ᠋ᠢᠨ ᠨᠠᠷᠠ ᠶᠠᠭ ᠯᠡ ᠢᠴᠢᠮᠡᠭᠡᠢ ᠭᠡᠣᠭᠡᠨ ᠱᠢᠭ ᠲᠣᠯᠣᠭᠠᠳ᠎ᠢᠶᠠᠷ ᠨᠢᠭᠤᠷ᠎ᠢᠶᠠᠨ ᠬᠠᠯᠬᠠᠯᠠᠵᠦ᠍᠂ ᠲᠣᠯ ᠶᠠᠭᠠᠨ ᠦᠩᠭᠡ ᠣᠭ᠍ᠳᠠᠷᠭᠤᠢᠶ᠋ᠢ ᠬᠤᠴᠢᠨ ᠪᠠᠢᠯ᠎ᠠ᠃ ᠲᠡᠳᠡᠭᠡᠷ ᠵᠣᠷᠪᠣᠰ ᠵᠣᠷᠪᠣᠰ ᠣᠯᠠᠭᠠᠨ ᠦᠩᠭᠡ᠎ᠨᠢ ᠬᠦᠨ᠎ᠠᠴᠠ ᠬᠦᠢᠭᠡᠨ ᠲᠡᠢᠰᠢ ᠱᠢᠯᠵᠢᠵᠦ᠍᠂ ᠲᠠᠰ ᠲᠠᠪᠬᠤᠷᠭ᠎ᠠ ᠠᠩᠬᠢᠳᠠ ᠲᠣᠳᠣᠷᠬᠠᠢ᠂ ᠬᠤᠯᠠ᠎ᠶ᠋ᠢᠨ ᠠᠭᠤᠯᠠᠰ ᠬᠢᠭᠡᠳ ᠦᠢᠷ᠎ᠠ᠎ᠶ᠋ᠢᠨ ᠮᠣᠳᠣᠳ᠎ᠲᠠᠢ ᠬᠠᠮᠳᠣᠷᠠᠨ᠂ ᠠᠳᠠᠪᠠᠰᠢ ᠦᠵᠡᠰᠭᠦᠯᠡᠩ ᠵᠢᠷᠤᠭ᠎ᠤᠨ ᠨᠢᠭᠤᠷ᠎ᠢ ᠪᠦᠳᠦᠬᠡᠵᠦ᠍ ᠬᠠᠷᠠᠭ᠎ᠠ ᠪᠣᠯᠢᠶᠠᠨ᠎ᠠ᠃ ᠣᠨᠠᠬᠤ ᠨᠠᠷᠠᠨ᠎ᠤ ᠲᠣᠶᠠᠭ᠎ᠠ ᠠᠰᠭᠠᠷᠠᠨ᠂ ᠲᠦᠮᠡᠨ ᠪᠣᠳᠠᠰ᠎ᠲᠤ ᠠᠯᠳᠠᠨᠤ ᠦᠩᠭᠡ᠎ᠲᠠᠢ ᠨᠢᠮᠬᠡᠨ ᠱᠠ ᠨᠦᠮᠦᠷᠭᠡᠨ᠂ ᠣᠷᠴᠢᠯᠠᠩ ᠲᠡᠯᠡᠭᠡᠢ ᠵᠡᠬᠦᠳᠦ ᠵᠡᠷᠭᠡᠯᠬᠡᠨᠤᠬᠢ ᠮᠡᠳᠦ ᠪᠣᠯᠵᠠᠢ᠃ ᠣᠯᠠᠪᠢᠷ ᠲᠣᠶᠠᠭ᠎ᠠ ᠠᠭᠠᠵᠢᠮ᠎ᠢᠶᠠᠷ ᠪᠦᠳᠡᠭᠢᠷᠡᠨ᠂ ᠣᠭ᠍ᠳᠠᠷᠭᠤᠢ᠎ᠶ᠋ᠢᠨ ᠦᠩᠭᠡ ᠣᠯᠠᠮ᠎ᠢᠶᠠᠷ ᠬᠦᠨᠱᠢᠵᠦ᠍᠂ ᠡᠴᠦᠰ᠎ᠲᠡᠭᠡᠨ ᠬᠦᠨ ᠴᠡᠩᠭᠡᠷ ᠪᠣᠯᠣᠯ᠎ᠠ᠃ ᠲᠠᠱᠢᠬᠤ ᠨᠠᠷᠠ ᠭᠠᠵᠠᠷ᠎ᠤᠨ ᠲᠦᠪᠱᠢᠨ᠎ᠠᠴᠠ ᠭᠤᠯᠭᠤᠷᠢᠨ ᠪᠠᠭᠤᠵᠦ᠍᠂ ᠠᠯᠮᠠᠩ ᠰᠠᠷ᠎ᠠ ᠠᠯᠭᠤᠷᠬᠠᠨ ᠲᠡᠭᠡᠭᠱᠢᠯᠡᠯᠡ᠃
ᠪᠦᠷᠦᠢ ᠬᠦᠱᠢᠭᠡ᠎ᠪᠠᠨ ᠪᠠᠭᠤᠯᠭᠠᠵᠠᠢ᠃ ᠦᠬᠢᠨ ᠡᠪᠦᠯ᠎ᠤᠨ ᠦᠳᠡᠰᠢ ᠬᠡᠵᠦ᠍ ᠨᠠᠮ ᠨᠠᠮᠣᠭᠤᠬᠠᠨ ᠮᠦᠷᠳᠡᠭᠡᠨ ᠬᠦᠨ ᠨᠢᠭᠤᠴᠠᠭᠠᠯᠢᠭ᠃ ᠣᠳᠣᠳ ᠬᠢᠯᠠᠯᠵᠠᠵᠦ᠍᠂ ᠬᠠᠷᠠᠩᠭᠤᠢ᠎ᠳᠤ ᠱᠢᠬᠢᠳᠭᠡᠭ᠌ᠰᠡᠨ ᠰᠣᠪᠣᠳ ᠠᠳᠠᠯᠢ᠃ ᠰᠠᠷᠠᠨ ᠠᠪᠠᠭ᠍ᠠᠢ ᠣᠭ᠍ᠳᠠᠷᠭᠤᠢ᠎ᠶ᠋ᠢᠨ ᠴᠡᠭᠡᠯ᠎ᠳᠤ ᠮᠠᠨᠳᠣᠵᠦ᠍᠂ ᠰᠦᠮᠡᠨ ᠴᠡᠭᠡᠨ ᠭᠡᠷᠡᠯ᠎ᠢᠶᠠᠨ ᠬᠠᠷᠠᠮ ᠦᠭᠡᠢ ᠲᠦᠭᠡᠭᠡᠵᠦ᠍᠂ ᠬᠦᠮᠦᠨ᠎ᠤ ᠬᠤᠷᠸ᠎ᠠ ᠮᠦᠩᠬᠦᠨ ᠴᠠᠭᠠᠨ ᠬᠤᠶᠠᠭ ᠭᠡᠳᠦᠷᠡᠭ᠌ᠰᠡᠨ ᠮᠡᠳᠦ᠃ ᠨᠣᠬᠠᠢ ᠬᠤᠴᠠᠬᠤ ᠲᠠᠭᠤᠨ ᠭᠡᠰᠡᠭ ᠭᠡᠰᠡᠭ ᠲᠣᠭᠤᠯᠳᠠᠵᠦ᠍᠂ ᠰᠦᠨᠢ᠎ᠶ᠋ᠢᠨ ᠢᠯᠢᠮ ᠵᠢᠯᠢᠮᠢ ᠵᠦᠰᠦᠵᠦ᠍ ᠴᠣᠣᠷᠢᠶ᠎ᠠ ᠲᠠᠳᠠᠨ᠎ᠠ᠃
ᠴᠣᠩᠬᠤᠨ᠎ᠤ᠎ᠪᠠᠨ ᠲᠡᠷᠭᠡᠳᠡ ᠵᠣᠭ᠍ᠰᠣᠭᠠᠳ᠂ ᠨᠠᠮ ᠵᠢᠮᠬᠡᠨ ᠰᠦᠨᠢ᠎ᠶ᠋ᠢᠨ ᠣᠭ᠍ᠳᠠᠷᠭᠤᠢᠶ᠋ᠢ ᠪᠠᠷᠠᠯᠠᠬᠤᠶ᠎ᠠ᠂ ᠪᠣᠳᠣᠯ ᠣᠷᠳᠣᠰᠣᠨᠠ᠃ ᠦᠬᠢᠨ ᠡᠪᠦᠯ ᠬᠡᠳᠦᠢᠪᠡᠷ ᠦᠩᠱᠢᠭ ᠬᠠᠪᠣᠷ᠎ᠤᠨ ᠲᠡᠬᠦᠰ ᠠᠮᠢᠯᠠᠯ᠂ ᠦᠭᠬᠢᠶᠡᠮᠦᠷ ᠵᠣᠨ᠎ᠤ ᠲᠦᠷᠡᠯᠵᠡᠭ᠌ᠰᠡᠨ ᠰᠡᠳᠭᠢᠯᠭᠡ᠂ ᠲᠣᠰᠣᠷᠬᠠᠭ ᠨᠠᠮᠣᠷ᠎ᠤᠨ ᠡᠯᠪᠡᠭ ᠬᠤᠷᠢᠶᠠᠯᠳᠠ ᠠᠯᠠᠭ᠎ᠠ ᠭᠡᠯᠡ ᠴᠦ᠍᠂ ᠲᠡᠳᠡᠨ᠎ᠠᠴᠠ ᠢᠯᠭᠠᠭ᠍ᠳᠠᠬᠤ ᠦᠪᠡᠷᠮᠢᠴᠡ ᠣᠨᠴᠠᠯᠢᠭ᠎ᠲᠠᠢ᠃ ᠲᠣᠨᠣᠭ᠍ᠰᠠᠨ ᠣᠯᠠᠷᠢᠯ ᠬᠡᠵᠦ᠍ ᠲᠡᠬᠦᠨ᠎ᠢ ᠬᠡᠯᠡᠳᠡᠭ ᠪᠠᠢᠬᠤ ᠡ ᠬᠡᠵᠦ᠍ ᠪᠢ ᠠᠮᠢᠬᠠᠨ᠎ᠳᠠᠭᠠᠨ ᠪᠣᠳᠣᠳᠠᠭ᠃ ᠮᠦᠨ ᠴᠦ᠍ ᠰᠡᠳᠭᠢᠬᠦ᠌ ᠣᠯᠠᠷᠢᠯ᠂ ᠬᠦᠯᠢᠶᠡᠯᠳᠡ᠎ᠶ᠋ᠢᠨ ᠣᠯᠠᠷᠢᠯ ᠬᠡᠵᠦ᠍ ᠦᠷᠬᠦᠢ ᠪᠣᠳᠣᠳᠠᠭ᠃ ᠣᠴᠢᠷ᠎ᠨᠢ ᠡᠨᠡᠬᠦ᠌ ᠰᠡᠯᠡᠬᠦᠭᠡᠨ ᠣᠯᠠᠷᠢᠯ᠎ᠨᠢ ᠬᠦᠮᠦᠰ᠎ᠤᠨ ᠰᠡᠳᠭᠢᠯ᠎ᠢ ᠲᠣᠭ᠍ᠳᠠᠪᠣᠷᠢᠱᠢᠭᠤᠯᠵᠦ᠍᠂ ᠦᠩᠭᠡᠷᠡᠭ᠌ᠰᠡᠨ᠎ᠢᠶᠠᠨ ᠡᠷᠬᠢᠴᠡᠬᠦᠯᠵᠦ᠍᠂ ᠢᠷᠡᠭᠡᠳᠦᠢ᠎ᠪᠠᠨ ᠪᠠᠷᠠᠯᠠᠨ᠂ ᠨᠠᠮ ᠬᠦᠮ᠎ᠠᠴᠠ ᠲᠣᠳᠣᠭᠠᠳᠦ ᠰᠡᠳᠭᠢᠯ᠎ᠤᠨ ᠲᠦᠪᠱᠢᠨ ᠲᠦᠯᠭᠡᠨ ᠬᠢᠭᠡᠳ ᠠᠮᠣᠷ ᠠᠮᠣᠭᠤᠯᠠᠩ᠎ᠢᠶᠠᠨ ᠡᠷᠢᠵᠦ᠍ ᠣᠯᠬᠤ᠎ᠳᠤ ᠬᠦᠷᠭᠡᠳᠡᠭ᠃ ᠬᠦᠯᠢᠶᠡᠯᠳᠡ᠎ᠠᠴᠠ ᠬᠠᠪᠣᠷ ᠣᠷᠭᠤᠳᠠᠭ ᠭᠡᠳᠡᠭ᠎ᠢ ᠬᠦᠮᠦᠰ᠎ᠲᠤ ᠲᠣᠪ ᠲᠣᠭᠤᠢᠬᠠᠨ ᠦᠬᠦᠯᠡᠵᠦ᠍ ᠪᠠᠢᠳᠠᠭ᠃
ᠡᠭᠡᠯᠬᠡᠨ ᠵᠣᠷᠢᠯᠳᠠ᠎ᠪᠠᠷ ᠬᠦᠢᠳᠡᠨ᠎ᠢ ᠲᠣᠭᠤᠯᠬᠤ᠎ᠳᠠᠭᠠᠨ᠂ ᠦᠨᠦ᠍ ᠬᠤᠷᠣᠮ᠎ᠢᠶᠠᠨ ᠨᠠᠨᠳᠢᠩᠨᠠᠭᠠᠷᠠᠢ! ᠬᠡᠵᠦ᠍ ᠪᠢ ᠲᠠ ᠣᠯᠠᠨ᠎ᠳᠠᠭᠠᠨ ᠬᠦᠰᠡᠯ ᠵᠦᠩᠨᠡᠯ ᠡᠷᠬᠦᠶ᠎ᠡ᠃ ᠦᠬᠢᠨ ᠡᠪᠦᠯ᠎ᠤᠨ ᠭᠤᠸ᠎ᠠ ᠰᠠᠢᠬᠠᠨ᠎ᠢ ᠵᠢᠷᠦᠭᠡᠪᠠᠷᠢᠶᠠᠨ ᠮᠡᠳᠡᠷᠡᠨ᠂ ᠡᠨᠡ ᠬᠦ᠌ ᠢᠯᠢᠮ ᠵᠢᠯᠢᠮᠬᠡᠨ ᠣᠯᠠᠷᠢᠯ᠎ᠠᠴᠠ ᠨᠠᠮ ᠵᠢᠮ ᠬᠢᠭᠡᠳ ᠲᠠᠢᠪᠣᠭᠤᠨ ᠲᠣᠭ᠍ᠳᠠᠭᠤᠨ᠎ᠢ ᠣᠯᠵᠠᠯᠠᠵᠦ᠍᠂ ᠢᠷᠡᠬᠦ᠌ ᠡᠳᠦᠷ᠎ᠢ ᠲᠣᠶᠠᠭᠠᠷᠠᠭ᠍ᠰᠠᠨ ᠢᠨᠢᠶᠡᠮᠰᠦᠭ᠌ᠯᠡᠯ ᠬᠢᠯᠠᠯᠵᠠᠭ᠍ᠰᠠᠨ ᠢᠳᠡᠭᠡᠯ᠎ᠢᠶᠠᠷ ᠬᠠᠮᠳᠣ ᠪᠠᠷ ᠣᠭ᠍ᠳᠣᠶᠠ!