ᠣᠰᠣᠨ ᠤ᠋ ᠭᠠᠢᠬᠠᠮᠰᠢᠬ
2025-11-17 11:33:01
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠷᠠᠰᠢᠶᠠᠨ ᠮᠡᠲᠦ ᠣᠰᠣ ᠪᠠᠨ ᠠᠷᠪᠢᠯᠠᠵᠦ ᠭᠠᠮᠨᠠᠬᠣ ᠨᠢ ᠵᠦᠢᠲᠡᠢ ᠭᠡᠯᠲᠡᠢ


《ᠣᠬᠲᠣᠯᠬᠣ ᠳ᠋ᠦ ᠣᠷᠣ ᠦᠭᠡᠢ᠂ ᠴᠠᠪᠴᠢᠬᠣ ᠳ᠋ᠦ ᠮᠦᠷ ᠦᠭᠡᠢ》 ᠣᠰᠣ ᠭᠡᠮᠡᠬᠦ ᠭᠠᠢᠬᠠᠮᠰᠢᠬ ᠲᠠᠢ ᠵᠦᠢᠯ ᠢ᠋ ᠪᠢᠳᠡ ᠪᠦᠬᠦᠨ ᠶᠠᠭᠣ ᠠᠨᠲᠠᠬᠣ ᠠᠵᠢ? ᠲᠣᠲᠣᠷᠠᠭᠣᠯᠵᠦ ᠬᠡᠯᠡᠪᠡᠯ᠂ ᠡᠳᠦᠷ ᠪᠣᠯᠭᠠᠨ ᠪᠢᠳᠡ ᠣᠣᠭᠣᠵᠦ ᠣᠬᠢᠶᠠᠵᠦ ᠣᠮᠪᠠᠬᠣ ᠭᠡᠬᠦᠴᠢᠯᠡᠨ ᠣᠰᠣ ᠵᠢ ᠠᠰᠢᠬᠯᠠᠵᠦ ᠬᠡᠷᠡᠭᠯᠡᠲᠡᠭ᠃ ᠡᠷᠳᠡᠮᠲᠡᠳ ᠤ᠋ᠨ ᠰᠣᠲᠣᠯᠣᠬᠰᠠᠨ ᠶ᠋ᠢᠡᠷ᠂ ᠬᠦᠮᠦᠰ ᠣᠰᠣ ᠣᠣᠭᠣᠭᠠᠳ ᠦᠯ ᠬᠣᠭᠣᠯᠠ ᠵᠠᠯᠭᠠᠬᠣ ᠦᠭᠡᠢ ᠪᠣᠯ ᠬᠣᠶᠠᠷ ᠭᠠᠷᠠᠬ ᠲᠡᠰᠴᠦ ᠲᠠᠢᠯᠬᠦ ᠠᠲᠠᠯ᠎ᠠ ᠣᠰᠣ ᠣᠣᠭᠣᠬᠣ ᠦᠭᠡᠢ ᠪᠣᠯ ᠬᠠᠷᠢᠨ ᠬᠡᠳᠦᠬᠡᠨ ᠡᠳᠦᠷ ᠠᠷᠭᠠᠴᠠᠭᠠᠵᠦ ᠲᠡᠢᠯᠲᠡᠭ ᠠᠵᠢ᠃ ᠡᠨᠡ ᠨᠢ ᠣᠰᠣ ᠪᠣᠯ ᠠᠮᠢ ᠨᠠᠰᠣᠨ ᠤ᠋ ᠡᠬᠢ ᠰᠣᠷᠪᠣᠯᠵᠢ ᠭᠡᠰᠨᠨ ᠦᠭᠡ᠃ ᠨᠡᠩ ᠰᠣᠨᠢᠷᠬᠠᠯᠲᠠᠢ ᠨᠢ ᠲᠡᠯᠡᠬᠡᠢ ᠵᠢᠨ ᠪᠦᠮᠪᠦᠷᠴᠡᠭ ᠤ᠋ᠨ ᠭᠠᠲᠠᠷᠭᠣ ᠵᠢᠨ 70% ᠨᠢ ᠣᠰᠣ ᠪᠡᠷ ᠪᠦᠷᠬᠦᠭᠲᠡᠵᠦ ᠪᠠᠢᠲᠠᠬ ᠪᠦᠭᠡᠳ ᠬᠦᠮᠦᠨ ᠤ᠋ ᠪᠡᠶ᠎ᠡ ᠵᠢᠨ ᠲᠣᠲᠣᠭᠠᠲᠣ ᠳ᠋ᠦ ᠠᠭᠣᠯᠣᠬᠲᠠᠵᠦ ᠪᠠᠢᠭ᠎ᠠ ᠣᠰᠣᠨ ᠤ᠋ ᠬᠡᠮᠵᠢᠶ᠎ᠡ ᠨᠢ ᠴᠦ᠍ 70% ᠣᠷᠴᠢᠮ ᠪᠠᠢᠲᠠᠬ ᠶᠣᠮ᠃ ᠡᠬᠡ ᠪᠠᠢᠭᠠᠯᠢ ᠬᠢᠭᠡᠳ ᠬᠦᠮᠦᠨ ᠲᠦᠷᠦᠯᠬᠢᠲᠡᠨ ᠤ᠋ ᠨᠠᠷᠢᠨ ᠰᠢᠷᠢᠨ ᠬᠠᠷᠢᠴᠠᠭ᠎ᠠ ᠬᠣᠯᠪᠣᠭ᠎ᠠ ᠵᠢ ᠬᠠᠷᠠᠭᠣᠯᠣᠬᠰᠠᠨ ᠡᠨᠡ᠎ᠬᠦ  ᠲᠣᠭ᠎ᠠ ᠬᠠᠷᠢᠴᠠᠯ ᠨᠢ ᠠᠯᠪᠠ ᠪᠡᠷ ᠡᠪᠯᠡᠬᠦᠯᠵᠦ ᠲᠠᠭᠠᠷᠠᠭᠣᠯᠣᠬᠰᠠᠨ ᠪᠢᠰᠢ ᠭᠡᠬᠦ ᠳ᠋ᠦ ᠦᠨᠡᠬᠡᠷ ᠢᠲᠡᠭᠡᠵᠦ ᠶᠠᠲᠠᠮᠠᠷ᠃

ᠣᠰᠣᠨ ᠤ᠋ ᠣᠬᠰᠠᠭ᠎ᠠ ᠲᠦᠷᠦᠯ ᠣᠯᠠᠨ ᠮᠦᠷᠲᠡᠭᠡᠨ ᠣᠯᠠᠷᠢᠵᠦ ᠬᠣᠪᠢᠷᠠᠬᠣ ᠨᠢ ᠴᠦ᠍ ᠵᠦᠩᠲᠡᠬᠡᠨ᠃ ᠪᠣᠷᠣᠭᠠᠨ᠂ ᠴᠠᠰᠣ᠂ ᠪᠣᠯᠠᠬ᠂ ᠱᠠᠩᠲᠠ᠂ ᠮᠦᠨᠳᠦᠷ᠂ ᠰᠢᠬᠦᠲᠡᠷᠢ᠂ ᠮᠦᠷᠡᠨ᠂ ᠭᠣᠣᠯ ᠭᠡᠬᠦᠴᠢᠯᠡᠨ ᠪᠦᠷ ᠯᠠ ᠣᠰᠣᠨ ᠤ᠋ ᠰᠠᠲᠣᠨ ᠲᠦᠷᠦᠯ᠂ ᠣᠯᠠᠷᠢᠬᠣ ᠬᠡᠯᠪᠡᠷᠢ ᠪᠣᠯᠣᠨ᠎ᠠ᠃ ᠣᠷᠣᠰᠬᠠᠯ ᠣᠰᠣᠨ ᠲᠠᠷᠣᠣ ᠨᠣᠮᠣᠬᠠᠨ ᠦᠶ᠎ᠠ ᠳ᠋ᠡᠭᠡᠨ ᠲᠠᠷᠢᠶ᠎ᠠ ᠲᠦᠮᠦᠰᠦ ᠵᠢ ᠣᠮᠲᠠᠯᠠᠵᠦ᠂ ᠲᠠᠪᠣᠨ ᠬᠣᠰᠢᠭᠣ ᠮᠠᠯ ᠤ᠋ᠨ ᠲᠡᠵᠢᠭᠡᠯ ᠪᠣᠯᠵᠦ᠂ ᠲᠣᠯᠢ ᠮᠡᠲᠦ ᠲᠣᠩᠭᠠᠯᠠᠬ ᠶ᠋ᠢᠡᠷ ᠲᠣᠨᠣᠷᠠᠨ ᠮᠠᠯᠮᠠᠯᠵᠠᠨ᠎ᠠ ᠃ ᠲᠠᠪᠠᠭᠣᠷᠠᠵᠦ ᠲᠣᠬᠰᠢᠷᠠᠪᠠᠯ ᠪᠠᠰᠠ ᠦᠶᠡᠷᠯᠡᠨ ᠲᠠᠪᠠᠯᠭᠠᠯᠠᠵᠦ ᠂ ᠦᠷᠲᠦᠭᠰᠨᠨ ᠪᠦᠬᠦᠨ ᠶ᠋ᠢᠡᠨ ᠬᠣᠮᠢᠵᠦ ᠵᠠᠯᠬᠢᠮᠠᠷ ᠠᠬᠰᠣᠮᠨᠠᠵᠦ᠂ ᠭᠠᠵᠠᠷ ᠲᠡᠭᠷᠢ ᠵᠢ ᠨᠡᠢᠯᠡᠲᠡᠯ᠎ᠡ ᠨᠢ ᠂ ᠭᠠᠯᠪᠠ ᠲᠡᠯᠡᠬᠡᠢ ᠵᠢ ᠬᠡᠢᠰᠲᠡᠯ᠎ᠡ ᠨᠢ ᠬᠦᠴᠦᠲᠡᠢ ᠰᠢᠭᠣᠷᠲᠠᠬ ᠪᠢᠯᠡ᠃ ᠣᠰᠣ ᠬᠠᠯᠠᠪᠠᠯ ᠠᠭᠣᠷ ᠪᠣᠯᠣᠨ ᠠᠭᠠᠷ ᠲᠦ᠍ ᠲᠡᠭᠲᠡᠵᠦ᠂ ᠬᠠᠲᠠᠭᠣᠷᠠᠪᠠᠯ ᠪᠠᠰᠠ ᠮᠦᠰᠦ ᠪᠣᠯᠣᠨ ᠬᠦᠯᠲᠡᠵᠦ᠂ ᠣᠯᠠᠷᠢᠯ ᠶ᠋ᠢᠡᠨ ᠲᠠᠭᠠᠵᠦ᠂ ᠣᠷᠴᠢᠨ ᠳ᠋ᠠᠭᠠᠨ ᠵᠣᠬᠢᠴᠠᠵᠦ ᠬᠠᠯᠠᠭᠣᠨ ᠬᠦᠢᠲᠡᠨ ᠲᠠᠢ ᠣᠶᠠᠯᠲᠣᠨ ᠣᠯᠠᠨ ᠶᠠᠩᠵᠦ ᠪᠡᠷ ᠬᠣᠪᠢᠷᠠᠲᠠᠬ ᠶᠣᠮ᠃

ᠡᠪᠦᠭᠡ ᠲᠡᠭᠡᠲᠦᠰ ᠮᠠᠨᠢ 《ᠣᠰᠣᠨ ᠤ᠋ ᠲᠣᠩᠭᠠᠯᠠᠬ᠂ ᠡᠪᠡᠰᠦᠨ ᠤ᠋ ᠰᠣᠷᠭᠣᠬ》 ᠎ᠢ᠋ ᠲᠠᠭᠠᠵᠦ ᠨᠡᠬᠦᠲᠡᠯᠯᠡᠨ ᠮᠠᠯᠵᠢᠵᠦ ᠠᠮᠢᠲᠣᠷᠠᠲᠠᠬ᠃ ᠠᠮᠢ ᠠᠬᠣᠢ ᠪᠠᠨ ᠬᠠᠮᠠᠭᠠᠯᠠᠵᠦ᠂ ᠣᠷᠴᠢᠨ ᠲᠣᠭᠣᠷᠢᠨ ᠳ᠋ᠠᠭᠠᠨ ᠵᠣᠬᠢᠴᠠᠬᠰᠠᠨ ᠠᠮᠢᠲᠣᠷᠠᠯ ᠤ᠋ᠨ ᠣᠬᠠᠭᠠᠨ ᠭᠡᠵᠦ ᠲᠡᠷᠡ᠃  ᠣᠢᠷ᠎ᠠ ᠵᠡᠷᠭᠡᠯᠡᠲᠡᠭᠡ ᠨᠡᠢᠯᠡᠵᠦ ᠰᠠᠭᠣᠬᠰᠠᠨ ᠠᠢᠯ ᠤ᠋ᠤᠨ ᠶ᠋ᠢᠡᠨ ᠪᠢᠳᠡ ᠣᠰᠣ ᠪᠡᠷ ᠣᠨᠴᠠᠯᠠᠨ ᠲᠣᠲᠣᠳᠬᠠᠵᠦ ᠬᠣᠲᠠ ᠣᠰᠣ ᠬᠡᠮᠡᠨ ᠬᠠᠮᠲᠣᠷᠠᠭᠣᠯᠣᠨ ᠨᠡᠷᠡᠯᠡᠲᠡᠭ᠃ ᠲᠡᠷᠡ ᠵᠢᠯ ᠮᠠᠨ ᠤ᠋ ᠬᠢᠨ ᠤ᠋ ᠲᠠᠷᠣᠭᠣᠯ ᠬᠣᠳᠲᠣᠬ ᠡᠪᠲᠡᠷᠡᠵᠦ᠂ ᠬᠡᠳᠦᠨ ᠡᠳᠦᠷ ᠬᠦᠷᠰᠢ ᠠᠢᠯ ᠡᠴᠡ ᠪᠠᠨ ᠣᠰᠣ ᠵᠦᠭᠡᠭᠡᠵᠦ ᠣᠮᠲᠠ ᠲᠠᠷᠣᠬᠰᠠᠨ ᠪᠢᠯᠡ᠃ ᠰᠠᠭᠣᠯᠠᠭ᠎ᠠ ᠲᠦᠬᠦᠷᠡᠩ ᠮᠡᠯᠮᠡᠯᠵᠡᠬᠦ ᠣᠰᠣ ᠵᠢ ᠬᠠᠷᠠᠭᠠᠳ ᠰᠡᠳᠬᠢᠯ ᠲᠣᠬᠲᠣᠯᠵᠦ᠂ ᠲᠣᠰᠠ ᠵᠢ ᠨᠢ ᠪᠣᠲᠣᠬᠣ ᠲᠣᠰᠣᠮ ᠶ᠋ᠢᠡᠨ 《 ᠠᠢᠯ ᠬᠦᠮᠦᠨ ᠤ᠋ ᠠᠮᠢ ᠨᠢ ᠨᠢᠭᠡ᠂ ᠰᠠᠭᠠᠬᠠᠯᠲᠠ ᠬᠦᠮᠦᠨ ᠤ᠋ ᠰᠠᠨᠠᠭ᠎ᠠ ᠨᠢᠭᠡ》 ᠭᠡᠬᠦ ᠮᠡᠷᠭᠡᠨ ᠦᠭᠡ ᠶ᠋ᠢᠡ ᠴᠢᠨᠠᠲᠣ ᠣᠳᠬ᠎ᠠ ᠵᠢ ᠨᠡᠩ ᠬᠦᠨᠵᠡᠭᠡᠢ ᠣᠬᠠᠭᠠᠷᠠᠬᠣ ᠪᠣᠯᠣᠬᠰᠠᠨ ᠶᠣᠮ ᠃

ᠣᠰᠣᠨ ᠤ᠋ ᠣᠪᠠᠲᠢᠰ ᠴᠢᠲᠠᠯ ᠭᠡᠵᠦ ᠡᠬᠦᠪᠡᠷ ᠵᠣᠬᠰᠣᠬᠣ ᠦᠭᠡᠢ᠃ ᠰᠠᠷᠠᠪᠴᠢᠨ ᠡᠴᠡ ᠲᠣᠰᠣᠯᠠᠬᠰᠠᠨ ᠣᠰᠣ ᠴᠢᠯᠠᠭᠣᠨ ᠢᠨᠲᠡᠷ ᠢ᠋ ᠴᠣᠭᠣᠯᠬᠣ ᠭᠠᠢᠬᠠᠮᠰᠢᠬ ᠲᠠᠢ ᠶᠣᠮ ᠃ ᠡᠬᠦᠨ ᠢ᠋ ᠰᠣᠨᠣᠰᠣᠬᠰᠠᠨ ᠪᠦᠬᠦᠨ ᠣᠰᠣ ᠪᠣᠯ ᠣᠶᠠᠨ ᠵᠦᠭᠡᠯᠡᠨ᠂ ᠴᠢᠯᠠᠭᠣ ᠶ᠋ᠢᠨ ᠴᠢᠨᠠᠷ ᠬᠠᠲᠠᠭᠣ ᠭᠡᠵᠦ ᠬᠡᠨ ᠬᠦᠮᠦᠨ ᠤ᠋ ᠶᠠᠷᠢᠬᠰᠠᠨ ᠢ᠋ ᠢᠲᠡᠭᠡᠵᠦ ᠶᠠᠲᠠᠬᠣ ᠶᠣᠮ᠃ ᠣᠰᠣ ᠬᠠᠷᠠᠬᠰᠠᠨ ᠬᠦᠮᠦᠨ ᠣᠢᠳᠲᠠᠬ ᠦᠭᠡᠢ ᠭᠡᠵᠦ ᠡᠪᠦᠭᠡᠴᠦᠦᠯ ᠶᠠᠷᠢᠲᠠᠬ᠃ ᠣᠰᠣ ᠨᠢ ᠪᠣᠬᠢᠷ ᠪᠣᠷᠲᠠᠬ ᠢ᠋ ᠠᠷᠢᠯᠭᠠᠬᠣ ᠪᠡᠷ ᠪᠠᠷᠠᠬᠣ ᠦᠭᠡᠢ ᠪᠠᠰᠠ ᠪᠣᠲᠣᠯ ᠤ᠋ᠨ ᠮᠠᠨᠠᠨ ᠢ᠋ ᠦᠯᠲᠡᠬᠦ ᠰᠢᠲᠢ ᠲᠠᠢ ᠪᠠᠢᠵᠦ ᠳ᠋ᠠ᠃ ᠬᠦᠮᠦᠨ ᠲᠦᠷᠦᠯᠬᠢᠲᠡᠨ ᠤ᠋ ᠰᠣᠶᠣᠯ ᠪᠣᠯᠪᠠᠰᠣᠨ ᠤ᠋ ᠲᠡᠦᠬᠡ ᠵᠢ ᠰᠡᠬᠦᠵᠦ ᠣᠷᠪᠠᠭᠣᠯᠪᠠᠯ᠂ ᠪᠦᠷ ᠯᠡ ᠣᠰᠣ ᠭᠣᠣᠯ ᠲᠠᠭᠠᠣ ᠬᠠᠪᠢᠲᠠᠬᠰᠠᠨ ᠭᠠᠵᠠᠷ ᠣᠷᠣᠨ ᠶ᠋ᠢᠡᠷ ᠡᠰᠡᠨᠢᠵᠦ ᠬᠦᠪᠦᠷᠡᠭᠰᠡᠨ ᠵᠢᠮ᠎ᠠ ᠲᠠᠢ ᠪᠢᠯᠡ᠃ 《ᠣᠰᠣᠨ ᠤ᠋ ᠣᠢᠷ᠎ᠠ ᠨᠢ ᠰᠠᠢᠨ᠂ ᠣᠷᠣᠬ ᠤ᠋ᠨ ᠬᠣᠯᠠ ᠨᠢ ᠰᠠᠢᠨ》 ᠭᠡᠵᠦ ᠮᠦᠨ ᠡᠬᠦᠨ ᠢ᠋ ᠬᠡᠯᠡᠭᠰᠡᠨ ᠪᠣᠯᠪᠠᠣ?

《ᠣᠣᠭᠣᠬᠰᠠᠨ ᠣᠰᠣ ᠷᠠᠰᠢᠶᠠᠨ ᠣᠨᠠᠬᠰᠠᠨ ᠰᠢᠷᠣᠢ ᠠᠯᠲᠠ》 ᠭᠡᠵᠦ ᠬᠦᠮᠦᠰ ᠲᠠᠭᠣᠯᠠᠵᠦ ᠰᠢᠯᠦᠭᠯᠡᠲᠡᠭ᠃ ᠲᠡᠢᠮᠦ ᠡ᠂ ᠷᠠᠰᠢᠶᠠᠨ ᠮᠡᠲᠦ ᠣᠰᠣ ᠪᠠᠨ ᠠᠷᠪᠢᠯᠠᠵᠦ ᠭᠠᠮᠨᠠᠬᠣ ᠨᠢ ᠵᠦᠢᠲᠡᠢ ᠭᠡᠯᠲᠡᠢ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号