ᠳᠣᠮᠤᠭ᠎ᠤᠨ ᠴᠡᠩᠬᠡᠷ ᠦᠵᠦᠮᠦᠴᠢᠨ
2025-11-19 11:31:14
ᠵᠣᠬᠢᠶᠠᠭ᠍ᠴᠢ᠄
ᠤᠯᠠᠭᠠᠨᠪᠠᠶᠠᠷ
ᠣᠩᠱᠢᠭ᠍ᠰᠠᠨ ᠣᠳᠠᠭ᠎ᠠ᠄
★★★☆☆


ᠲᠡᠭ᠌ᠷᠢ᠎ᠶ᠋ᠢᠨ ᠴᠡᠩᠬᠡᠷ ᠪᠢᠳᠣᠷᠶ᠎ᠡ ᠳᠣᠣᠷ᠎ᠠ

ᠲᠠᠯ᠎ᠠ᠎ᠨᠢ ᠡᠭᠦᠯᠡ᠎ᠲᠠᠢ᠎ᠪᠠᠨ ᠤᠷᠤᠯᠳᠤᠭ᠍ᠰᠠᠨ

ᠲᠡᠯᠡᠮᠡᠭᠦᠯᠦᠭ᠌ᠰᠡᠨ ᠬᠥᠯᠦᠭ᠎ᠤᠨ ᠰᠣᠪᠤᠳᠤᠨ ᠲᠣᠪᠬᠤ᠎ᠶ᠋ᠢ

ᠲᠡᠭᠦᠭᠡᠳ ᠡᠪᠦᠷᠯᠡᠵᠦ᠍ ᠣᠳᠣᠳ᠎ᠨᠢ ᠵᠢᠷᠭᠠᠭ᠍ᠰᠠᠨ

ᠲᠠᠯ᠎ᠠ᠎ᠨᠢ ᠰᠡᠳᠭᠢᠯ᠎ᠢᠶᠠᠨ ᠱᠢᠭ ᠠᠭᠤᠵᠢᠮ ᠪᠣᠯᠬᠤᠷ

ᠲᠡᠭ᠌ᠷᠢ᠎ᠨᠢ ᠪᠤᠷᠬᠠᠨ ᠳᠣᠯᠣᠭᠠᠨ ᠣᠳᠣᠨ᠎ᠲᠠᠢ᠎ᠪᠠᠨ ᠬᠥᠯᠯᠡᠳᠡᠭ᠎ᠨᠢ ᠦᠵᠦᠮᠦᠴᠢᠨ ᠶᠤᠮ᠃



ᠦᠵᠢᠨ ᠡᠬᠡ᠎ᠶ᠋ᠢᠨ ᠳᠣᠲᠤᠭᠠᠳᠤ ᠡᠩᠭᠡᠷ᠎ᠠᠴᠠ ᠤᠨᠠᠵᠤ

ᠦᠵᠦᠮ᠎ᠤᠨ ᠠᠭᠤᠯᠠ᠎ᠶ᠋ᠢᠨ ᠬᠤᠷᠮᠣᠢ ᠪᠡᠯ᠎ᠠᠴᠠ ᠳᠡᠯᠭᠡᠷᠡᠭ᠌ᠰᠡᠨ

ᠥᠨᠵᠢᠭᠦᠯ᠎ᠤᠨ ᠴᠢᠯᠠᠭᠤᠳ ᠱᠢᠭ᠋ ᠬᠥᠬᠡ ᠡᠪᠦᠭᠡᠳ᠎ᠤᠨ ᠬᠠᠭᠤᠴᠢ᠎ᠳᠤ ᠮᠠᠨᠠᠭ᠍ᠳᠠᠭ᠍ᠰᠠᠨ

ᠥᠨᠳᠦᠷ ᠭᠤᠨᠱᠢᠨ᠎ᠲᠠᠢ ᠵᠠᠩᠭᠢᠶᠠᠲᠤ ᠪᠥᠬᠡ᠎ᠶ᠋ᠢᠨ

ᠥᠨᠳᠦᠷᠯᠢᠭ ᠳᠡᠭ᠌ᠵᠢᠭᠡᠭ᠌ᠰᠡᠨ ᠠᠭ᠍ᠰᠤᠮ ᠳᠡᠪᠢᠯᠲᠡ

ᠥᠷᠦᠨ᠎ᠡ ᠲᠡᠭ᠌ᠷᠢ᠎ᠶ᠋ᠢᠨ ᠬᠠᠶᠠᠭᠠᠨ᠎ᠳᠤ ᠲᠠᠲᠠᠯᠠᠭ᠍ᠰᠠᠨ ᠰᠡᠳᠭᠢᠯ᠎ᠤᠨ ᠲᠡᠩᠬᠡᠭᠡ ᠪᠣᠯ ᠦᠵᠦᠮᠦᠴᠢᠨ ᠶᠤᠮ᠃




ᠠᠷᠢᠭ ᠤᠰᠤᠨ ᠵᠠᠭᠤ ᠨᠠᠢ᠍ᠮᠠᠨ ᠪᠤᠯᠠᠭ᠎ᠲᠠᠢ

ᠠᠯᠤᠨ ᠡᠬᠡ᠎ᠶ᠋ᠢᠨ ᠰᠤᠷᠭᠠᠯ ᠱᠢᠭ᠋ ᠵᠢᠩᠭᠢᠷ ᠳᠠᠪᠤᠰᠤ᠎ᠲᠠᠢ ᠡᠵᠢᠨᠠᠭᠤᠷ

ᠠᠷᠠᠯ᠎ᠤᠨ ᠱᠠᠷ᠎ᠢᠶᠠᠷ ᠠᠷᠤ ᠳᠠᠪᠠᠭ᠎ᠠ᠎ᠶ᠋ᠢ ᠥᠭ᠌ᠰᠦᠨ

ᠠᠮᠢᠳᠤ ᠶᠠᠪᠤᠬᠤ᠎ᠶ᠋ᠢᠨ ᠴᠢᠰᠤᠨ ᠱᠢᠮ᠎ᠡ᠎ᠶ᠋ᠢ

ᠠᠪᠤ᠎ᠶ᠋ᠢᠨ ᠠᠪᠤ᠎ᠠᠴᠠ ᠮᠠᠨ᠎ᠳᠤ ᠵᠠᠯᠭᠠᠭᠤᠯᠤᠭ᠍ᠰᠠᠨ

ᠠᠯᠳᠠᠭᠤᠷᠠᠰᠢ ᠦᠭᠡᠢ ᠡᠬᠡ ᠬᠦᠮᠦᠨ᠎ᠤ ᠬᠠᠢᠷ᠎ᠠ᠎ᠶ᠋ᠢᠨ ᠬᠠᠯᠭᠢᠯᠠᠭ᠎ᠠ ᠪᠣᠯ ᠦᠵᠦᠮᠦᠴᠢᠨ ᠶᠤᠮ᠃




ᠨᠣᠪ ᠨᠣᠭᠤᠭᠠᠨ ᠵᠠᠰᠠᠷ ᠴᠠᠮᠪᠠᠨ᠎ᠢ ᠨᠣᠮᠤᠳᠠᠨ ᠲᠦᠯᠬᠢᠭ᠌ᠰᠡᠨ

ᠨᠣᠢᠷ ᠰᠡᠷᠭᠦᠮ᠎ᠡ ᠤᠨᠢᠶᠠᠷ᠎ᠤᠨ ᠴᠡᠩᠭᠡᠷ ᠠᠯᠴᠢᠭᠤᠷ᠎ᠲᠠᠢ ᠲᠣᠯᠤᠭᠠᠳ

ᠨᠣᠭᠤᠭᠠᠨ ᠤᠲᠠᠢ᠎ᠶ᠋ᠢᠨ ᠰᠡᠷᠢᠭᠦᠦ ᠤᠷᠢᠭ᠍ᠰᠠᠨ ᠢᠰᠭᠡᠷᠦᠭᠡ

ᠨᠣᠮ᠎ᠤᠨ ᠭᠡᠭᠡ᠎ᠲᠠᠢ ᠥᠨᠳᠦᠷᠯᠢᠭ᠎ᠤᠨ ᠷᠠᠱᠢᠶᠠᠨ ᠠᠷᠢᠭᠤᠰᠭᠠᠯ

ᠨᠣᠷᠣᠭ᠍ᠰᠠᠨ ᠭᠡᠵᠢᠭᠡ᠎ᠪᠠᠨ ᠡᠷᠬᠢᠮᠰᠦᠭ ᠠᠶᠠᠷᠬᠠᠨ ᠰᠠᠮᠨᠠᠭ᠍ᠰᠠᠨ

ᠨᠣᠮᠤᠳᠠᠨ ᠲᠠᠲᠠᠭ᠍ᠰᠠᠨ ᠰᠣᠯᠤᠩᠭ᠎ᠠ ᠱᠢᠭ᠋ ᠲᠠᠯ᠎ᠠ᠎ᠶ᠋ᠢᠨ ᠪᠥᠰᠡᠭᠦᠢ ᠪᠣᠯ ᠦᠵᠦᠮᠦᠴᠢᠨ ᠶᠤᠮ᠃




ᠬᠦᠦᠷᠭᠡ ᠴᠠᠩ᠎ᠳᠤ ᠬᠦᠢᠲᠡᠨ ᠬᠥᠷᠦᠰᠦ᠎ᠨᠢ ᠨᠠᠷᠠᠨ᠎ᠤ ᠨᠥᠭᠡᠴᠡ᠎ᠲᠠᠢ

ᠬᠥᠭᠡᠷᠦᠭᠦᠯᠦᠭ᠌ᠰᠡᠨ ᠳᠡᠪᠡᠯ᠎ᠤᠨ ᠡᠩᠭᠡᠷ᠎ᠲᠡᠭᠡᠨ ᠰᠡᠳᠭᠢᠯ᠎ᠤᠨ ᠢᠯᠴᠢ᠎ᠲᠠᠢ

ᠬᠥᠬᠡ᠎ᠪᠠᠷ ᠳᠦᠷᠡᠯᠵᠡᠬᠦ᠌ ᠲᠤᠯᠭ᠎ᠠ᠎ᠨᠢ ᠢᠲᠡᠭᠡᠯ᠎ᠤᠨ ᠰᠤᠭᠤᠨᠠᠭ᠎ᠲᠠᠢ

ᠬᠥᠷᠦᠰᠦᠯᠢᠭ ᠳᠦᠷᠭᠦ᠎ᠶ᠋ᠢᠨ ᠴᠠᠭᠠᠨ᠎ᠠ ᠳᠠᠭᠠᠭᠠᠮᠠᠭᠠᠢ ᠡᠷᠴᠢ᠎ᠲᠠᠢ

ᠬᠥᠯᠦᠭ᠎ᠤᠨ ᠳᠡᠯ ᠳᠡᠭᠡᠷ᠎ᠡ ᠪᠤᠭᠤᠷᠤᠯ ᠵᠠᠭᠤᠨ᠎ᠢ ᠨᠤᠭᠤᠴᠢᠵᠤ ᠢᠷᠡᠭ᠌ᠰᠡᠨ

ᠬᠥᠳᠡᠷ ᠬᠠᠳᠠᠨ ᠡᠷᠡᠰ᠎ᠤᠨ ᠬᠥᠷᠥᠪᠡᠵᠢᠭ᠌ᠰᠡᠨ ᠨᠤᠲᠤᠭ ᠪᠣᠯ ᠦᠵᠦᠮᠦᠴᠢᠨ ᠶᠤᠮ᠃




ᠣᠩᠭᠤᠨ ᠪᠠᠯᠴᠢᠷ᠎ᠠᠴᠠ᠎ᠪᠠᠨ ᠳᠠᠪᠤᠰᠤᠨ ᠠᠶᠠᠨ᠎ᠤ ᠦᠯᠢᠭᠡᠷ᠎ᠲᠤ ᠨᠠᠰᠤ᠎ᠪᠠᠨ ᠵᠥᠭᠡᠭ᠌ᠰᠢᠭᠦᠯᠦᠭ᠌ᠰᠡᠨ ᠪᠢ

ᠣᠭ᠌ᠶᠤᠨ ᠴᠡᠩᠬᠡᠷ ᠨᠤᠲᠤᠭ᠎ᠢ ᠦᠵᠦᠮᠦᠴᠢᠨ ᠭᠡᠳᠡᠭ᠎ᠢ᠎ᠨᠢ ᠨᠢᠳᠦ ᠳᠦᠭᠦᠷᠡᠩ ᠬᠠᠷᠠᠶ᠎ᠠ

ᠤᠬᠠᠭᠠᠨ᠎ᠤ ᠪᠣᠯᠣᠷ ᠲᠠᠩᠬᠢᠰ ᠡᠵᠢᠨᠠᠭᠤᠷ᠎ᠢᠶᠠᠨ ᠶᠠᠭᠠᠬᠢᠭ᠍ᠰᠠᠨ ᠴᠦ᠍ ᠨᠢᠭᠡ ᠡᠷᠭᠢᠶ᠎ᠡ

ᠤᠳᠤᠮ ᠳᠠᠮᠵᠢᠨ ᠠᠮᠰᠠᠭ᠍ᠰᠠᠨ ᠡᠮ ᠱᠢᠭ ᠳᠠᠪᠤᠰᠤᠨ᠎ᠠᠴᠠ᠎ᠨᠢ ᠭᠠᠭ᠍ᠴᠠ ᠱᠢᠳᠦ ᠴᠦ᠍ ᠬᠠᠷᠮᠠᠶ᠎ᠠ

ᠤᠨᠠᠭ᠎ᠠ᠎ᠨᠢ ᠲᠡᠩᠴᠡᠭᠡᠯᠡᠵᠦ᠍᠂ ᠤᠰᠤᠨ ᠵᠡᠷᠭᠡᠯᠡᠭᠡ ᠲᠠᠲᠠᠭ᠍ᠰᠠᠨ ᠡᠷᠢᠨ᠎ᠢᠶᠠᠷ

ᠤᠷᠢᠳᠤ᠎ᠶ᠋ᠢᠨ ᠳᠣᠮᠤᠭ ᠱᠢᠭ᠋ ᠦᠵᠦᠮᠦᠴᠢᠨ ᠡᠵᠢ᠎ᠶ᠋ᠢᠨ ᠬᠤᠷᠮᠣᠢ᠎ᠳᠤ ᠨᠢᠭᠡ ᠰᠦᠬᠦᠷᠡᠶ᠎ᠡ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号