ᠦᠷᠦᠮ᠎ᠠ ᠦᠨ᠎ᠡ ᠳ᠋ᠤ ᠤᠷᠤᠭᠰᠠᠨ ᠤ᠋ ᠤᠴᠢᠷ
2025-11-14 10:46:24
ᠵᠣᠬᠢᠶᠠᠭ᠍ᠴᠢ᠄
ᠪᠢᠯᠢᠭᠲᠦ
ᠣᠩᠱᠢᠭ᠍ᠰᠠᠨ ᠣᠳᠠᠭ᠎ᠠ᠄
★★★☆☆

ᠦᠷᠦᠮ᠎ᠠ — ᠲᠦᠭᠦᠬᠡᠢ ᠰᠦ ᠪᠠᠨ ᠪᠤᠴᠠᠯᠭᠠᠨ ᠰᠠᠮᠤᠷᠴᠦ᠂ ᠵᠦᠭᠡᠯᠡᠨ ᠭᠠᠯ ᠲᠡᠭᠡᠷ᠎ᠡ ᠤᠳᠠᠭᠠᠨ ᠲᠠᠯᠪᠢᠭᠠᠳ ᠰᠦ ᠵᠢᠨ ᠲᠡᠭᠡᠷ᠎ᠡ ᠰᠠᠭᠤᠭᠰᠠᠨ ᠵᠤᠵᠠᠭᠠᠨ ᠲᠤᠰᠤᠯᠢᠬ ᠲᠠᠪᠬᠤᠷᠭ᠎ᠠ ᠵᠢ ᠦᠷᠦᠮ᠎ᠡ ᠭᠡᠳᠡᠭ᠃ ᠦᠷᠦᠮ᠎ᠠ ᠵᠢ ᠵᠠᠷᠢᠮ ᠭᠠᠵᠠᠷ ᠲᠦ᠍ ᠨᠤᠢᠳᠠᠨ ᠦᠷᠦᠮ᠎ᠡ᠂ ᠬᠠᠳᠠᠭᠠᠭᠰᠠᠨ ᠦᠷᠦᠮ᠎ᠡ ᠭᠡᠵᠦ ᠬᠤᠪᠢᠶᠠᠨ ᠶᠠᠷᠢᠳᠠᠭ ᠪᠦᠭᠡᠳ 《ᠵᠦᠭᠡᠭᠡᠢ》 ᠪᠤᠯᠤᠨ 《ᠦᠷᠦᠮ᠎ᠡ》 ᠵᠢ ᠴᠦ᠍ ᠬᠤᠳᠬᠤᠨ ᠶᠠᠷᠢᠳᠠᠭ᠃ ᠬᠠᠷᠢᠨ 《ᠭᠠᠵᠠᠷ ᠪᠤᠯᠭᠠᠨ ᠳ᠋ᠤ ᠰᠦ ᠪᠠᠢᠳᠠᠬ ᠴᠦ᠍ ᠭᠠᠭᠴᠠᠬᠠᠨ ᠮᠤᠩᠭᠤᠯ ᠳ᠋ᠤ ᠦᠷᠦᠮ᠎ᠡ ᠰᠠᠭᠤᠳᠠᠭ》 ᠭᠡᠬᠦ ᠤᠯᠠᠮᠵᠢᠯᠠᠯᠳᠤ ᠴᠠᠭᠠᠨ ᠢᠳᠡᠭᠡᠨ ᠵᠢᠡᠷ ᠵᠢᠡᠨ ᠪᠠᠬᠠᠷᠬᠠᠭᠰᠠᠨ ᠦᠭᠡ ᠪᠤᠢ᠃

ᠦᠷᠦᠮ᠎ᠠ ᠴᠠᠭᠠᠨ ᠢᠳᠡᠭᠡᠨ ᠤ᠋ ᠤᠬᠢ ᠪᠤᠯᠤᠬᠰᠠᠨ ᠤ᠋ ᠬᠤᠪᠢ ᠳ᠋ᠤ ᠠᠮᠳᠠ ᠨᠢ ᠴᠦ᠍ ᠤᠨᠴᠠᠭᠠᠢ ᠰᠤᠳᠤᠨ᠃ ᠬᠠᠭᠤᠷᠠᠢ ᠪᠤᠳᠠᠭ᠎ᠠ ᠲᠠᠢ ᠬᠤᠯᠢᠵᠤ ᠢᠳᠡᠬᠦ᠂ ᠰᠦ ᠲᠠᠢ ᠴᠠᠢ ᠳ᠋ᠠᠭᠠᠨ ᠬᠢᠵᠦ ᠢᠳᠡᠬᠦ ᠳ᠋ᠤ ᠯᠡ 《ᠴᠢᠬᠢ ᠵᠢ ᠨᠢ ᠤᠭᠳᠤᠯᠵᠦ ᠠᠪᠤᠭᠰᠠᠨ ᠴᠦ᠍ ᠮᠡᠳᠡᠬᠦ ᠦᠭᠡᠢ》 ᠭᠡᠮᠡᠷ᠃ ᠴᠠᠢ ᠵᠢᠨ ᠰᠢᠷᠡᠭᠡᠨ ᠲᠡᠭᠡᠷ᠎ᠡ ᠦᠷᠦᠮ᠎ᠡ ᠭᠡᠵᠢᠶᠡᠳᠡ ᠲᠤᠳᠠᠭᠳᠠᠰᠢ ᠦᠭᠡᠢ ᠪᠦᠭᠡᠳ ᠲᠡᠷᠢᠬᠦᠨ ᠪᠠᠢᠷᠢ ᠳ᠋ᠤ ᠰᠠᠭᠠᠳᠠᠳᠠᠭ᠃

ᠤᠢᠷ᠎ᠠ ᠵᠢᠨ ᠵᠢᠯ ᠡᠴᠡ ᠦᠷᠦᠮ᠎ᠠ ᠲᠠᠢ ᠪᠤᠭᠤᠷᠰᠤᠭ ᠭᠡᠳᠡᠯ᠎ᠡ ᠰᠤᠪᠤᠭᠰᠠᠨ ᠦᠷᠦᠮ᠎ᠡ᠂ ᠬᠠᠳᠠᠭᠠᠭᠰᠠᠨ ᠵᠢᠮᠢᠰ ᠲᠠᠢ ᠦᠷᠦᠮ᠎ᠡ ᠬᠡᠬᠦ ᠵᠡᠷᠭᠡ ᠪᠡᠷ ᠲᠡᠭᠡᠳᠤ ᠲᠡᠰ ᠤ᠋ᠨ ᠬᠤᠭᠤᠯᠠᠨ ᠰᠢᠷᠡᠭᠡᠨ ᠤ᠋ ᠠᠮᠳᠠᠳᠤ ᠵᠠᠭᠤᠰᠢ ᠪᠤᠯᠤᠭᠰᠠᠨ ᠡᠴᠡ ᠦᠷᠦᠮ᠎ᠠ ᠶ᠋ᠢᠨ ᠵᠠᠬ᠎ᠠ ᠲᠡᠯᠭᠡᠬᠦᠷ ᠤ᠋ᠨ ᠭᠡᠷᠡᠭᠴᠡᠭᠡ ᠱᠠᠭᠠᠷᠳᠠᠯᠭ᠎ᠠ ᠪᠠ ᠦᠨ᠎ᠡ ᠬᠠᠩᠰᠢ ᠨᠢ ᠪᠦᠷ ᠲᠦᠷᠭᠡᠨ ᠦᠰᠴᠠᠢ᠃ ᠬᠠᠷᠢᠨ ᠡᠨᠡ ᠨᠠᠮᠤᠷ ᠵᠠᠬ᠎ᠠ ᠲᠡᠯᠭᠡᠭᠦᠷ ᠲᠡᠭᠡᠷ᠎ᠡ ᠦᠷᠦᠮ᠎ᠡ ᠶᠡᠭᠡ ᠳᠤᠳᠠᠭᠳᠠᠵᠠᠢ᠃ ᠰᠦᠯᠵᠢᠶᠡᠨ ᠠᠨᠳᠠ ᠨᠠᠷ ᠤ᠋ᠨ ᠦᠭᠡ ᠪᠡᠷ ᠬᠡᠯᠡᠪᠡᠯ 《ᠰᠠᠶᠢᠬᠠᠨ ᠤᠴᠠᠷᠠᠭᠠᠳ ᠰᠠᠢᠨ ᠤᠤ? ᠭᠡᠵᠦ ᠮᠡᠨᠳᠦᠴᠢᠯᠡᠬᠦ ᠦᠭᠡᠢ ᠬᠠᠷᠢᠨ ᠦᠷᠦᠮ᠎ᠡ ᠪᠠᠢᠨ᠎ᠠ ᠤᠤ?》 ᠭᠡᠵᠦ ᠮᠡᠨᠳᠦᠴᠢᠯᠡᠬᠦ ᠪᠤᠯᠴᠢᠬᠠᠬᠰᠠᠨ ᠭᠡᠨ᠎ᠡ᠃

ᠰᠢᠯᠳᠠᠭᠠᠨ ᠡᠢᠮᠦ! ᠬᠡᠨ ᠨᠢᠭᠡ ᠨᠢ 《ᠦᠷᠦᠮ᠎ᠡ ᠲᠠᠢ ᠰᠢᠬᠢᠷᠳᠤ ᠵᠢᠮᠢᠰ ᠤ᠋ᠨ ᠱᠤᠷᠤᠯᠠᠭ》 ᠭᠡᠬᠦ ᠠᠮᠳᠠᠳᠤ ᠢᠳᠡᠭᠡᠨ ᠢ᠋ ᠡᠬᠦᠳᠦᠨ ᠵᠤᠬᠢᠶᠠᠵᠦ᠂ ᠡᠨᠡ ᠨᠢ ᠪᠦᠬᠦ ᠢᠷᠭᠡᠳ ᠤ᠋ᠨ ᠠᠮᠳᠠ ᠵᠢᠨ ᠮᠡᠳᠡᠷᠡᠮᠵᠢ ᠵᠢ ᠰᠡᠳᠦᠭᠡᠳ᠂ ᠦᠷᠦᠮ᠎ᠡ ᠲᠠᠢ ᠰᠢᠬᠢᠷᠳᠤ ᠵᠢᠮᠢᠰ ᠤ᠋ᠨ ᠱᠤᠷᠤᠯᠠᠭ ᠬᠢᠵᠦ ᠪᠠᠢᠭ᠎ᠠ ᠲᠡᠯᠭᠡᠬᠦᠷ ᠤ᠋ᠨ ᠡᠮᠦᠨ᠎ᠡ ᠤᠷᠳᠤ ᠡᠴᠡ ᠤᠷᠳᠤ ᠮᠦᠷᠯᠡᠨ ᠵᠤᠭᠰᠤᠵᠦ᠂ ᠲᠡᠷᠡ ᠨᠢᠭᠡ ᠠᠮᠳᠠᠳᠤ ᠢᠳᠡᠭᠡᠨ ᠢ᠋ ᠤᠯᠵᠦ ᠢᠳᠡᠬᠦ ᠪᠡᠷ ᠬᠦᠯᠢᠶᠡᠳᠡᠭ ᠪᠤᠯᠵᠠᠢ᠃ ᠡᠬᠦᠨ ᠢ᠋ ᠲᠠᠭᠠᠯᠳᠤᠭᠠᠳ ᠦᠷᠦᠮ᠎ᠡ ᠲᠠᠢ ᠬᠠᠮᠪᠤᠢ᠍ᠷᠡᠭ᠂ ᠦᠷᠤᠮ᠎ᠡ ᠲᠠᠢ ᠰᠢᠬᠢᠷᠯᠡᠭᠰᠡᠨ ᠲᠤᠯᠤᠨᠤ ᠴᠦ᠍ ᠭᠠᠷᠴᠦ ᠢᠷᠡᠭᠡᠳ ᠦᠪᠦᠷ ᠮᠤᠩᠭᠤᠯ ᠡᠴᠡ ᠪᠠᠨ ᠭᠠᠷᠴᠦ᠂ ᠡᠮᠦᠨ᠎ᠡ ᠤᠷᠤᠨ ᠤ᠋ ᠱᠠᠩᠬᠠᠢ᠂ ᠨᠠᠨᠵᠢᠩ᠂ ᠬᠠᠩᠵᠸᠤ ᠵᠡᠷᠭᠡ ᠶᠡᠭᠡ ᠬᠤᠳᠠᠳ ᠤ᠋ᠨ ᠵᠠᠬ᠎ᠠ ᠲᠡᠯᠭᠡᠭᠦᠷ ᠲᠦ᠍ 《ᠦᠢᠮᠡᠭᠡᠨ》 ᠲᠡᠭᠳᠡᠭᠡᠵᠡᠢ᠃ ᠭᠡᠷᠡᠭᠴᠡᠭᠡ ᠱᠠᠭᠠᠷᠳᠠᠯᠭ᠎ᠠ ᠶᠡᠭᠡ ᠪᠤᠯᠪᠠᠯ ᠶᠠᠭᠤᠮ᠎ᠠ ᠡᠬᠢᠯᠡᠭᠡᠳ ᠬᠤᠪᠤᠷ ᠪᠤᠯᠴᠢᠬᠠᠨ᠎ᠠ᠃ ᠬᠡᠨ ᠮᠡᠳᠡᠵᠡᠮ᠂ ᠠᠯᠢ ᠨᠢᠭᠡᠨ ᠡᠳᠦᠷ ᠤᠯᠠᠮᠵᠢᠯᠠᠯᠳᠤ ᠴᠠᠭᠠᠨ ᠢᠳᠡᠭᠡᠨ ᠤ᠋ ᠨᠢᠭᠡ ᠪᠤᠯᠤᠭᠰᠠᠨ ᠦᠷᠦᠮ᠎ᠡ ᠢᠩᠬᠢᠵᠦ ᠨᠡᠷ᠎ᠡ ᠲᠦᠷᠦ ᠮᠠᠨᠳᠤᠴᠢᠬᠠᠨ᠎ᠠ ᠭᠡᠳᠡᠭ ᠢ᠋᠃

《ᠰᠢᠨ᠎ᠠ ᠡᠭᠦᠳᠦᠯᠳᠡ》 ᠭᠡᠳᠡᠭ ᠶᠠᠭᠤᠮ᠎ᠠ ᠶᠠᠭᠠᠬᠢᠭᠠᠳ ᠴᠦ᠍ ᠭᠡᠰᠡᠨ ᠠᠮᠢᠵᠢᠷᠠᠯ ᠤ᠋ᠨ ᠬᠦᠴᠦᠨ ᠵᠢᠡᠷ ᠴᠢᠩᠭ᠎ᠠ ᠪᠦᠭᠡᠳ ᠬᠦᠮᠦᠨ ᠲᠦᠷᠦᠯᠬᠢᠳᠡᠨ ᠤ᠋ ᠨᠡᠢᠭᠡᠮ ᠲᠡᠦᠭᠡ ᠵᠢ ᠤᠷᠤᠭᠰᠢᠯᠠᠭᠤᠯᠤᠭᠰᠠᠭᠠᠷ ᠢᠷᠡᠵᠡᠢ᠃ ᠶᠠᠮᠠᠷ ᠠᠵᠢᠯ ᠲᠦᠷᠦᠯ᠂ ᠶᠠᠮᠠᠷ ᠤᠯᠤᠰ ᠤᠷᠤᠨ ᠦᠨᠳᠦᠰᠦᠳᠡᠨ ᠶᠠᠰᠤᠳᠠᠨ ᠭᠡᠰᠡᠨ ᠦᠭᠡᠢ ᠬᠦᠮᠦᠨ ᠲᠦᠷᠦᠯᠬᠢᠳᠡᠨ ᠤ᠋ ᠬᠦᠭᠵᠢᠯᠳᠡ ᠰᠢᠨ᠎ᠡ ᠡᠬᠦᠳᠦᠯᠳᠡ ᠡᠴᠡ ᠰᠠᠯᠵᠦ ᠴᠢᠳᠠᠰᠢ ᠦᠭᠡᠢ᠃ ᠡᠪ ᠡᠩ ᠤ᠋ᠨ ᠨᠢᠭᠡᠨ ᠰᠢᠨ᠎ᠠ ᠡᠭᠦᠳᠦᠯᠳᠡ ᠨᠢᠭᠡ ᠤᠯᠤᠰ ᠭᠡᠷ᠂ ᠨᠢᠭᠡ ᠦᠨᠳᠦᠰᠦᠳᠡᠨ ᠶᠠᠰᠤᠳᠠᠨ ᠢ᠋ ᠠᠪᠤᠷᠠᠴᠢᠬᠠᠵᠦ ᠲᠡᠢᠯᠦᠨ᠎ᠡ᠃ ᠤᠯᠠᠮᠵᠢᠯᠠᠯ ᠤ᠋ᠨ ᠵᠢᠡᠨ ᠰᠠᠭᠤᠷᠢᠨ ᠲᠡᠭᠡᠷ᠎ᠡ ᠬᠦᠭᠵᠢᠭᠰᠡᠨ ᠰᠢᠨ᠎ᠡ ᠡᠬᠦᠳᠦᠯᠳᠡ ᠵᠢᠨ ᠠᠮᠢᠵᠢᠷᠠᠯ ᠤ᠋ᠨ ᠬᠦᠴᠦᠨ ᠨᠢ ᠨᠡᠩ ᠴᠢᠩᠭ᠎ᠠ ᠪᠤᠯᠤᠯᠳᠠᠢ᠃

ᠦᠷᠦᠮ᠎ᠡ ᠵᠢᠨ ᠬᠠᠯᠠᠭᠤᠷᠠᠯ ᠡᠴᠡ ᠵᠢᠱ᠌ᠢᠶᠡᠯᠡᠬᠦ ᠳ᠋ᠤ᠂ ᠤᠯᠠᠮᠵᠢᠯᠠᠯᠳᠤ ᠴᠠᠭᠠᠨ ᠢᠳᠡᠭᠡᠨ ᠵᠢᠨᠨ ᠬᠦᠯᠳᠡᠬᠦᠦ ᠰᠢᠬᠢᠷᠳᠤ ᠵᠢᠮᠢᠰ ᠤ᠋ᠨ ᠱᠤᠷᠤᠯᠠᠭ ᠲᠠᠢ ᠠᠭᠤᠰᠤᠯᠴᠠᠭᠤᠯᠤᠨ ᠪᠦᠲᠦᠭᠡᠭᠰᠡᠨ ᠨᠢ ᠲᠠᠷᠤᠢ ᠰᠢᠨ᠎ᠡ ᠡᠬᠦᠳᠦᠯᠳᠡ᠃ ᠡᠨᠡ ᠰᠢᠨ᠎ᠡ ᠡᠬᠦᠳᠦᠯᠳᠡ ᠬᠦᠮᠦᠰ ᠤ᠋ᠨ ᠪᠠᠢᠭᠠᠯᠢᠯᠢᠬ ᠪᠤᠬᠢᠷᠳᠤᠯ ᠦᠭᠡᠢ ᠢᠳᠡᠭᠡᠨ ᠤ᠋ ᠬᠦᠭᠡᠭᠡᠴᠡᠯᠳᠦᠯ ᠤ᠋ᠨ ᠱᠠᠭᠠᠷᠳᠠᠯᠭ᠎ᠠ ᠵᠢ ᠬᠠᠩᠭᠠᠪᠠ᠃ ᠪᠢᠳᠠ ᠦᠪ ᠰᠤᠶᠤᠯ ᠵᠢᠡᠨ ᠤᠯᠠᠮᠵᠢᠯᠠᠨ ᠬᠦᠭᠵᠢᠬᠦᠯᠬᠦ ᠵᠢ ᠰᠠᠨᠠᠭᠠᠴᠢᠯᠠᠨ ᠬᠢᠭᠰᠡᠭᠡᠷ ᠢᠷᠡᠵᠡᠢ᠃ ᠰᠢᠨ᠎ᠠ ᠡᠭᠦᠳᠦᠯᠳᠡ ᠰᠠᠶᠢ ᠤᠯᠠᠮᠵᠢᠯᠠᠯᠳᠤ ᠰᠤᠶᠤᠯ ᠢ᠋ ᠤᠳᠤᠬᠢ ᠨᠡᠢᠭᠡᠮ ᠤ᠋ᠨ ᠬᠦᠴᠦᠨ ᠪᠤᠯᠭᠠᠵᠦ ᠴᠢᠳᠠᠨ᠎ᠠ᠃ ᠭᠡᠳᠡᠯ᠎ᠡ ᠡᠢᠮᠦᠷᠬᠦᠦ ᠰᠢᠨ᠎ᠠ ᠡᠬᠦᠳᠦᠯᠳᠡ ᠠᠷᠠᠢ ᠬᠦᠷᠦᠯᠴᠡᠬᠦ ᠦᠭᠡᠢ ᠪᠠᠢᠭ᠎ᠠ ᠴᠦ᠍ ᠰᠢᠬ᠃ ᠤᠢᠷ᠎ᠠ ᠵᠢᠨ ᠵᠢᠯ ᠳ᠋ᠤ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ ᠪᠠ ᠵᠠᠰᠠᠭ ᠤ᠋ᠨ ᠤᠷᠳᠤᠨ ᠡᠴᠡ 《ᠤᠯᠠᠮᠵᠢᠯᠠᠯᠳᠤ ᠴᠠᠭᠠᠨ ᠢᠳᠡᠭᠡᠨ ᠢ᠋ ᠬᠦᠭᠵᠢᠬᠦᠯᠬᠦ》 ᠲᠤᠬᠠᠢ ᠤᠯᠠᠨ ᠤᠯᠠᠨ ᠠᠰᠢᠬᠳᠠᠢ ᠲᠦᠷᠦ ᠵᠢᠨ ᠪᠤᠳᠤᠯᠭ᠎ᠠ ᠵᠢ ᠭᠡᠷᠡᠭᠵᠢᠬᠦᠯᠵᠦ ᠪᠤᠢ᠃ ᠡᠳᠡᠬᠡᠷ ᠲᠦᠷᠦ ᠵᠢᠨ ᠪᠤᠳᠤᠯᠭ᠎ᠠ ᠵᠢᠨ ᠠᠰᠢᠬᠳᠠᠢ ᠨᠦᠬᠦᠴᠡᠯ ᠲᠤᠤᠷ᠎ᠠ ᠪᠢᠳᠠ ᠤᠯᠠᠮᠵᠢᠯᠠᠯᠳᠤ ᠴᠠᠭᠠᠨ ᠢᠳᠡᠭᠡᠨ ᠵᠢᠡᠨ ᠰᠢᠨ᠎ᠠ ᠵᠢ ᠡᠬᠦᠳᠦᠨ ᠬᠦᠭᠵᠢᠬᠦᠯᠪᠡᠯ᠂ ᠯᠠᠪᠳᠠᠢ ᠪᠦᠬᠦ ᠤᠯᠤᠰ ᠴᠢᠨᠠᠭᠰᠢᠯᠠᠨ ᠪᠦᠬᠦ ᠲᠡᠯᠡᠬᠡᠢ ᠵᠢᠨ ᠬᠦᠯᠢᠶᠡᠨ ᠬᠦᠷᠳᠡᠬᠦ ᠪᠤᠬᠢᠷᠳᠤᠯ ᠦᠭᠡᠢ ᠠᠮᠳᠠᠳᠤ ᠢᠳᠡᠭᠡᠨ ᠪᠤᠯᠵᠦ ᠴᠢᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号