ᠠᠯᠠᠱᠠ ᠠᠢᠮᠠᠭ ᠤ᠋ᠨ ᠴᠠᠭᠠᠨ ᠭᠤᠶᠤᠤᠶ᠋ᠢᠨ ᠭᠠᠷᠤᠯᠳᠠ ᠪᠦᠬᠦ ᠤᠯᠤᠰ ᠤ᠋ᠨ 90% ᠭᠠᠷᠤᠢ ᠶ᠋ᠢ ᠡᠵᠡᠯᠡᠬᠦ ᠪᠦᠭᠡᠳ ᠴᠠᠭᠠᠨ ᠭᠤᠶᠤᠤ ᠨᠢ ᠴᠢᠨᠠᠷᠯᠢᠭ ᠰᠠᠢᠨ ᠪᠠᠢᠳᠠᠭ ᠶ᠋ᠢᠡᠷ ᠵᠢᠡᠨ 《ᠲᠤᠮᠳᠠᠳᠤ ᠤᠯᠤᠰ ᠤ᠋ᠨ ᠴᠠᠭᠠᠨ ᠭᠤᠶᠤᠤᠶ᠋ᠢᠨ ᠨᠤᠲᠤᠭ》 ᠬᠡᠮᠡᠭᠳᠡᠭᠰᠡᠨ ᠶᠤᠮ᠃

ᠤᠢᠷ᠎ᠠ ᠶ᠋ᠢᠨ ᠵᠢᠯ ᠳ᠋ᠤ ᠲᠤᠰ ᠠᠢᠮᠠᠭ ᠠᠮᠢ ᠠᠬᠤᠢᠶ᠋ᠢᠨ ᠬᠠᠮᠠᠭᠠᠯᠠᠯᠳᠠ ᠪᠠ ᠪᠦᠳᠦᠭᠡᠨ ᠪᠠᠢᠭᠤᠯᠤᠯᠳᠠ ᠶ᠋ᠢ ᠵᠡᠷᠭᠡ ᠪᠡᠷ ᠠᠳᠬᠤᠨ ᠡᠯᠡᠰᠦᠨ ᠤ᠋ ᠠᠵᠤ ᠦᠢᠯᠡᠰᠢ ᠭᠦᠭ᠌ᠵᠢᠬᠦᠯᠬᠦ᠌ ᠲᠤᠬᠠᠢ ᠤᠯᠠᠨ ᠵᠦᠢᠯ ᠤ᠋ᠨ ᠲᠦᠷᠦ᠍ᠶ᠋ᠢᠨ ᠪᠤᠳᠤᠯᠭ᠎ᠠ ᠶ᠋ᠢ ᠳᠤᠭᠳᠠᠭᠠᠨ ᠬᠡᠷᠡᠭᠵᠢᠭᠦᠯᠦᠭᠰᠡᠨ ᠶ᠋ᠢᠡᠷ ᠦᠨᠤ ᠨᠢᠭᠡᠨᠳᠡ ᠪᠦᠬᠦ᠌ ᠤᠯᠤᠰ ᠤ᠋ᠨ ᠡᠯᠡᠰᠦᠷᠬᠡᠭ ᠤᠷᠤᠨ ᠤ᠋ ᠴᠠᠭᠠᠨ ᠭᠤᠶᠤᠤ ᠶ᠋ᠢ ᠡᠳ᠋ᠰᠢᠭᠦᠯᠦᠨ ᠪᠤᠯᠪᠠᠰᠤᠷᠠᠭᠤᠯᠬᠤ ᠪᠠ ᠲᠦᠪᠯᠡᠷᠡᠭᠦᠯᠦᠨ ᠠᠷᠠᠯᠵᠢᠶᠠᠯᠠᠬᠤ ᠭᠤᠤᠯ ᠤᠷᠤᠨ ᠪᠤᠯᠵᠤ᠂ ᠪᠦᠬᠦ᠌ ᠠᠢᠮᠠᠭ ᠤ᠋ᠨ ᠬᠦᠮᠦᠨ ᠤ᠋ ᠬᠦᠴᠦ᠍ ᠪᠠᠷ ᠲᠠᠷᠢᠭ᠍ᠰᠠᠨ ᠴᠠᠭᠠᠨ ᠭᠤᠶᠤᠤ ᠨᠢ 146.7 ᠲᠦᠮᠡᠨ ᠮᠦ᠍ ᠳ᠋ᠤ ᠬᠦᠷᠴᠦ᠍᠂ ᠵᠢᠯ ᠤ᠋ᠨ ᠭᠠᠷᠤᠯᠳᠠ ᠨᠢ 8000 ᠲᠤᠨ ᠢ᠋ ᠲᠠᠪᠠᠵᠤ ᠪᠠᠢᠨ᠎ᠠ᠃

ᠤᠳᠤ ᠠᠯᠠᠱᠠ ᠠᠢᠮᠠᠭ ᠨᠢᠭᠡᠨᠳᠡ ᠴᠠᠭᠠᠨ ᠭᠤᠶᠤᠤ᠂ ᠤᠯᠠᠭᠠᠨ ᠭᠤᠶᠤᠤ ᠶ᠋ᠢ ᠲᠠᠷᠢᠬᠤ᠂ ᠡᠳ᠋ᠰᠢᠭᠦᠯᠤᠨ ᠪᠤᠯᠪᠠᠰᠤᠷᠠᠭᠤᠯᠬᠤ ᠪᠠ ᠪᠤᠷᠤᠯᠠᠭᠤᠯᠬᠤ ᠶ᠋ᠢ ᠨᠢᠭᠡ ᠴᠤᠭ᠍ᠴᠠᠵᠢᠭᠤᠯᠤᠭ᠍ᠰᠠᠨ ᠠᠵᠤ ᠦᠢᠯᠡᠰ ᠤ᠋ᠨ ᠬᠡᠯᠬᠢᠶ᠎ᠠ ᠶ᠋ᠢ ᠪᠦᠷᠢᠯᠳᠦᠭᠦᠯᠵᠤ᠂ 3 ᠲᠦᠮᠡ ᠭᠠᠷᠤᠢ ᠮᠠᠯᠴᠢᠨ ᠲᠠᠷᠢᠶᠠᠴᠢᠨ ᠡᠯᠡᠰᠦᠨ ᠤ᠋ ᠠᠵᠤ ᠦᠢᠯᠡᠰ ᠲᠦ᠍ ᠤᠷᠤᠯᠴᠠᠨ᠂ ᠬᠦᠮᠦᠨ ᠲᠤᠮᠳᠠᠴᠢ ᠶ᠋ᠢᠨ ᠵᠢᠯ ᠤ᠋ᠨ ᠤᠷᠤᠯᠭ᠎ᠠ ᠨᠢ 3 — 5 ᠲᠦᠮᠡᠨ ᠲᠦᠭᠦᠷᠢᠭ ᠨᠡᠮᠡᠭ᠌ᠳᠡᠵᠤ᠂ ᠴᠦᠬᠡᠨ ᠲᠤᠭᠠᠨ ᠤ᠋ ᠮᠠᠯᠴᠢᠳ ᠤ᠋ᠨ ᠵᠢᠯ ᠤ᠋ᠨ ᠤᠷᠤᠯᠭ᠎ᠠ ᠨᠢ 10 — 30 ᠲᠦᠮᠡᠨ ᠲᠦᠭᠦᠷᠢᠭ ᠲᠦ᠍ ᠬᠦᠷᠴᠤ ᠪᠠᠢᠨ᠎ᠠ; ᠡᠯᠡᠰᠦᠨ ᠤ᠋ ᠠᠵᠤ ᠦᠢᠯᠡᠰ ᠢ᠋ ᠡᠷᠬᠢᠯᠡᠵᠤ ᠪᠠᠢᠭ᠎ᠠ ᠠᠵᠤ ᠠᠬᠤᠢᠯᠠᠯ 39 ᠪᠠᠢᠵᠤ᠂ ᠴᠠᠭᠠᠨ ᠭᠤᠶᠤᠤ᠂ ᠤᠯᠠᠭᠠᠨ ᠭᠤᠶᠤᠤ᠂ ᠢᠩᠭᠡᠨ ᠰᠦ ᠵᠡᠷᠭᠡ ᠪᠡᠷ 130 ᠭᠠᠷᠤᠢ ᠵᠦᠢᠯ ᠤ᠋ᠨ ᠤᠨᠴᠠᠯᠢᠭᠳᠤ ᠪᠦᠲᠦᠭᠡᠭᠳᠡᠭᠦᠨ ᠢ᠋ ᠦᠢᠯᠡᠳᠪᠤᠷᠢᠯᠡᠨ᠂ ᠵᠢᠯ ᠤ᠋ᠨ ᠦᠢᠯᠡᠳᠭᠦᠨ ᠤ᠋ ᠦᠷᠳᠡᠭ ᠨᠢ 10.06 ᠳ᠋ᠦᠩᠱᠢᠭᠤᠷ ᠲᠦᠭᠦᠷᠢᠭ ᠲᠤ᠌ ᠬᠦᠷᠴᠦ ᠪᠤᠢ᠃