ᠣᠯᠠᠨ ᠡᠱᠢᠲᠦ ᠬᠥᠭ᠌ᠵᠢᠯᠲᠡ᠎ᠪᠡᠷ ᠪᠦᠯᠬᠦᠮᠳᠡᠯ᠎ᠦᠨ ᠰᠠᠭᠤᠷᠢ᠎ᠶ᠋ᠢ ᠪᠡᠬᠢᠵᠢᠭᠦᠯᠦᠨ᠎ᠡ
2025-11-19 15:15:35
ᠵᠣᠬᠢᠶᠠᠭ᠍ᠴᠢ᠄
ᠪᠤᠤ ᠢᠤᠢ ᠶᠢᠡᠭ
ᠣᠩᠱᠢᠭ᠍ᠰᠠᠨ ᠣᠳᠠᠭ᠎ᠠ᠄
★★★☆☆

《ᠬᠠᠩᠭᠢᠨ ᠬᠣᠱᠢᠭᠤᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ ᠡᠳ᠋᠎ᠦᠨ ᠵᠠᠰᠠᠭ᠎ᠢᠶᠠᠷ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠠᠬᠢᠭᠤᠯᠬᠤ ᠨᠥᠬᠥᠪᠥᠷᠢ (ᠴᠥᠭᠡᠨ ᠲᠣᠭᠠᠲᠤ ᠦᠨᠳᠦᠰᠦᠲᠡᠨ᠎ᠦ ᠬᠥᠭ᠌ᠵᠢᠬᠦᠯᠦᠯᠲᠡ᠎ᠶ᠋ᠢᠨ ᠡᠭᠦᠷᠭᠡ) ᠶ᠋ᠢ 584.18 ᠲᠦᠮᠡᠨ ᠲᠥᠭᠥᠷᠢᠭ ᠵᠣᠯᠭᠠᠭᠤᠯᠵᠤ᠂ ᠤᠯᠠᠨ ᠤᠰᠤ ᠭᠠᠴᠠᠭ᠎ᠠ᠎ᠳᠤ 32 ᠲᠠᠰᠤᠯᠭ᠎ᠠ ᠤᠨᠴᠠᠯᠢᠬ᠍ᠳᠤ ᠠᠷᠠᠳ᠎ᠤᠨ ᠰᠠᠭᠤᠴᠠ ᠪᠠ 10 ᠲᠠᠰᠤᠯᠭ᠎ᠠ ᠵᠣᠴᠢᠳ᠎ᠤᠨ ᠥᠷᠥᠭᠡ ᠪᠠᠢᠭᠤᠯᠤᠨ ᠦᠭᠴᠠᠢ᠂ ᠡᠨᠡ ᠨᠢ ᠦᠨᠳᠦᠰᠦᠲᠡᠨ᠎ᠦ ᠰᠣᠯᠢᠯᠴᠠᠭ᠎ᠠ᠂ ᠰᠣᠶᠣᠯ᠎ᠤᠨ ᠠᠭᠤᠰᠤᠯᠴᠠᠯ᠎ᠤᠨ ᠬᠠᠯᠠᠭᠤᠨ ᠳᠤᠯᠠᠭᠠᠨ ᠭᠠᠷᠠᠮ ᠪᠤᠯᠵᠠᠢ᠃》ᠴᠥᠭᠡᠨ ᠲᠣᠭᠠᠲᠤ ᠦᠨᠳᠦᠰᠦᠲᠡᠨ᠎ᠦ ᠬᠥᠭ᠌ᠵᠢᠬᠦᠯᠦᠯᠲᠡ᠎ᠶ᠋ᠢᠨ ᠡᠭᠦᠷᠭᠡ᠎ᠶ᠋ᠢᠨ ᠪᠠᠯᠠ ᠮᠥᠩᠭᠥ᠎ᠪᠡᠷ ᠭᠠᠵᠠᠷ ᠣᠷᠣᠨ᠎ᠤ ᠬᠥᠭ᠌ᠵᠢᠯᠲᠡ ᠪᠠ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠬᠡᠷᠬᠢᠨ ᠳᠡᠮᠵᠢᠬᠦ᠌ ᠲᠤᠬᠠᠶ ᠣᠷᠳᠣᠰ ᠬᠣᠲᠠ᠎ᠶ᠋ᠢᠨ ᠬᠠᠩᠭᠢᠨ ᠬᠣᠱᠢᠭᠤᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠨᠠᠮ᠎ᠤᠨ ᠤᠳᠤᠷᠢᠳᠭᠤ ᠳᠤᠭᠤᠢᠯᠠᠩ᠎ᠤᠨ ᠪᠦᠷᠢᠯᠳᠦᠬᠦᠨ᠂ ᠳᠡᠳ᠋ ᠡᠷᠬᠢᠯᠡᠭ᠌ᠴᠢ ᠰᠡᠴᠡᠨᠴᠤᠭ᠍ᠲᠤ ᠲᠠᠨᠢᠯᠴᠠᠭᠤᠯᠪᠠ᠃

ᠬᠠᠩᠭᠢᠨ ᠬᠣᠱᠢᠭᠤᠨ᠎ᠤ ᠲᠤᠭᠤᠢ ᠲᠠᠯ᠎ᠠ ᠪᠠᠯᠭᠠᠰᠤ ᠵᠢᠨ ᠤᠯᠠᠨ ᠤᠰᠤ ᠭᠠᠴᠠᠭ᠎ᠠ ᠪᠣᠯ ᠬᠠᠩᠭᠢᠨ ᠬᠣᠱᠢᠭᠤᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠬᠠᠪᠰᠤᠷᠤᠯᠴᠠᠭ᠎ᠠ ᠪᠠᠢᠭᠤᠯᠤᠨ ᠬᠠᠪᠰᠤᠷᠤᠨ ᠲᠡᠳᠬᠦᠵᠦ ᠪᠦᠬᠦᠢ ᠲᠣᠰᠭᠣᠨ ᠪᠣᠯᠤᠨ᠎ᠠ᠂ ᠲᠣᠰ ᠭᠠᠴᠠᠭ᠎ᠠ ᠦᠪᠡᠷᠮᠢᠴᠡ ᠭᠠᠵᠠᠷ ᠵᠦᠶ᠎ᠶ᠋ᠢᠨ ᠳᠠᠪᠠᠭᠤᠯᠢᠭ ᠪᠠ ᠠᠵᠤ ᠦᠶ᠋ᠯᠡᠳᠪᠦᠷᠢ᠎ᠶ᠋ᠢᠨ ᠬᠦᠷᠢᠶᠡᠯᠡᠩ ᠲᠣᠭᠣᠷᠢᠭ ᠪᠣᠯᠤᠨ ᠠᠵᠤ ᠠᠬᠤᠢᠯᠠᠯ᠎ᠤᠨ ᠲᠥᠬᠥᠮ ᠨᠥᠬᠥᠴᠡᠯ᠎ᠳᠦ ᠲᠦᠱᠢᠭ᠌ᠯᠡᠨ᠂ ᠠᠵᠤ ᠦᠶ᠋ᠯᠡᠰ᠎ᠦᠨ ᠬᠥᠭ᠌ᠵᠢᠯᠲᠡ ᠪᠣᠯᠤᠨ ᠦᠨᠳᠦᠰᠦᠲᠡᠨ᠎ᠦ ᠠᠵᠢᠯ ᠬᠠᠷᠢᠯᠴᠠᠨ ᠠᠬᠢᠭᠤᠯᠬᠤ᠌᠎ᠶ᠋ᠢ ᠪᠡᠶᠡᠯᠡᠭᠦᠯᠵᠠᠢ᠃

ᠡᠨᠡ ᠵᠢᠯ ᠬᠦᠷᠢᠶᠡᠯᠡᠩ ᠲᠣᠭᠣᠷᠢᠭ᠎ᠤᠨ ᠦᠶ᠋ᠯᠡᠳᠪᠦᠷᠢ᠎ᠶ᠋ᠢᠨ ᠱᠢᠨᠵᠢᠶᠠᠩ᠎ᠠᠴᠠ ᠡᠯᠰᠡᠭ᠌ᠰᠡᠨ 111 ᠣᠶᠤᠲᠠᠨ ᠡᠨᠳᠡ ᠦᠶ᠋ᠯᠡᠳᠪᠦᠷᠢᠯᠡᠯ᠎ᠦᠨ ᠲᠣᠭᠣᠷᠢᠭ᠎ᠤᠨ ᠨᠠᠢᠳᠠᠨ ᠬᠥᠮᠦᠵᠢᠭᠦᠯᠬᠦ᠌ ᠳᠠᠳᠤᠯᠭ᠎ᠠ᠎ᠶ᠋ᠢᠨ ᠠᠶᠠᠯᠠᠯ᠎ᠢᠶᠠᠨ ᠡᠬᠢᠯᠡᠭᠦᠯᠪᠡ᠃ ᠲᠠᠳᠠ ᠬᠠᠩᠭᠢᠨ ᠬᠣᠱᠢᠭᠤᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠡᠭᠦᠳᠦᠨ ᠪᠠᠢᠭᠤᠯᠤᠭ᠍ᠰᠠᠨ ᠠᠷᠠᠳ᠎ᠤᠨ ᠰᠠᠭᠤᠴᠠ᠎ᠳᠤ ᠬᠦᠷᠴᠤ᠂ ᠲᠤᠬᠠᠶ᠎ᠶ᠋ᠢᠨ ᠭᠠᠵᠠᠷ᠎ᠤᠨ ᠠᠵᠢᠯᠴᠢᠳ᠎ᠲᠠᠶ ᠬᠠᠮᠳᠤ ᠰᠠᠭᠤᠷᠢᠰᠢᠨ ᠬᠠᠮᠳᠤ ᠠᠵᠢᠯᠯᠠᠵᠤ᠂ ᠭᠦᠨ ᠵᠤᠵᠠᠭᠠᠨ ᠨᠥᠬᠥᠷᠯᠡᠯ᠎ᠢ ᠪᠠᠢᠭᠤᠯᠵᠠᠢ᠃

ᠬᠠᠩᠭᠢᠨ ᠬᠣᠱᠢᠭᠤᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠬᠠᠪᠰᠤᠷᠤᠯᠭ᠎ᠠ ᠳᠤᠤᠷ᠎ᠠ ᠤᠯᠠᠨ ᠤᠰᠤ ᠭᠠᠴᠠᠭᠠᠨ᠎ᠤ ᠬᠠᠮᠲᠤ᠎ᠶ᠋ᠢᠨ ᠠᠵᠤ ᠠᠬᠤᠶ ᠲᠠᠰᠤᠷᠠᠯᠲᠠ ᠥᠬᠡᠶ ᠪᠤᠵᠠᠭᠠᠢᠷᠠᠪᠠ᠃ 《ᠬᠣᠭ ᠨᠣᠪᠰᠢ᠎ᠶ᠋ᠢ ᠴᠡᠪᠡᠷᠯᠡᠨ ᠲᠡᠭᠡᠭᠡᠪᠦᠷᠢᠯᠡᠬᠦ᠌ ᠲᠠᠯ᠎ᠠ᠎ᠪᠠᠷ  ᠵᠢᠯ ᠪᠦᠷᠢ 25.6 ᠲᠦᠮᠡᠨ ᠲᠥᠭᠥᠷᠢᠭ᠎ᠦᠨ ᠲᠣᠭ᠍ᠲᠠᠭᠤᠨ ᠣᠷᠣᠯᠭ᠎ᠠ ᠤᠯᠵᠤ᠂ ᠮᠠᠱᠢᠨ ᠲᠦᠷᠢᠶᠡᠰᠦᠯᠡᠬᠦᠯᠬᠦ ᠠᠵᠢᠯ᠎ᠨᠢ ᠵᠠᠬ᠎ᠠ ᠳᠡᠯᠭᠡᠭᠦᠷ᠎ᠦᠨ ᠪᠠᠢᠷᠢ ᠲᠣᠭ᠍ᠲᠠᠭᠠᠯᠲᠠ ᠬᠢᠭᠡᠳ ᠴᠢᠨᠠᠷ ᠰᠠᠢᠲᠠᠶ ᠦᠶ᠋ᠯᠡᠴᠢᠯᠡᠭᠡ᠎ᠪᠡᠷ ᠵᠢᠡᠨ 20.5 ᠲᠦᠮᠡᠨ ᠲᠥᠭᠥᠷᠢᠭ᠎ᠦᠨ ᠠᠱᠢᠭ ᠣᠯᠵᠠᠪᠤᠷᠢ᠎ᠶ᠋ᠢ ᠪᠡᠶᠡᠯᠡᠭᠦᠯᠵᠦ ᠪᠤᠢ᠃ ᠡᠬᠡ ᠲᠠᠯᠪᠢᠵᠤ ᠲᠥᠯ ᠬᠤᠷᠢᠶᠠᠬᠤ ᠪᠠ ᠣᠯᠠᠨ ᠴᠢᠳᠠᠪᠬᠢᠲᠤ ᠲᠡᠵᠢᠭᠡᠨ ᠦᠷᠡᠵᠢᠭᠦᠯᠬᠦ᠌ ᠬᠠᠱᠢᠶ᠎ᠠ ᠰᠠᠷᠠᠪᠴᠢ ᠲᠦᠷᠢᠶᠡᠰᠦᠯᠡᠬᠦᠯᠬᠦ ᠲᠥᠷᠥᠯ ᠵᠦᠶ᠋ᠯ ᠴᠦ᠍ 8.1 ᠲᠦᠮᠡᠨ ᠲᠥᠭᠥᠷᠢᠭ᠎ᠦᠨ ᠣᠷᠣᠯᠭ᠎ᠠ ᠵᠢ ᠡᠬᠦᠳᠦᠨ᠂ 2024 ᠣᠨ᠎ᠳᠤ ᠭᠠᠴᠠᠭᠠᠨ᠎ᠤ ᠬᠠᠮᠲᠤ᠎ᠶ᠋ᠢᠨ ᠠᠵᠤ ᠠᠬᠤᠶ᠎ᠶ᠋ᠢᠨ ᠣᠷᠣᠯᠭ᠎ᠠ 54.2 ᠲᠦᠮᠡᠨ ᠲᠥᠭᠥᠷᠢᠭ᠎ᠲᠦ ᠬᠦᠷᠴᠡᠢ》 ᠭᠡᠵᠦ ᠬᠠᠩᠭᠢᠨ ᠬᠣᠱᠢᠭᠤᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠤᠨ ᠤᠯᠠᠨ ᠤᠰᠤ ᠭᠠᠴᠠᠭ᠎ᠠ ᠳ᠋ᠤ ᠲᠣᠮᠢᠯᠠᠭ᠍ᠰᠠᠨ ᠨᠢᠭᠡᠳᠦᠭᠡᠷ ᠱᠦᠵᠢ ᠲᠠᠨᠢᠯᠴᠠᠭᠤᠯᠵᠤ ᠪᠠᠢᠯ᠎ᠠ᠃ ᠲᠡᠬᠦᠨ᠎ᠤ ᠲᠠᠨᠢᠯᠴᠠᠭᠤᠯᠤᠭᠰᠠᠨ ᠵᠢᠡᠷ᠂ ᠠᠷᠠᠳ᠎ᠤᠨ ᠰᠠᠭᠤᠴᠠ᠎ᠶ᠋ᠢᠨ ᠲᠥᠷᠥᠯ ᠵᠦᠶ᠋ᠯ᠎ᠢ ᠪᠥᠬᠥ᠌ ᠲᠠᠯ᠎ᠠ᠎ᠪᠠᠷ ᠡᠵᠡᠩᠨᠡᠬᠦ᠌᠎ᠶ᠋ᠢ ᠳᠠᠭᠠᠯᠳᠤᠨ᠂ ᠵᠢᠱ᠌ᠢᠯᠲᠡ᠎ᠪᠡᠷ 2025 ᠣᠨ᠎ᠳᠤ ᠲᠣᠰ ᠭᠠᠴᠠᠭ᠎ᠠ᠎ᠳᠤ 50 ᠲᠦᠮᠡᠨ ᠲᠥᠭᠥᠷᠢᠭ᠎ᠦᠨ ᠣᠷᠣᠯᠭ᠎ᠠ ᠡᠬᠦᠳᠴᠦ᠂ ᠭᠠᠴᠠᠭᠠᠨ᠎ᠤ ᠦᠷᠭᠦᠯᠵᠢᠯᠡᠨ ᠬᠥᠭ᠌ᠵᠢᠬᠦ᠌᠎ᠳᠦ ᠬᠦᠴᠦᠲᠡᠶ ᠬᠥᠳᠡᠯᠭᠡᠬᠦ᠌ ᠬᠦᠴᠦᠨ ᠨᠡᠮᠡᠷᠢᠯᠡᠬᠦ ᠪᠤᠯᠤᠨ᠎ᠠ᠃

ᠬᠠᠪᠰᠤᠷᠤᠯᠴᠠᠭ᠎ᠠ ᠪᠠᠢᠭᠤᠯᠤᠨ ᠬᠠᠪᠰᠤᠷᠤᠨ ᠲᠡᠳᠬᠦᠬᠦ᠌ ᠪᠠ ᠠᠵᠤ ᠦᠶ᠋ᠯᠡᠰ᠎ᠢᠶᠡᠷ ᠲᠡᠳᠬᠦᠬᠦ᠌᠎ᠪᠡᠷ ᠳᠡᠮᠵᠢᠨ ᠬᠠᠩᠭᠢᠨ ᠬᠣᠱᠢᠭᠤ ᠲᠤᠬᠠᠶ᠎ᠶ᠋ᠢᠨ ᠭᠠᠵᠠᠷ᠎ᠤᠨ ᠠᠵᠤ ᠠᠬᠤᠶ᠎ᠶ᠋ᠢᠨ ᠪᠣᠳᠠᠲᠤ ᠬᠦᠴᠦᠨ᠎ᠢ ᠳᠡᠭᠡᠭ᠌ᠰᠢᠯᠡᠭᠦᠯᠦᠭ᠌ᠰᠡᠨ᠎ᠢᠶᠡᠷ ᠪᠠᠷᠠᠬᠤ ᠥᠬᠡᠶ᠂ ᠠᠷᠠᠳ᠎ᠤᠨ ᠰᠠᠭᠤᠴᠠ᠎ᠶ᠋ᠢᠨ ᠠᠵᠤ ᠦᠶ᠋ᠯᠡᠰ᠂ ᠠᠵᠤ ᠠᠬᠤᠢᠯᠠᠯ᠎ᠤᠨ ᠪᠣᠯᠪᠠᠰᠤᠷᠠᠯ ᠵᠡᠷᠭᠡ ᠣᠯᠠᠨ ᠡᠱᠢᠲᠦ ᠠᠷᠭ᠎ᠠ ᠬᠡᠮᠵᠢᠶ᠎ᠡ᠎ᠪᠡᠷ ᠡᠯ᠎ᠡ ᠦᠨᠳᠦᠰᠦᠲᠡᠨ᠎ᠦ ᠰᠣᠯᠢᠯᠴᠠᠭ᠎ᠠ ᠠᠭᠤᠰᠤᠯᠴᠠᠯ᠎ᠤᠨ ᠪᠠᠲᠤ ᠬᠥᠭᠥᠷᠭᠡ᠎ᠶ᠋ᠢ ᠪᠠᠢᠭᠤᠯᠵᠠᠢ᠃ ᠡᠨᠡ ᠬᠦ᠌ ᠭᠠᠵᠠᠷ ᠣᠷᠣᠨ᠎ᠤ ᠪᠠᠢᠳᠠᠯ᠎ᠳᠠᠭᠠᠨ ᠲᠤᠬᠢᠷᠠᠭᠤᠯᠤᠨ᠂ ᠬᠠᠮᠵᠢᠯᠴᠠᠨ ᠬᠣᠯᠪᠣᠭᠠᠯᠠᠨ ᠬᠥᠳᠡᠯᠦᠯᠴᠡᠬᠦ᠌ ᠬᠥᠭ᠌ᠵᠢᠯᠲᠡ᠎ᠶ᠋ᠢᠨ ᠵᠠᠭ᠍ᠪᠤᠷ ᠨᠢ ᠥᠪᠡᠷᠲᠡᠭᠡᠨ ᠵᠠᠰᠠᠬᠤ ᠣᠷᠣᠨ᠎ᠤ 《ᠭᠤᠷᠪᠠᠨ ᠵᠦᠢᠯ ᠤ᠋ᠨ ᠲᠥᠯᠥᠪᠯᠡᠭᠡ》 ᠵᠢᠨ ᠪᠠᠢᠯᠳᠤᠬᠤ ᠪᠤᠳᠤᠯᠭ᠎ᠠ᠎ᠶ᠋ᠢᠨ ᠪᠠᠢᠷᠢᠯᠠᠭᠤᠯᠤᠯᠲᠠ᠎ᠲᠠᠶ ᠨᠠᠷᠢᠯᠢᠭ ᠤᠨᠤᠴᠠᠲᠠᠢ ᠨᠡᠢᠴᠡᠵᠦ᠍᠂ ᠦᠨᠳᠦᠰᠦᠲᠡᠨ᠎ᠨᠦᠭᠦᠳ᠎ᠦᠨ ᠬᠠᠮᠲᠤ᠎ᠪᠠᠷ ᠪᠦᠯᠬᠦᠮᠳᠡᠨ ᠲᠡᠮᠡᠴᠡᠬᠦ᠌᠂ ᠬᠠᠮᠲᠤ᠎ᠪᠠᠷ ᠴᠡᠴᠡᠭ᠌ᠯᠡᠨ ᠬᠥᠭ᠌ᠵᠢᠬᠦ᠌ ᠬᠠᠷᠠᠯᠲᠠ᠎ᠶ᠋ᠢ ᠪᠡᠶᠡᠯᠡᠭᠦᠯᠬᠦ᠌᠎ᠳᠦ ᠪᠠᠲᠤ ᠪᠡᠬᠢ ᠦᠢᠯᠡᠳᠦᠯᠭᠡ᠎ᠶ᠋ᠢᠨ ᠲᠤᠯᠭᠠᠭᠤᠷᠢᠯᠠᠯ ᠬᠠᠩᠭᠠᠵᠤ᠂ ᠦᠨᠳᠦᠰᠦᠲᠡᠨ᠎ᠨᠦᠭᠦᠳ᠎ᠦᠨ ᠬᠠᠮᠲᠤ᠎ᠪᠠᠷ ᠬᠥᠭ᠌ᠵᠢᠬᠦ᠌ ᠠᠶᠠᠨ᠎ᠳᠠᠭᠠᠨ ᠭᠠᠷ ᠬᠣᠯᠪᠣᠨ ᠬᠠᠮᠲᠤ᠎ᠪᠠᠷ ᠤᠷᠤᠭ᠍ᠰᠢᠯᠠᠬᠤ᠎ᠶ᠋ᠢ ᠠᠬᠢᠭᠤᠯᠵᠤ᠂ ᠦᠨᠳᠦᠰᠦᠲᠡᠨ᠎ᠦ ᠪᠦᠯᠬᠦᠮᠳᠡᠯ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠱᠢᠨ᠎ᠡ ᠬᠠᠭᠤᠳᠠᠰᠤ᠎ᠶ᠋ᠢ ᠬᠠᠮᠲᠤ᠎ᠪᠠᠷ ᠵᠢᠷᠤᠭ᠍ᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号