ᠣᠢᠮᠣᠷᠠᠬᠰᠠᠨ ᠰᠡᠳᠬᠢᠯ᠎ᠢ ᠰᠡᠷᠬᠦᠭᠡᠵᠦ ᠠᠩᠬᠠᠨ᠎ᠤ ᠴᠠᠰᠣ ᠬᠠᠶᠠᠯᠠᠨ᠎ᠠ
ᠣᠷᠠᠬᠲᠠᠬᠰᠠᠨ ᠨᠠᠪᠴᠢᠰ᠎ᠢ ᠠᠷᠭᠠᠲᠠᠬᠰᠠᠭᠠᠷ ᠡᠪᠦᠯ᠎ᠤᠨ ᠡᠪᠦᠷ ᠲᠦ᠍ ᠣᠨᠲᠠᠭᠣᠯᠣᠨᠠ
ᠣᠷᠣᠬ ᠲᠦ᠍ ᠮᠣᠷᠲᠠᠬᠰᠠᠨ ᠭᠠᠯᠠᠭᠣᠳ ᠡᠴᠡ ᠢᠷᠡᠭᠰᠡᠨ ᠬᠠᠯᠠᠭᠣᠨ ᠴᠢᠮᠡᠭᠡ᠎ᠶᠢ ᠴᠢᠩᠨᠠᠭᠠᠳ
ᠣᠰᠣ ᠭᠣᠣᠯ ᠰᠣᠷᠮᠣᠣᠰᠣ ᠪᠠᠨ ᠴᠡᠮᠴᠡᠭᠡᠨᠡᠬᠦᠯᠦᠭᠰᠡᠭᠡᠷ ᠰᠠᠢᠬᠠᠨ ᠵᠡᠬᠦᠲᠦᠨ ᠳ᠋ᠡᠭᠡᠨ ᠲᠣᠬᠵᠢᠷᠠᠨᠠ
ᠮᠦᠩᠬᠦᠨ ᠲᠠᠯᠠᠪᠴᠢᠨᠤ ᠲᠠᠪᠢᠬᠦᠶᠢ ᠰᠢᠷᠲᠡᠭᠰᠡᠭᠡᠷ ᠮᠢᠨᠴᠦᠬᠦᠷᠡᠭᠰᠡᠨ ᠰᠡᠳᠬᠢᠯ ᠠᠮᠢᠯᠠᠨ᠎ᠠ
ᠮᠦᠷᠦᠭᠡᠲᠦᠯ᠎ᠲᠦ ᠨᠠᠮᠣᠷ ᠡᠴᠡ ᠬᠠᠭᠠᠴᠠᠨ ᠰᠠᠯᠵᠦ ᠨᠠᠰᠣᠨ᠎ᠤ ᠡᠷᠴᠢ ᠴᠢᠩᠭᠠᠷᠠᠨ᠎ᠠ
ᠬᠠᠴᠠᠷ ᠢᠯᠪᠢᠬᠦ ᠵᠦᠭᠡᠯᠡᠭᠡᠨ ᠠᠮᠢᠰᠬᠣᠭᠠ ᠳ᠋ᠦ ᠪᠦᠬᠦᠢᠯᠡ ᠭᠣᠨᠢᠬ ᠠᠷᠢᠯᠣᠭᠠᠳ
ᠬᠣᠶᠠᠷᠬᠠᠨ ᠮᠦᠷ ᠲᠠᠰᠣᠷᠬᠠᠢ ᠪᠠᠲᠠᠬ ᠶ᠋ᠢᠡᠷ ᠴᠠᠬ ᠬᠣᠭᠣᠴᠠᠭ᠎ᠠ ᠭᠠᠲᠣᠯᠣᠨᠠ
ᠨᠠᠷᠠᠨ᠎ᠤ ᠵᠢᠩ ᠵᠢᠩᠬᠢᠨᠠᠨ ᠵᠢᠵᠢᠭᠷᠡᠭᠰᠡᠭᠡᠷ ᠭᠡᠷᠡᠯ ᠶ᠋ᠢᠡᠨ ᠴᠢᠨᠠᠬᠰᠢ ᠠᠰᠬᠠᠨ᠎ᠠ
ᠨᠢᠴᠦᠬᠦᠷᠡᠭᠰᠡᠨ ᠮᠣᠲᠣᠳ᠎ᠤᠨ ᠰᠡᠬᠦᠷᠡᠰᠦ ᠦᠷᠬᠦᠭᠡᠵᠦ ᠵᠡᠭᠡᠷ᠎ᠡ᠎ᠶᠢᠨ ᠰᠦᠷᠦᠭ ᠨᠠᠭᠠᠰᠢᠯᠠᠨ᠎ᠠ
ᠨᠢᠰᠬᠦ ᠭᠠᠯᠠᠭᠣᠳ ᠵᠦᠰᠦᠭᠡᠳ ᠰᠠᠯᠭᠠᠬᠰᠠᠨ ᠨᠠᠭᠠᠨ᠎ᠠ ᠴᠠᠭᠠᠨᠠᠬᠢ ᠶᠢᠷᠲᠢᠨᠴᠦ᠎ᠶᠢ
ᠨᠢᠮᠬᠡᠨ ᠰᠢᠷᠬᠡᠭ ᠶ᠋ᠢᠡᠷ ᠬᠦᠪᠦᠷᠢᠲᠦᠨ ᠰᠠᠭᠣᠬᠣ ᠡᠬᠡ ᠪᠠᠢᠭᠠᠯᠢ᠎ᠶᠢᠨ ᠭᠠᠢᠬᠠᠮᠰᠢᠬ ᠡ