ᠦᠯᠦ᠍ ᠬᠦᠯᠢᠶᠡᠭ᠌ᠴᠢ ᠭᠡᠢᠴᠢᠨ ᠱᠢᠭ ᠬᠠᠭᠠᠯᠭ᠎ᠠ᠎ᠶ᠋ᠢ ᠮᠢᠨᠢ ᠲᠣᠭ᠍ᠰᠢᠨᠠ
ᠦᠪᠡᠷ᠎ᠢᠶᠠᠨ ᠴᠦ᠍ ᠪᠢ ᠮᠡᠳᠡᠯ ᠦᠭᠡᠢ ᠡᠷᠳᠠ᠎ᠶ᠋ᠢᠨ ᠴᠠᠢ᠎ᠲᠠᠢ ᠲᠤᠰᠤᠨ᠎ᠠ
ᠦᠩᠭᠡᠷᠡᠵᠦ᠍ ᠣᠳᠭᠤ ᠡᠨᠡ ᠤᠯᠠᠷᠢᠯ᠎ᠤᠨ ᠲᠣᠷᠭ᠎ᠠ ᠱᠢᠭ᠋ ᠠᠯᠠᠭᠠᠨ ᠳᠡᠭᠡᠷ᠎ᠡ
ᠡᠴᠦᠰ᠎ᠤᠨ ᠨᠢᠭᠡᠨ ᠦᠷᠲᠡᠭᠡ ᠪᠣᠯᠤᠭ᠍ᠴᠢ ᠡᠪᠦᠯ ᠲᠡᠢᠰᠢ ᠪᠠᠨ ᠨᠡᠭᠦᠳᠡᠯᠯᠡᠵᠡᠭᠡᠨᠡ
ᠭᠠᠩᠭᠠᠷ ᠱᠠᠭᠠᠵᠠᠩᠳᠤ ᠲᠣᠰᠤᠭ᠍ᠰᠠᠨ ᠪᠠᠳᠢᠷ᠎ᠤᠨ ᠬᠦᠨᠡᠰᠦ ᠳᠤᠮᠳᠠᠷᠠᠭ᠍ᠰᠠᠨ ᠴᠦ᠍
ᠭᠠᠩᠭᠠᠩ ᠨᠠᠮᠤᠷ᠎ᠤᠨ ᠦᠭ᠌ᠯᠢᠭᠡ ᠬᠤᠢᠴᠢᠰ᠎ᠤᠨ ᠠᠶᠠᠭᠠᠨ ᠳᠡᠭᠡᠷ᠎ᠡ ᠦᠳᠭᠡᠷᠡᠳᠡᠭ
ᠭᠠᠯᠠᠭᠤᠳ᠎ᠤᠨ ᠳᠠᠭᠤᠨ᠎ᠲᠠᠢ ᠦᠨᠵᠢᠬᠦ᠌ ᠤᠷᠳᠤ᠎ᠶ᠋ᠢᠨ ᠳᠠᠭᠤᠤ᠎ᠶ᠋ᠢᠨ ᠱᠢᠷᠤᠩᠬᠠᠢᠯᠠᠯ
ᠭᠠᠵᠠᠷ᠎ᠲᠠᠭᠠᠨ ᠱᠢᠩᠭᠡᠬᠦ᠌ ᠨᠠᠪᠴᠢᠰ᠎ᠤᠨ ᠤᠶᠠᠩᠭ᠎ᠠ᠎ᠶ᠋ᠢᠨ ᠳᠦᠷᠢᠯᠭᠡ᠎ᠲᠠᠢ ᠴᠢᠪᠬᠠᠳᠠᠰᠤ ᠡ
ᠲᠠᠯ᠎ᠠ ᠬᠠᠩᠭᠠᠢ ᠲᠡᠨᠢᠢᠵᠦ᠍ ᠲᠣᠰ᠎ᠤᠨ ᠱᠢᠷᠭᠠᠯ᠎ᠢᠶᠠᠷ ᠬᠠᠯᠢᠭᠤᠷᠠᠬᠤ᠎ᠳᠤ
ᠲᠠᠷᠭᠤᠨ ᠰᠦᠷᠦᠭ᠎ᠤᠨ ᠵᠣ ᠳᠡᠭᠡᠷ᠎ᠡ ᠡᠪᠡᠰᠦᠨ ᠰᠣᠷ᠎ᠨᠢ ᠭᠢᠯᠲᠠᠭᠠᠨᠠᠳᠠᠭ
ᠲᠠᠩᠬᠢᠯ ᠵᠤᠨ᠎ᠤ ᠡᠯᠴᠢ ᠴᠡᠴᠡᠭ᠎ᠤᠨ ᠪᠠᠩᠵᠠᠯ᠎ᠢᠶᠠᠨ ᠡᠪᠬᠡᠬᠦ᠌ᠳᠤ
ᠲᠠᠭᠠᠨᠠᠲᠤᠶ᠋ᠢᠨ ᠱᠢᠯᠢ᠎ᠶ᠋ᠢᠨ ᠳᠡᠨᠵᠢᠨ᠎ᠳᠤ ᠰᠦᠨᠢ᠎ᠶ᠋ᠢᠨ ᠰᠠᠷᠠᠨ ᠵᠡᠭᠦᠳᠦᠯᠡᠳᠡᠭ
ᠲᠡᠭ᠌ᠷᠢ᠎ᠶ᠋ᠢᠨ ᠬᠠᠶᠠᠭ᠎ᠠ ᠵᠣᠷᠢᠭ᠍ᠰᠠᠨ ᠡᠭᠦᠯᠡᠰ᠎ᠤᠨ ᠲᠤᠯᠤᠭᠠᠢ ᠦᠨᠳᠡᠯᠵᠡᠵᠦ᠍
ᠲᠡᠷᠳᠡᠭᠡ ᠬᠤᠯᠠ᠎ᠶ᠋ᠢ ᠵᠦᠭ᠌ᠯᠡᠭ᠌ᠰᠡᠨ ᠰᠡᠷᠢᠭᠦᠨ ᠰᠠᠯᠬᠢ ᠰᠡᠪᠢᠯᠵᠡᠵᠦ᠍
ᠳᠡᠯᠡᠬᠡᠢ ᠳᠡᠷᠡᠯᠡᠭ᠌ᠰᠡᠨ ᠠᠭᠤᠯᠠᠰ ᠨᠠᠷᠠᠨ᠎ᠤ ᠦᠩᠭᠡ᠎ᠪᠠᠷ᠎ᠢᠶᠠᠨ ᠱᠢᠷᠭᠠᠯᠱᠢᠵᠤ
ᠲᠡᠨᠦᠭ᠌ᠰᠡᠨ ᠳᠤᠷᠠᠰᠤᠯ᠎ᠤᠨ ᠮᠢᠨᠢ ᠦᠵᠦᠭᠦᠷ᠎ᠲᠤ ᠣᠢᠳᠠᠢ ᠪᠣᠳᠤᠯ ᠤᠷᠲᠤᠯᠵᠠᠨᠠ ᠡ
ᠵᠡᠭᠦᠦ᠍᠎ᠶ᠋ᠢᠨ ᠰᠡᠨᠵᠢᠪᠠᠷᠨᠢ ᠰᠣᠪᠤᠷᠠᠭ᠍ᠰᠠᠨ ᠡᠳᠦᠷ ᠬᠤᠨᠤᠭ᠎ᠤᠨ ᠡᠭᠡᠯᠵᠢᠯᠡᠯ
ᠵᠠᠵᠢ᠎ᠨᠢ ᠪᠤᠭᠤᠷᠣᠯᠲᠠᠭ᠍ᠰᠠᠨ ᠡᠵᠢ᠎ᠶ᠋ᠢᠨ ᠮᠢᠨᠢ ᠭᠡᠵᠢᠭᠡᠶ᠋ᠢᠨᠢ ᠱᠢᠩᠭᠡᠷᠡᠭᠦᠯᠵᠦ᠍ ᠣᠳᠤᠨ᠎ᠠ
ᠵᠡᠷᠭᠡᠯᠭᠡᠨ ᠱᠢᠭ ᠠᠯᠤᠰᠷᠠᠬᠤ ᠤᠯᠠᠮ᠎ᠠᠴᠠ ᠬᠤᠯᠠᠳᠭᠤ ᠦᠴᠦᠭᠡᠳᠦᠷ
ᠵᠢᠷᠦᠬᠡ ᠰᠡᠳᠭᠢᠯ᠎ᠢ ᠰᠡᠮᠡᠷᠡᠭᠦᠯᠵᠦ᠍ ᠠᠪᠤ᠎ᠶ᠋ᠢ ᠮᠢᠨᠢ ᠡᠷᠢᠭ᠌ᠳᠡᠭᠦᠯᠵᠦ᠍ ᠦᠨᠦᠴᠢᠷᠡᠭᠦᠯᠦᠨᠡ ᠡ
ᠨᠠᠮᠤᠷ ᠲᠠᠩᠰᠤᠭ ᠭᠡᠯᠡ ᠴᠦ᠍ ᠵᠣᠪᠠᠯ ᠵᠢᠷᠭᠠᠯ᠎ᠢ ᠪᠠᠢᠩᠭᠤ ᠵᠡᠷᠭᠡᠴᠡᠭᠦᠯᠣᠨᠡ
ᠨᠠᠮᠤᠷ ᠪᠠᠶᠠᠨ ᠭᠡᠯᠡ ᠴᠦ᠍ ᠦᠭᠡᠢ ᠪᠠᠢᠬᠤ᠎ᠶ᠋ᠢ ᠳᠡᠩᠳᠡ ᠬᠢᠴᠢᠶᠡᠯᠭᠡᠨᠡ
ᠨᠠᠮᠤᠷ ᠶᠠᠭᠠᠷᠠᠤ ᠭᠡᠯᠡ ᠴᠦ᠍ ᠠᠵᠢᠯ ᠰᠤᠷᠤᠯᠭ᠎ᠠ᠎ᠳᠤ ᠠᠮᠵᠢᠭᠤᠯᠣᠨ ᠬᠦᠳᠦᠯᠣᠨᠡ
ᠨᠠᠮᠣᠷ ᠭᠤᠨᠢᠭ ᠭᠡᠯᠡ ᠴᠦ᠍ ᠠᠮᠢᠳᠣᠷᠠᠯ᠎ᠳᠤ ᠡᠭᠦᠷᠳᠦᠭᠦᠯᠵᠦ᠍ ᠤᠷᠤᠭ᠍ᠰᠢᠯᠠᠭᠤᠯᠤᠨ᠎ᠠ ᠡ