《ᠡᠨᠡ ᠤᠳᠠᠭ᠎ᠠ ᠵᠢᠨ ᠠᠷᠠᠳ᠎ᠤᠨ ᠰᠠᠭᠰᠤᠨ ᠪᠦᠮᠪᠦᠭᠡ᠎ᠵᠢᠨ ᠤᠷᠤᠯᠳᠤᠭᠠᠨ᠎ᠳᠤ ᠪᠥᠬᠥ᠌ ᠤᠯᠤᠰ᠎ᠤᠨ ᠨᠡᠢᠲᠡ 32 ᠪᠥᠮᠪᠥᠭᠡᠨ ᠠᠩᠭᠢ ᠣᠷᠣᠯᠴᠠᠵᠤ᠂ 81 ᠲᠠᠯᠠᠪᠤᠷ ᠤᠷᠤᠯᠳᠤᠭᠠᠨᠦᠷᠨᠢᠭᠦᠯᠦᠨ᠂ᠦᠵᠡᠭᠴᠢᠳ᠎ᠤᠨ ᠲᠤᠭ᠎ᠠ 100 ᠲᠦᠮᠡ᠎ᠵᠢ ᠳᠠᠪᠠᠵᠤ᠂ ᠪᠥᠬᠥ᠌ ᠰᠦᠯᠵᠢᠶᠡᠨ᠎ᠦ ᠲᠠᠷᠤᠮ᠎ᠤᠨ ᠲᠣᠭ᠎ᠠ 3 ᠳ᠋ᠦᠩᠱᠢᠭᠤᠷ ᠤᠳᠠᠭ᠎ᠠ᠎ᠳᠤ ᠬᠦᠷᠴᠤ᠂ ᠨᠡᠢᠲᠡ 20 ᠲᠦᠮᠡᠨ ᠵᠢᠭᠤᠯᠴᠢᠯᠠᠭ᠍ᠰᠠᠳ᠎ᠢ ᠭᠥᠯᠢᠶᠡᠨ ᠠᠪᠴᠤ᠌᠂ ᠲᠠᠷᠢᠶᠠᠯᠠᠩ᠎ᠤᠨ ᠪᠦᠲᠦᠭᠡᠭ᠌ᠳᠡᠬᠦᠨ᠎ᠦ ᠠᠱᠢᠭ ᠣᠷᠣᠯᠭ᠎ᠠ 17 ᠲᠦᠮᠡᠨ ᠲᠥᠭᠥᠷᠢᠭ᠎ᠲᠦ ᠬᠦᠷᠴᠦ᠍᠂ 400 ᠭᠠᠷᠤᠶ ᠲᠣᠰᠭᠣᠨ᠎ᠤ ᠠᠷᠠᠳ᠎ᠤᠨ ᠠᠵᠢᠯ ᠣᠯᠭᠣᠯᠲᠠ᠎ᠶ᠋ᠢ ᠳᠠᠢᠴᠢᠯᠠᠠ᠂ ᠵᠢᠭᠤᠯᠴᠢᠯᠠᠯ᠎ᠤᠨ ᠣᠷᠣᠯᠭ᠎ᠠ 150 ᠲᠦᠮᠡᠨ ᠲᠥᠭᠥᠷᠢᠭ᠎ᠢ ᠳᠠᠪᠠᠵᠠᠢ》᠃
9 ᠰᠠᠷ᠎ᠠ᠎ᠶ᠋ᠢᠨ 16᠎ᠤ᠋ ᠡᠳᠦᠷ᠎ᠦᠨ ᠥᠷᠯᠥᠭᠡ ᠡᠷᠲᠡ᠂ ᠤᠯᠠᠭᠠᠨᠬᠠᠳᠠ ᠬᠣᠲᠠ᠎ᠶ᠋ᠢᠨ ᠶᠤᠸᠠᠨ ᠪᠦᠦ ᠱᠠᠨ ᠲᠣᠭᠣᠷᠢᠭ᠎ᠤᠨ ᠶᠤᠸᠠᠨ ᠪᠦᠦ ᠱᠠᠨ ᠪᠠᠯᠭᠠᠰᠤᠨ᠎ᠤ ᠵᠢᠶᠠᠨ ᠴᠠᠩ ᠶᠢᠩ ᠲᠣᠰᠭᠣᠨ᠎ᠤ ᠨᠠᠮ᠎ᠤᠨ ᠬᠤᠷᠢᠶ᠎ᠠ᠎ᠵᠢᠨ ᠱᠦᠵᠢ ᠶᠣᠣ ᡁᠢ ᠵᠢᠶᠦ᠋ᠨ ᠺᠤᠮᠫᠢᠥ᠋ᠲᠸᠷ ᠳᠡᠭᠡᠷ᠎ᠡ ᠪᠠᠨ ᠮᠤᠨᠭᠭᠠᠨᠢᠵᠤ᠂ ᠵᠢᠶᠠᠨ ᠴᠠᠩ ᠶᠢᠩ ᠲᠣᠰᠭᠣᠨ᠎ᠤ ᠠᠷᠪᠠᠨ ᠳᠣᠯᠣᠳᠤᠭᠠᠷ ᠬᠤᠭᠤᠴᠠᠭᠠᠨ᠎ᠤ ᠰᠠᠭ᠍ᠰᠤᠨ ᠪᠥᠮᠪᠥᠭᠡ᠎ᠶ᠋ᠢᠨ ᠤᠷᠤᠯᠳᠤᠭᠠᠨ᠎ᠢ ᠳ᠋ᠦᠩᠨᠡᠵᠤ ᠰᠠᠭᠤᠨ᠎ᠠ᠃ ᠲᠣᠰᠭᠣᠨ᠎ᠤ ᠠᠷᠠᠳ᠎ᠤᠨ᠎ᠢᠶᠡᠨ ᠰᠡᠳᠬᠢᠯ᠎ᠢ ᠤᠯᠤᠭᠰᠠᠨ ᠡᠨᠡ ᠲᠣᠰᠭᠣᠨ᠎ᠤ ᠨᠠᠮ᠎ᠤᠨ ᠬᠤᠷᠢᠶ᠎ᠠ᠎ᠵᠢᠨ ᠱᠦᠵᠢ ᠰᠡᠳᠭᠢᠯ ᠵᠢᠷᠦᠬᠡᠨ᠎ᠳᠡᠭᠡᠨ ᠠᠤᠭ᠎ᠠ ᠲᠥᠰᠦᠪ᠎ᠢ ᠵᠢᠷᠤᠭ᠍ᠯᠠᠵᠤ᠂ ᠵᠢᠶᠠᠨ ᠴᠠᠩ ᠶᠢᠩ ᠲᠣᠰᠭᠣᠨ᠎ᠤ ᠡᠨᠡ ᠬᠦ᠌ ᠬᠠᠯᠠᠭᠤᠨ ᠬᠥᠷᠥᠰᠥᠨ ᠳᠡᠭᠡᠷ᠎ᠡ 《ᠲᠣᠰᠭᠣᠨ ᠬᠦᠴᠦᠷᠬᠡᠭ᠌ᠵᠢᠭᠰᠡᠨ ᠠᠷᠠᠳ ᠪᠠᠶᠠᠵᠢᠭᠰᠠᠨ ᠡᠶ᠎ᠡ ᠨᠠᠢᠷᠲᠠᠢ》ᠦᠵᠡᠰᠬᠦᠯᠡᠩᠳᠦ ᠰᠠᠢᠬᠠᠨ ᠬᠠᠭᠤᠳᠠᠰᠤ᠎ᠶ᠋ᠢ ᠪᠢᠴᠢᠭ᠌ᠯᠡᠵᠡᠢ᠃ ᠡᠨᠡ ᠵᠢᠯ ᠲᠡᠷᠡ 《ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ》 ᠵᠢᠨ ᠢᠷᠠᠭᠤ ᠠᠯᠳᠠᠷ᠎ᠢ ᠬᠦᠷᠳᠡᠪᠡ᠃
《ᠲᠣᠰᠭᠣᠨ᠎ᠤ ᠨᠠᠮ᠎ᠤᠨ ᠬᠤᠷᠢᠶ᠎ᠠ᠎ᠵᠢᠨ ᠱᠦᠵᠢ ᠪᠣᠯᠤᠭ᠍ᠰᠠᠨ᠎ᠤ ᠬᠤᠪᠢ᠎ᠳᠤ ᠲᠣᠰᠭᠣᠨ᠎ᠤ ᠠᠷᠠᠳ᠎ᠢᠶᠡᠨ ᠳᠠᠭᠠᠭᠤᠯᠤᠨ ᠪᠠᠶᠠᠵᠢᠵᠦ᠍ ᠤᠳᠤ ᠦᠶ᠎ᠡ᠎ᠶ᠋ᠢᠨ ᠪᠣᠯᠪᠠᠰᠤᠨ ᠠᠮᠢᠳᠤᠷᠠᠯ᠎ᠢ ᠡᠳ᠋ᠯᠡᠬᠦᠯᠬᠦ ᠪᠣᠯ ᠪᠢᠳᠡᠨ᠎ᠤ ᠡᠭᠦᠷᠭᠡ ᠮᠥᠨ᠃ ᠣᠯᠠᠨ᠎ᠢᠶᠠᠷ᠎ᠢᠶᠠᠨ ᠨᠠᠮᠠᠶ᠋ᠢ ᠰᠣᠩᠭᠣᠭ᠍ᠰᠠᠨ ᠶᠤᠮ ᠴᠢᠨᠢ᠂ ᠪᠢ ᠶᠠᠭᠠᠬᠢᠭ᠍ᠰᠠᠨ ᠴᠤ᠌ ᠣᠯᠠᠨ᠎ᠤ ᠢᠲᠡᠭᠡᠯ᠎ᠢ ᠬᠥᠰᠡᠷᠳᠡᠭᠦᠯᠬᠦ᠌ ᠦᠭᠡᠢ》 ᠭᠡᠵᠦ ᠶᠣᠣ ᡁᠢ ᠵᠢᠶᠦ᠋ᠨ ᠬᠡᠯᠡᠪᠡ᠃
2014 ᠣᠨ᠎ᠤ 1 ᠰᠠᠷ᠎ᠠ᠎ᠳᠤ ᠶᠣᠣ ᡁᠢ ᠵᠢᠶᠦ᠋ᠨ ᠵᠢᠶᠠᠨ ᠴᠠᠩ ᠶᠢᠩ ᠲᠣᠰᠭᠣᠨ᠎ᠤ ᠨᠠᠮ᠎ᠤᠨ ᠬᠤᠷᠢᠶ᠎ᠠ᠎ᠵᠢᠨ ᠱᠦᠵᠢ᠎ᠶ᠋ᠢᠨ ᠲᠤᠱᠢᠶᠠᠯ᠎ᠢ ᠡᠭᠦᠷᠭᠡᠯᠡᠪᠡ᠂ ᠲᠡᠷᠡ ᠦᠶ᠎ᠡ᠎ᠶ᠋ᠢᠨ ᠵᠢᠶᠠᠨ ᠴᠠᠩ ᠶᠢᠩ ᠲᠤᠰᠬᠤᠨ ᠶᠠᠭ ᠬᠥᠭ᠌ᠵᠢᠯᠲᠡ᠎ᠶ᠋ᠢᠨ ᠲᠣᠨᠣᠯᠵᠢᠨ ᠵᠠᠮᠲᠡᠭᠡᠷᠡ ᠪᠠᠢᠯ᠎ᠠ᠃ 20 ᠳ᠋ᠤᠭᠠᠷ ᠵᠠᠭᠤᠨ᠎ᠤ ᠨᠠᠶᠠ ᠶᠡᠷᠡᠭᠡᠳ ᠣᠨ᠎ᠳᠤ ᠵᠢᠶᠠᠨ ᠴᠠᠩ ᠶᠢᠩ ᠲᠣᠰᠭᠣᠨ ᠨᠢ ᠶᠤᠸᠠᠨ ᠪᠦᠦ ᠱᠠᠨ᠎ᠤ ᠵᠠᠳᠠᠭᠠᠢ ᠨᠡᠭᠦᠷᠡᠰᠦᠨ ᠠᠭᠤᠷᠬᠠᠢ᠎ᠲᠠᠶ ᠬᠥᠷᠱᠢᠯᠡᠵᠦ᠍᠂ ᠨᠡᠭᠦᠷᠡᠰᠦ᠎ᠪᠡᠷ ᠰᠠᠭᠤᠷᠢ ᠪᠤᠯᠭᠠᠬᠰᠠᠨ ᠬᠥᠭ᠌ᠵᠢᠯ ᠴᠡᠴᠡᠭ᠌ᠯᠡᠯ᠎ᠦᠨ ᠪᠠᠢᠷᠢᠱᠢᠯ᠎ᠢ ᠪᠦᠷᠢᠯᠳᠦᠭᠦᠯᠵᠦ᠍᠂ 《ᠲᠠᠯ᠎ᠠ ᠨᠤᠲᠤᠭ᠎ᠤᠨ ᠬᠤᠸᠠ ᠰᠢ ᠲᠣᠰᠭᠣᠨ》 ᠬᠡᠮᠡᠭ᠌ᠳᠡᠪᠡ᠃ ᠨᠡᠭᠦᠷᠡᠰᠦᠨ᠎ᠦ ᠡᠬᠢ ᠪᠠᠶᠠᠯᠢᠭ ᠡᠳᠦᠷ ᠢᠷᠡᠬᠦᠶ᠎ᠡ ᠬᠤᠮᠰᠠᠳᠠᠬᠤ᠎ᠶ᠋ᠢ ᠳᠠᠭᠠᠯᠳᠤᠨ᠂ ᠥᠩᠭᠡᠷᠡᠭ᠌ᠰᠡᠨ᠎ᠳᠦ ᠣᠮᠣᠭ᠍ᠰᠢᠯ ᠪᠤᠯᠵᠤ ᠪᠠᠢᠭ᠍ᠰᠠᠨ ᠲᠣᠰᠭᠣᠨ᠎ᠡᠴᠡ ᠡᠷᠭᠢᠯᠡᠭ᠌ᠰᠡᠨ ᠠᠵᠤ ᠠᠬᠤᠢᠯᠠᠯ᠎ᠤᠨ ᠦᠷ᠎ᠡ ᠠᠱᠢᠭ ᠨᠢ ᠲᠠᠰᠤᠷᠠᠯᠲᠠ ᠥᠬᠡᠶ ᠪᠠᠭᠤᠷᠠᠵᠤ᠂ 《ᠬᠠᠷ᠎ᠠ ᠠᠯᠲᠠ》 ᠵᠢᠨ ᠠᠰᠢᠭ ᠤᠷᠤᠯᠭ᠎ᠠ ᠵᠢᠨ ᠪᠠᠢᠳᠠᠯ ᠪᠤᠴᠠᠰᠢ ᠦᠬᠡᠢ ᠠᠯᠠᠭ᠎ᠠ ᠪᠤᠯᠵᠠᠢ᠃
《ᠪᠢᠳᠡ ᠦᠬᠦᠬᠦ᠌᠎ᠪᠡᠨ ᠬᠦᠯᠢᠶᠡᠵᠦ᠍ ᠰᠠᠭᠤᠵᠤ ᠪᠣᠯᠬᠤ ᠦᠭᠡᠢ!》 ᠶᠣᠣ ᡁᠢ ᠵᠢᠶᠦ᠋ᠨ᠎ᠦ ᠦᠭᠡ ᠨᠢ ᠡᠷᠡᠰ ᠴᠢᠩᠭ᠎ᠠ ᠪᠠᠢᠯ᠎ᠠ᠃ ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠬᠦ ᠭᠡᠪᠡᠯ ᠭᠠᠵᠠᠷ ᠱᠢᠷᠣᠶ᠎ᠡᠴᠡ ᠦᠷ᠎ᠡ ᠠᠱᠢᠭ ᠡᠷᠢᠬᠦ ᠬᠡᠷᠡᠭ᠌ᠲᠡᠶ᠃ ᠶᠣᠣ ᡁᠢ ᠵᠢᠶᠦ᠋ᠨ 《ᠬᠤᠪᠢᠷᠠᠭᠤᠯᠬᠤ》 ᠡᠴᠡ ᠭᠠᠷᠳᠠᠵᠤ᠂ ᠲᠣᠰᠭᠣᠨ᠎ᠤ 《ᠬᠣᠶᠠᠷ ᠵᠥᠪᠯᠡᠯ》 ᠤ᠋ᠨ ᠪᠠᠭ᠎ᠢᠶᠠᠨ ᠳᠠᠭᠠᠭᠤᠯᠤᠨ᠂ ᠨᠤᠲᠤᠭ᠎ᠤᠨ ᠠᠬ᠎ᠠ ᠳᠡᠭᠦᠦ᠍᠎ᠨᠡᠷ᠎ᠲᠦ 《ᠭᠠᠵᠠᠷ ᠱᠢᠷᠣᠢ᠎ᠵᠢᠨ ᠡᠵᠡᠨᠭᠨᠡᠯᠲᠡ᠎ᠵᠢᠨ ᠡᠷᠬᠡ᠎ᠶ᠋ᠢ ᠭᠦᠢᠯᠭᠡᠭᠡᠬᠦ》 ᠨᠠᠷᠢᠨ ᠳᠠᠨᠭᠰᠠ ᠵᠢ ᠲᠠᠢᠯᠪᠤᠷᠢᠯᠠᠵᠤ ᠦᠭᠬᠦᠨ᠂ ᠡᠴᠦᠰ᠎ᠲᠡᠬᠡᠨ ᠵᠢᠶᠠᠨ ᠴᠠᠩ ᠶᠢᠩ ᠲᠣᠰᠭᠣᠨ᠎ᠤ 3182 ᠮᠦ᠍ ᠲᠠᠷᠢᠶᠠᠨ ᠭᠠᠵᠠᠷ᠎ᠤᠨ ᠬᠠᠮᠲᠤ᠎ᠶ᠋ᠢᠨ ᠭᠠᠵᠠᠷ ᠱᠢᠷᠣᠢ᠎ᠶ᠋ᠢᠨ ᠡᠵᠡᠩᠨᠡᠯᠲᠡ᠎ᠶ᠋ᠢᠨ ᠡᠷᠬᠡ᠎ᠶ᠋ᠢ ᠢᠯᠡ᠎ᠪᠡᠷ ᠦᠨ᠎ᠡ ᠬᠠᠶᠠᠯᠴᠠᠨ ᠬᠤᠳᠠᠯᠳᠤᠬᠤ ᠬᠡᠯᠪᠡᠷᠢ᠎ᠪᠡᠷ ᠬᠦᠢᠯᠬᠡᠬᠡᠬᠦᠯᠵᠤ᠂ ᠪᠦᠬᠦ᠌ ᠲᠣᠰᠭᠣᠨ᠎ᠤ ᠠᠷᠠᠳ᠎ᠤᠨ ᠵᠢᠯ᠎ᠦᠨ ᠣᠷᠣᠯᠭ᠎ᠠ᠎ᠶ᠋ᠢ 300 ᠲᠦᠮᠡᠨ ᠲᠥᠭᠥᠷᠢᠭ ᠱᠢᠬᠠᠮ ᠨᠡᠮᠡᠭ᠌ᠳᠡᠭᠦᠯᠪᠡ᠃
ᠶᠣᠣ ᠱᠦᠵᠢ᠎ᠶ᠋ᠢᠨ ᠡᠨᠡ ᠠᠷᠭ᠎ᠠ ᠨᠢ ᠮᠠᠨ᠎ᠤ ᠭᠠᠵᠠᠷ᠎ᠰᠢᠷᠤᠢ᠎ᠵᠢ ᠠᠮᠢᠯᠠᠭᠤᠯᠵᠤ᠂ ᠵᠤᠭᠤᠰ᠎ᠤᠨ ᠴᠦᠩᠬᠦ ᠵᠢ ᠮᠢᠨᠢ ᠲᠦᠨᠲᠦᠢᠯᠭᠡᠵᠡᠢ! ᠭᠡᠵᠦ ᠬᠠᠳᠠᠭᠠᠯᠠᠮᠵᠢ᠎ᠶ᠋ᠢᠨ ᠳᠡᠪᠲᠡᠷ ᠳᠡᠭᠡᠷᠡᠬᠢ ᠱᠢᠨ᠎ᠡ ᠪᠡᠷ ᠨᠡᠮᠡᠭᠳᠡᠭᠰᠡᠨ ᠲᠣᠭ᠎ᠠ ᠶ᠋ᠢ ᠬᠠᠷᠠᠭᠠᠳ ᠲᠣᠰᠭᠣᠨ᠎ᠤ ᠠᠷᠠᠳ ᠵᠠᠩ ᠶᠢᠦ ᠬᠤᠸᠠ ᠣᠯᠠᠨ᠎ᠤ ᠰᠡᠳᠭᠢᠯ᠎ᠦᠨ ᠦᠭᠡ᠎ᠶ᠋ᠢ ᠬᠡᠯᠡᠵᠤ ᠪᠢᠯᠡ᠃ ᠲᠤᠰᠬᠤᠨ᠎ᠤ ᠠᠷᠠᠳ ᠲᠣᠭ᠍ᠲᠠᠪᠤᠷᠢᠲᠠᠢ ᠤᠷᠤᠯᠭ᠎ᠠ ᠣᠯᠤᠭ᠍ᠰᠠᠨ᠎ᠢᠶᠠᠷ ᠪᠠᠷᠠᠬᠤ ᠦᠭᠡᠢ ᠨᠡᠩ ᠴᠤ᠌ ᠠᠵᠢᠯᠴᠢᠨ᠎ᠤ ᠬᠤᠪᠢ᠎ᠪᠠᠷ ᠭᠠᠵᠠᠷ ᠱᠢᠷᠣᠢ᠎ᠳᠠᠭᠠᠨ ᠪᠤᠴᠠᠵᠤ᠂ ᠳᠠᠪᠬᠤᠷ ᠠᠱᠢᠭ ᠣᠯᠵᠤ ᠪᠤᠯᠤᠨ᠎ᠠ᠃
ᠭᠠᠵᠠᠷ ᠱᠢᠷᠣᠶ᠎ᠡᠴᠡ 《ᠠᠯᠲᠠ》 ᠭᠠᠷᠴᠤ᠂ ᠲᠤᠰᠬᠤᠨ᠎ᠤ ᠠᠵᠤ ᠠᠬᠤᠢᠯᠠᠯ ᠨᠢ ᠴᠤ᠌ ᠳᠠᠬᠢᠨ ᠠᠮᠢᠯᠠᠪᠠ᠃ ᠶᠣᠣ ᡁᠢ ᠵᠢᠶᠦ᠋ᠨ 《ᠢᠯᠡ᠎ᠪᠡᠷ ᠦᠨ᠎ᠡ ᠬᠠᠶᠠᠯᠴᠠᠨ ᠥᠷᠢᠰᠥᠯᠳᠦᠬᠦ᠌᠂ ᠠᠮᠵᠢᠯᠲᠠ᠎ᠲᠠᠶ᠎ᠪᠠᠷ ᠲᠣᠭ᠍ᠲᠡᠴᠡ᠎ᠪᠠᠨ ᠬᠤᠪᠢᠷᠠᠭᠤᠯᠬᠤ᠂ ᠮᠡᠷᠭᠡᠵᠢᠯ᠎ᠦᠨ ᠥᠭᠡᠷᠡᠴᠢᠯᠡᠯᠲᠡ ᠬᠢᠵᠦ᠍ ᠲᠠᠰ ᠳᠡᠪᠱᠢᠭᠦᠯᠬᠦ᠌》 ᠥᠭᠡᠷᠡᠴᠢᠯᠡᠯᠲᠡ᠎ᠶ᠋ᠢᠨ ᠲᠥᠰᠦᠯ᠎ᠢ ᠵᠣᠷᠢᠭ᠍ᠲᠠᠶ᠎ᠪᠠᠷ ᠳᠤᠷᠠᠳᠴᠤ᠌᠂ ᠲᠡᠭᠦᠨ᠎ᠦ ᠠᠬᠢᠭᠤᠯᠤᠯ ᠳᠤᠤᠷ᠎ᠠ᠂ ᠵᠢᠶᠠᠨ ᠴᠠᠩ ᠶᠢᠩ᠎ᠤᠨ ᠨᠡᠭᠦᠷᠡᠰᠦᠨ᠎ᠦ ᠦᠶ᠋ᠯᠡᠰ ᠨᠢ ᠵᠢᠯ ᠪᠦᠷᠢ ᠲᠣᠰᠭᠣᠨ᠎ᠤ ᠬᠠᠮᠲᠤ᠎ᠶ᠋ᠢᠨ ᠣᠷᠣᠯᠭ᠎ᠠ᠎ᠶ᠋ᠢ 1068 ᠲᠦᠮᠡᠨ ᠲᠥᠭᠥᠷᠢᠭ ᠨᠡᠮᠡᠭ᠌ᠳᠡᠭᠦᠯᠪᠡ; 40 ᠭᠠᠷᠤᠢ ᠵᠢᠯ᠎ᠦᠨ ᠲᠡᠦᠬᠡ᠎ᠲᠡᠶ ᠵᠢᠶᠠᠨ ᠴᠠᠩ ᠶᠢᠩ ᠬᠣᠭᠣᠯᠠᠨ ᠭᠡᠷ᠂ ᠲᠣᠭ᠍ᠲᠡᠴᠡ᠎ᠪᠠᠨ ᠬᠤᠪᠢᠷᠠᠭᠤᠯᠤᠭ᠍ᠰᠠᠨᠤ ᠳᠠᠷᠠᠭ᠎ᠠ ᠵᠢᠯ᠎ᠳᠦ ᠳᠡᠭᠡᠭ᠌ᠰᠢ ᠲᠤᠱᠢᠶᠠᠭ᠍ᠰᠠᠨ ᠠᠱᠢᠭ ᠣᠯᠵᠠᠪᠤᠷᠢ ᠨᠢ 10 ᠲᠦᠮᠡᠨ ᠲᠥᠭᠥᠷᠢᠭ ᠪᠠᠢᠭ᠍ᠰᠠᠨ᠎ᠡᠴᠡ᠎ᠪᠠᠨ 25 ᠲᠦᠮᠡᠨ ᠲᠥᠭᠥᠷᠢᠭ ᠪᠣᠯᠵᠤ ᠨᠡᠮᠡᠭ᠌ᠳᠡᠪᠡ ᠁ ᠢᠩᠬᠢᠵᠤ ᠬᠤᠪᠢᠷᠠᠭᠤᠯᠤᠬᠰᠠᠨ ᠨᠢ ᠤᠯᠠᠮᠵᠢᠯᠠᠯᠲᠤ ᠠᠵᠤ ᠦᠢᠯᠡᠰ᠎ᠢ ᠱᠢᠨ᠎ᠡ ᠠᠮᠢᠵᠢᠷᠠᠯ᠎ᠤᠨ ᠬᠦᠴᠦᠨ᠎ᠢᠶᠡᠷ ᠪᠢᠯᠬᠠᠭᠤᠯᠪᠠ᠃
ᠶᠣᠣ ᡁᠢ ᠵᠢᠶᠦ᠋ᠨ᠎ᠦ ᠡᠨᠡ ᠲᠤᠰᠬᠤᠨ ᠳ᠋ᠤ ᠬᠢᠭᠰᠡᠨ ᠭᠠᠪᠢᠶ᠎ᠠ ᠡᠨᠡᠦᠬᠡᠨ᠎ᠢᠶᠡᠷ ᠵᠣᠭ᠍ᠰᠣᠬᠤ ᠦᠭᠡᠢ᠃ 2018 ᠣᠨ᠎ᠳᠤ᠂ ᠶᠣᠣ ᡁᠢ ᠵᠢᠶᠦ᠋ᠨ ᠣᠲᠣ ᠦᠶ᠎ᠡ᠎ᠶ᠋ᠢᠨ ᠲᠠᠷᠢᠶᠠᠯᠠᠩ᠎ᠤᠨ ᠬᠦᠭᠵᠢᠯᠳᠠ ᠵᠢᠨ ᠢᠳᠡ ᠬᠦᠴᠦᠲᠡᠶ ᠪᠠᠢᠳᠠᠯ᠎ᠢ ᠰᠡᠷᠭᠡᠭ᠎ᠢᠶᠡᠷ ᠣᠯᠵᠤ ᠬᠠᠷᠠᠵᠤ᠂ ᠢᠯᠠᠩᠭᠤᠶ᠎ᠠ《ᠲᠠᠷᠢᠶᠠᠯᠠᠩ᠎ᠤᠨ ᠴᠠᠬᠢᠮ ᠢᠯᠳᠡᠰᠦ》 ᠬᠡᠮᠡᠭᠳᠡᠭᠰᠡᠨ ᠦᠷ᠎ᠡ᠎ᠶ᠋ᠢᠨ ᠦᠶ᠋ᠯᠡᠰ᠎ᠢ ᠣᠯᠵᠤ ᠮᠡᠳᠡᠪᠡ᠃ ᠲᠡᠷᠡ ᠤᠯᠠᠨ ᠭᠠᠵᠠᠷ᠎ᠢᠶᠠᠷ ᠶᠠᠪᠤᠵᠤ᠂ ᠲᠣᠰᠭᠣᠨ᠎ᠤ ᠨᠠᠮ᠎ᠤᠨ ᠬᠣᠷᠢᠢ᠎ᠠ ᠪᠣᠯᠤᠨ ᠾᠧ ᠷᠦᠨ ᠲᠠᠷᠢᠶᠠᠯᠠᠩ᠎ᠤᠨ ᠦᠢᠯᠡᠰ᠎ᠤᠨ ᠨᠠᠮ᠎ᠤᠨ ᠶᠡᠷᠦᠩᠬᠡᠢ ᠡᠭᠦᠷ᠎ᠦᠨ ᠭᠦᠨᠵᠡᠭᠡᠢ ᠬᠠᠮᠲᠤᠷᠠᠯᠴᠠᠭ᠎ᠠ᠎ᠶ᠋ᠢ ᠭᠣᠣᠯᠯᠠᠨ ᠤᠳᠤᠷᠢᠳᠴᠤ᠌᠂ ᠾᠧ ᠱᠢᠩ ᠲᠠᠷᠢᠶᠠᠯᠠᠩ᠎ᠤᠨ ᠺᠣᠮᠫᠠᠨᠢ᠎ᠶ᠋ᠢ ᠵᠣᠬᠢᠶᠠᠨ ᠪᠠᠢᠭᠤᠯᠵᠤ᠂ ᠳᠤᠮᠳᠠᠳᠤ ᠤᠯᠤᠰ᠎ᠤᠨ ᠤᠮᠠᠷᠠᠲᠤ᠎ᠶ᠋ᠢᠨ ᠤᠯᠠᠨ ᠤᠯᠤᠰ᠎ᠤᠨ ᠦᠷ᠎ᠡ ᠵᠢᠨ ᠴᠢᠬᠢ᠎ᠶ᠋ᠢᠨ ᠤᠨᠴᠠᠯᠢᠬ᠍ᠳᠤ ᠵᠢᠵᠢᠭ ᠪᠠᠯᠭᠠᠰᠤᠨ᠎ᠤ ᠲᠦᠷᠦᠯ ᠵᠦᠢᠯ᠎ᠦᠨ ᠬᠠᠮᠲᠤᠷᠠᠯᠴᠠᠭᠠᠨ᠎ᠤ ᠵᠥᠪᠯᠡᠯᠴᠡᠭᠡᠷ᠎ᠲᠦ ᠭᠠᠷᠤᠨ ᠦᠰᠦᠭ ᠵᠢᠷᠤᠪᠠ᠃ ᠲᠦᠷᠦᠯ ᠵᠦᠢᠯ᠎ᠳᠦ 1600 ᠭᠠᠷᠤᠢ ᠮᠦ᠍ ᠭᠠᠵᠠᠷ ᠱᠢᠷᠣᠢ ᠵᠢᠨ ᠡᠵᠡᠩᠨᠡᠯᠳᠡ ᠵᠢᠨ ᠡᠷᠬᠡ᠎ᠶ᠋ᠢ ᠲᠥᠪᠯᠡᠷᠡᠭᠦᠯᠦᠨ ᠬᠦᠢᠯᠭᠡᠭᠡᠵᠦ᠍᠂ ᠵᠢᠯ᠎ᠳᠤ ᠡᠯ᠎ᠡ ᠲᠦᠷᠦᠯ᠎ᠦᠨ ᠦᠷᠡᠵᠢᠨ ᠴᠢᠬᠢ᠎ᠶ᠋ᠢ 4 ᠳ᠋ᠦᠩᠱᠢᠭᠤᠷ᠎ᠡᠴᠡ 10 ᠳ᠋ᠦᠩᠱᠢᠭᠤᠷ ᠰᠠᠭᠤᠷᠢ ᠦᠢᠯᠡᠳᠪᠦᠷᠢᠯᠡᠵᠦ᠍᠂ ᠵᠢᠯ᠎ᠦᠨ ᠡᠵᠡᠩᠨᠡᠯᠲᠡ᠎ᠶ᠋ᠢᠨ ᠶᠡᠷᠦᠩᠬᠡᠢ ᠣᠷᠣᠯᠭ᠎ᠠ 10 ᠳ᠋ᠦᠩᠱᠢᠭᠤᠷ ᠲᠥᠭᠥᠷᠢᠭ᠎ᠲᠦ ᠬᠦᠷᠴᠦ᠍᠂ 500 ᠭᠠᠷᠤᠢ ᠬᠥᠮᠦᠨ᠎ᠳᠦ ᠠᠵᠢᠯ ᠣᠯᠭᠣᠵᠤ᠂ ᠲᠣᠰᠭᠣᠨ᠎ᠤ ᠠᠷᠠᠳ᠎ᠤᠨ ᠠᠵᠤ ᠠᠬᠤᠢ᠎ᠶ᠋ᠢᠨ ᠣᠷᠣᠯᠭ᠎ᠠ᠎ᠶ᠋ᠢ 700 ᠭᠠᠷᠤᠢ ᠲᠦᠮᠡᠨ ᠲᠥᠭᠥᠷᠢᠭ ᠨᠡᠮᠡᠭ᠌ᠳᠡᠭᠦᠯᠪᠡ᠃ 《ᠬᠠᠷ᠎ᠠ ᠠᠯᠲᠠ》 ᠵᠢᠨ ᠡᠬᠢ ᠪᠠᠶᠠᠯᠢᠭ᠎ᠤᠨ ᠬᠡᠯᠪᠡᠷᠢ᠎ᠶ᠋ᠢᠨ ᠲᠣᠰᠭᠣᠨ ᠨᠢ 《ᠨᠣᠭᠣᠭᠠᠨ ᠠᠯᠲᠠ》 ᠣᠳᠣᠬᠢᠴᠢᠯᠠᠭ᠍ᠰᠠᠨ ᠲᠠᠷᠢᠶᠠᠯᠠᠩ᠎ᠤᠨ ᠲᠡᠢᠰᠢ ᠱᠢᠯᠵᠢᠪᠡ᠃
ᠶᠣᠣ ᡁᠢ ᠵᠢᠶᠦ᠋ᠨ᠎ᠦ ᠠᠵᠢᠯ᠎ᠤᠨ ᠲᠡᠮᠲᠡᠭᠯᠡᠯ᠎ᠢ ᠤᠷᠪᠠᠭᠤᠯᠪᠠᠯ᠂ ᠤᠯᠠᠨ ᠵᠤᠷᠪᠤᠰ ᠬᠢᠬᠦ᠌ ᠴᠢᠬᠤᠯᠠᠲᠠᠢ ᠵᠦᠢᠯᠡᠰ ᠨᠢ ᠢᠯᠡ ᠲᠤᠳᠤᠷᠬᠠᠢ᠄ 《5᠎ᠤ᠋ ᠡᠳᠦᠷ᠂ ᠵᠠᠮ ᠬᠠᠷᠢᠯᠴᠠᠭᠠᠨ᠎ᠤ ᠲᠣᠪᠴᠢᠢ᠎ᠠ᠎ᠲᠠᠢ ᠵᠣᠬᠢᠴᠠᠭᠤᠯᠵᠤ᠂ ᠲᠤᠰᠬᠤᠨ᠎ᠤ ᠬᠣᠢᠲᠤ ᠲᠠᠯ᠎ᠠ᠎ᠳᠤ ᠵᠠᠮ ᠳᠡᠪᠢᠰᠦᠨ᠎ᠡ; 6 ᠤ᠋ ᠡᠳᠦᠷ᠂ ᠥᠨᠳᠥᠷ ᠳᠤᠤᠷ᠎ᠠ ᠬᠦᠴᠦᠳᠡᠯᠲᠦ ᠴᠠᠬᠢᠯᠭᠠᠨ ᠤᠲᠠᠰᠤ᠎ᠵᠢᠨ ᠠᠵᠢᠯ᠎ᠢ ᠳᠠᠭᠤᠰᠬᠠᠨ᠎ᠠ; 7᠎ᠤ᠋ ᠡᠳᠦᠷ᠂ 21 ᠵᠠᠮ᠎ᠤᠨ ᠳ᠋ᠧᠩ᠎ᠢ ᠤᠭ᠍ᠰᠠᠷᠠᠨᠠ ᠁》 ᠠᠵᠢᠯ ᠪᠣᠯᠭᠠᠨ᠎ᠤ ᠠᠷᠤ᠎ᠳᠤ᠂ ᠪᠦᠷ ᠲᠡᠭᠦᠨ᠎ᠦ ᠨᠤᠲᠤᠭ᠎ᠤᠨ ᠠᠬ᠎ᠠ ᠳᠡᠭᠦᠦ᠍᠎ᠨᠡᠷ᠎ᠲᠦ ᠠᠮᠠᠯᠠᠬᠰᠠᠨ ᠠᠮᠠᠯᠠᠯᠲᠠ᠂ ᠡᠨᠡ ᠬᠡᠰᠡᠭ ᠭᠠᠵᠠᠷ ᠱᠢᠷᠣᠢ᠎ᠳᠠᠬᠢ ᠬᠠᠢᠷ᠎ᠠ ᠰᠡᠳᠭᠢᠯᠭᠡ ᠰᠢᠩᠬᠡᠵᠤ ᠪᠤᠢ᠃
— ᠲᠣᠰᠭᠣᠨ ᠡᠴᠡ ᠤᠯᠠᠨ ᠲᠠᠯ᠎ᠠ᠎ᠶ᠋ᠢᠨ ᠠᠷᠭ᠎ᠠ ᠬᠡᠮᠵᠢᠢ᠎ᠡ ᠠᠪᠴᠤ᠌᠂ 600 ᠭᠠᠷᠤᠢ ᠲᠦᠮᠡᠨ ᠲᠥᠭᠥᠷᠢᠭ᠎ᠦᠨ ᠪᠡᠯᠡ ᠣᠷᠣᠭᠤᠯᠵᠤ᠂ ᠪᠦᠬᠦ᠌ ᠲᠣᠰᠭᠣᠨ᠎ᠤ ᠳᠤᠯᠠᠭᠠᠯᠠᠭ᠎ᠠ᠎ᠶ᠋ᠢᠨ ᠠᠰᠠᠭᠤᠳᠠᠯ᠎ᠤᠨ ᠬᠦᠴᠢᠷᠳᠡᠯ᠎ᠢ ᠨᠢᠭᠡ ᠯᠡ ᠳᠡᠭᠡᠷ᠎ᠡ ᠱᠢᠢᠳᠪᠦᠷᠢᠯᠡᠵᠦ᠍᠂ ᠬᠠᠢᠷ᠎ᠠ ᠬᠠᠯᠠᠮᠵᠢ᠎ᠶ᠋ᠢ ᠡᠷᠦᠬᠡ ᠪᠦᠷᠢᠳᠦ ᠦᠨᠡᠨ ᠬᠦ᠌ ᠬᠦᠷᠭᠡᠭ᠌ᠰᠡᠨ ᠪᠠᠢᠨ᠎ᠠ᠃
— ᠪᠥᠬᠥ᠌ ᠲᠣᠰᠭᠣᠨ᠎ᠤ ᠭᠤᠤᠯ ᠵᠡᠭᠡᠯᠢ ᠭᠤᠳᠤᠮᠵᠢ᠎ᠶ᠋ᠢᠨ ᠵᠠᠮ᠎ᠤᠨ ᠠᠭᠤᠯᠵᠠᠷ᠎ᠲᠤ᠂ 86 ᠥᠨᠳᠥᠷ ᠲᠣᠳᠣᠴᠠᠲᠤ ᠡᠯᠧᠺᠲ᠋ᠷᠣᠨ ᠳᠦᠷᠰᠦ ᠱᠢᠩᠭᠡᠭᠡᠭᠦᠷ ᠡᠳᠦᠷ ᠰᠥᠨᠢ ᠥᠬᠡᠶ 《ᠬᠠᠷᠠᠭᠤᠯ ᠵᠣᠭ᠍ᠰᠣᠵᠤ》᠂ ᠠᠮᠤᠷ ᠲᠦᠪᠱᠢᠨ᠎ᠦ ᠬᠢᠨᠠᠯᠲᠠ ᠬᠠᠮᠢᠶᠠᠷᠤᠯᠲᠠ᠎ᠶ᠋ᠢ ᠪᠦᠷᠢᠨ ᠪᠥᠷᠬᠥᠭᠦᠯᠬᠦ᠌᠎ᠶ᠋ᠢ ᠪᠡᠶᠡᠯᠡᠭᠦᠯᠪᠡ᠃
— ᠲᠣᠰᠭᠣᠨ᠎ᠡᠴᠡ ᠵᠢᠯ ᠪᠦᠷᠢ ᠨᠠᠰᠤᠲᠠᠢᠴᠤᠳ ᠪᠣᠯᠤᠨ ᠡᠮᠡᠭ᠌ᠲᠡᠢᠴᠦᠳ᠎ᠲᠦ 2000 ᠬᠥᠮᠦᠨ ᠤᠳᠠᠭ᠎ᠠ᠎ᠶ᠋ᠢᠨ ᠰᠦᠢᠳᠭᠡᠯ ᠬᠤᠷᠢᠶᠠᠬᠤ ᠦᠭᠡᠢ᠎ᠪᠡᠷ ᠪᠡᠶ᠎ᠡ᠎ᠶ᠋ᠢᠨ ᠪᠠᠢᠴᠠᠭᠠᠯᠲᠠ ᠬᠢᠵᠤ ᠦᠭᠬᠦ ᠦᠢᠯᠡᠴᠢᠯᠡᠭᠡ ᠬᠠᠩᠭᠠᠬᠤ᠎ᠶ᠋ᠢᠨ ᠬᠠᠮᠲᠤ ᠲᠣᠰᠭᠣᠨ᠎ᠤ ᠠᠷᠠᠳ᠎ᠲᠤ ᠠᠯᠪᠠᠨ ᠵᠢᠷᠤᠮ᠎ᠤᠨ ᠡᠮᠴᠢᠯᠡᠭᠡᠨ᠎ᠦ ᠠᠵᠢᠯᠯᠠᠭ᠎ᠠ ᠥᠷᠨᠢᠭᠦᠯᠵᠦ᠍᠂ ᠲᠣᠰᠭᠣᠨ᠎ᠤ ᠠᠷᠠᠳ᠎ᠤᠨ ᠡᠷᠡᠭᠦᠯ ᠮᠡᠨᠳᠦ᠍᠎ᠶ᠋ᠢ ᠬᠠᠮᠠᠭᠠᠯᠠᠪᠠ᠃
— ᠶᠡᠬᠡ ᠰᠤᠷᠭᠠᠭᠤᠯᠢ᠎ᠳᠤ ᠤᠷᠤᠬᠰᠠᠨ ᠰᠤᠷᠤᠭ᠍ᠴᠢᠳ ᠰᠤᠷᠭᠠᠨ ᠬᠥᠮᠦᠵᠢᠯ᠎ᠦᠨ ᠱᠠᠩᠨᠠᠯ᠎ᠤᠨ ᠮᠥᠩᠭᠥ᠌ ᠣᠯᠵᠤ᠂ ᠲᠡᠳᠡᠨ᠎ᠦ ᠬᠦᠰᠡᠯ ᠵᠡᠭᠦᠳᠦ᠍᠎ᠪᠡᠨ ᠬᠥᠭᠡᠭᠡᠴᠡᠯᠳᠦᠬᠦ᠌᠎ᠳᠦ ᠲᠤᠰᠠ ᠳᠡᠮᠵᠢᠯᠭᠡ ᠦᠵᠡᠭᠦᠯᠪᠡ᠃
— ᠪᠥᠬᠥ᠌ ᠲᠣᠰᠭᠣᠨ᠎ᠤ ᠠᠷᠠᠳ ᠴᠥᠮ ᠬᠣᠲᠠ ᠬᠥᠳᠡᠭᠡ᠎ᠶ᠋ᠢᠨ ᠰᠠᠭᠤᠭᠠᠯᠢ ᠠᠷᠠᠳ᠎ᠤᠨ ᠡᠮ ᠡᠮᠨᠡᠯᠭᠡ᠎ᠶ᠋ᠢᠨ ᠳᠠᠭᠠᠳᠭᠠᠯ᠎ᠳᠤ ᠣᠷᠣᠯᠴᠠᠵᠤ᠂ ᠨᠡᠢᠭᠡᠮ᠎ᠦᠨ ᠳᠠᠭᠠᠳᠭᠠᠯ᠎ᠳᠤ ᠤᠷᠤᠯᠴᠠᠭ᠍ᠰᠠᠨ ᠨᠣᠷᠮ᠎ᠠ ᠨᠢ 100%᠎ᠳᠤ ᠬᠦᠷᠴᠦ᠍᠂ ᠲᠣᠰᠭᠣᠨ᠎ᠤ ᠠᠷᠠᠳ᠎ᠤᠨ ᠡᠷᠡᠭᠦᠯ ᠮᠡᠨᠳᠦ᠍᠎ᠵᠢ ᠬᠠᠮᠠᠭᠠᠯᠠᠪᠠ ᠁
《ᠡᠷᠬᠡ ᠪᠣᠯ ᠠᠷᠠᠳ ᠲᠦᠮᠡᠨ᠎ᠦ ᠬᠢ᠂ ᠡᠷᠬᠡᠪᠰᠢ ᠠᠷᠠᠳ ᠲᠦᠮᠡᠨ᠎ᠳᠦ ᠦᠢᠯᠡᠴᠢᠯᠡᠬᠦ᠌᠎ᠳᠦ ᠬᠡᠷᠡᠭ᠌ᠯᠡᠬᠦ᠌ ᠬᠡᠷᠡᠭ᠌ᠲᠡᠢ ᠭᠡᠳᠡᠭ᠎ᠢ ᠪᠢᠳᠠ ᠴᠠᠬ ᠢᠮᠠᠭᠲᠠ ᠴᠡᠭᠡᠵᠢᠯᠡᠬᠦ ᠬᠡᠷᠡᠭᠲᠡᠢ᠃ ᠲᠣᠰᠭᠣᠨ᠎ᠤ ᠠᠷᠠᠳ ᠬᠠᠨᠤᠮᠵᠢᠲᠠᠶ ᠪᠠᠢᠬᠤ ᠡᠰᠡᠬᠦ᠌᠂ ᠪᠠᠶᠠᠷᠯᠠᠵᠤ ᠪᠠᠢᠬᠤ ᠡᠰᠡᠬᠦ᠌᠎ᠪᠡᠷ ᠠᠵᠢᠯ᠎ᠤᠨ ᠦᠨᠳᠦᠰᠦᠨ ᠪᠠᠷᠢᠮᠵᠢᠶ᠎ᠠ ᠪᠣᠯᠭᠠᠬᠤ ᠬᠡᠷᠡᠭ᠌ᠲᠡᠶ》᠃ ᠶᠣᠣ ᡁᠢ ᠵᠢᠶᠦ᠋ᠨ᠂ ᠲᠥᠪ᠎ᠦᠨ ᠨᠠᠶ᠋ᠮᠠᠨ ᠲᠣᠭ᠍ᠲᠠᠭᠠᠯ ᠪᠣᠯ ᠬᠠᠯᠳᠠᠵᠤ ᠪᠤᠯᠤᠰᠢ ᠦᠬᠡᠢ 《ᠥᠨᠳᠥᠷ ᠬᠦᠴᠦᠳᠡᠯᠲᠦ ᠴᠠᠬᠢᠯᠭᠠᠨ ᠤᠲᠠᠰᠤ》 ᠮᠥᠨ᠂ ᠨᠠᠩ ᠴᠤ᠌ ᠨᠠᠮ ᠪᠠ ᠣᠯᠠᠨ ᠲᠦᠮᠡᠨ᠂ ᠺᠠᠳ᠋ᠷ ᠪᠠ ᠣᠯᠠᠨ ᠲᠦᠮᠡᠨ᠎ᠦ ᠬᠠᠷᠢᠴᠠᠭ᠎ᠠ᠎ᠶ᠋ᠢ ᠨᠢᠭ᠍ᠲᠠᠷᠠᠭᠤᠯᠬᠤ 《ᠰᠡᠳᠭᠢᠯ᠎ᠦᠨ ᠬᠥᠭᠥᠷᠭᠡ》 ᠮᠥᠨ᠂ ᠵᠢᠶᠠᠨ ᠴᠠᠩ ᠶᠢᠩ ᠲᠤᠰᠬᠤᠨ ᠵᠢᠷᠬᠢᠶᠡᠨᠡᠢᠲᠡᠶ᠋ᠢᠨ ᠳ᠋ᠤᠭᠠᠷ᠎ᠢ ᠨᠡᠪᠲᠡᠷᠡᠭᠦᠯᠵᠦ᠍᠂ ᠠᠵᠢᠯ᠎ᠤᠨ ᠠᠭᠤᠯᠭ᠎ᠠ᠎ᠪᠠᠨ ᠴᠠᠭ ᠲᠤᠬᠠᠶ᠎ᠳᠤᠨᠢ ᠨᠡᠢᠲᠡᠯᠡᠵᠦ᠍᠂ ᠲᠣᠰᠭᠣᠨ᠎ᠤ ᠠᠷᠠᠳ᠎ᠤᠨ ᠪᠠᠢᠳᠠᠯ᠎ᠢ ᠮᠡᠳᠡᠬᠦ᠌ ᠡᠷᠬᠡ᠂ ᠣᠷᠣᠯᠴᠠᠬᠤ ᠡᠷᠬᠡ᠂ ᠬᠢᠨᠠᠯᠲᠠ ᠲᠠᠯᠪᠢᠬᠤ ᠡᠷᠬᠡ᠎ᠶ᠋ᠢ ᠪᠠᠲᠤᠯᠠᠬᠰᠠᠨ ᠪᠠᠢᠨ᠎ᠠ᠃
ᠦᠨᠦᠳᠦᠷ᠎ᠤᠨ ᠵᠢᠶᠠᠨ ᠴᠠᠩ ᠶᠢᠩ ᠲᠣᠰᠭᠣᠨ᠎ᠤ ᠬᠤᠪᠢᠷᠠᠯᠲᠠ ᠨᠢ ᠶᠣᠣ ᡁᠢ ᠵᠢᠶᠦ᠋ᠨ᠎ᠦ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠳᠠᠭᠠᠭᠤᠯᠤᠨ ᠨᠠᠮ᠎ᠤᠨ ᠠᠴᠢ᠎ᠳᠤ ᠲᠠᠯᠠᠷᠬᠠᠵᠤ᠂ ᠨᠠᠮ᠎ᠤᠨ ᠦᠭᠡ᠎ᠶ᠋ᠢ ᠰᠣᠨᠣᠰᠴᠤ᠌᠂ ᠨᠠᠮ᠎ᠢᠶᠠᠨ ᠳᠠᠭᠠᠵᠤ ᠤᠷᠤᠬᠰᠢᠯᠠᠨ᠂ ᠣᠶᠤᠨ ᠤᠬᠠᠭᠠᠨ᠂ ᠰᠥᠰᠥ᠍ ᠵᠣᠷᠢᠭ ᠪᠣᠯᠤᠨ ᠬᠦᠴᠦ᠍ ᠬᠥᠯᠥᠰᠥᠪᠡᠷᠢᠶᠡᠨ ᠪᠢᠴᠢᠭ᠌ᠯᠡᠭ᠌ᠰᠡᠨ ᠴᠠᠭ ᠦᠶ᠎ᠡ᠎ᠶ᠋ᠢᠨ ᠭᠠᠢᠬᠠᠮᠱᠢᠭ ᠪᠣᠯᠤᠨ᠎ᠠ᠃
ᠨᠤᠲᠤᠭ ᠤᠰᠤᠨ᠎ᠳᠠᠭᠠᠨ ᠦᠨᠳᠦᠰᠦᠯᠡᠵᠦ᠍ ᠤᠭ ᠰᠠᠨᠠᠭ᠎ᠠ᠎ᠪᠠᠨ ᠦᠶ᠋ᠯᠡᠳᠦᠯᠭᠡᠵᠢᠭᠦᠯᠵᠦ᠍᠂ ᠪᠣᠳᠠᠲᠠᠶ ᠠᠵᠢᠯᠯᠠᠵᠤ ᠬᠠᠷᠢᠭᠤᠴᠠᠯᠭ᠎ᠠ ᠡᠭᠦᠷᠭᠡᠯᠡᠵᠦ᠍ ᠦᠨᠡᠨᠴᠢ ᠱᠢᠳᠤᠷᠭᠤ ᠵᠢ ᠬᠦᠢᠴᠡᠳᠬᠡᠨ᠎ᠡ᠃ ᠡᠨᠡ ᠬᠦ᠌ ᠬᠦᠴᠢᠷ ᠪᠡᠷᠬᠡᠱᠢᠶᠡᠯ᠎ᠢ ᠬᠠᠮᠲᠤ᠎ᠪᠠᠷ ᠲᠤᠭᠤᠯᠬᠤ ᠬᠥᠭ᠌ᠵᠢᠯ ᠮᠠᠨᠳᠤᠯ᠎ᠤᠨ ᠵᠠᠮ ᠨᠢ ᠡᠴᠦᠰ᠎ᠦᠨ ᠴᠡᠭ ᠭᠡᠵᠦ᠍ ᠦᠭᠡᠢ᠂ ᠵᠥᠪᠬᠡᠨ ᠨᠡᠩ ᠰᠦᠷ ᠳᠠᠯᠠᠢᠴᠠᠲᠠᠢ ᠢᠷᠡᠭᠡᠳᠦᠢᠪᠠᠢᠬᠤ ᠶᠤᠮ᠃ ᠶᠣᠣ ᡁᠢ ᠵᠢᠶᠦ᠋ᠨ᠂ ᠡᠨᠡ ᠬᠦ᠌ ᠱᠢᠨ᠎ᠡ ᠴᠠᠭ ᠦᠶ᠎ᠡ᠎ᠶ᠋ᠢᠨ ᠰᠢᠷᠭᠠᠭᠤ ᠠᠵᠢᠯᠯᠠᠬᠴᠢ᠂ ᠠᠶᠠᠨ᠎ᠤ ᠵᠠᠮ᠎ᠳᠠᠭᠠᠨ ᠵᠢᠳᠬᠦᠭᠰᠡᠬᠡᠷ᠃