ᠤᠢᠷ᠎ᠠ ᠳ᠋ᠤ᠂ ᠰᠤᠷᠪᠤᠯᠵᠢᠯᠠᠭ᠍ᠴᠢ ᠪᠡᠭᠡᠵᠢᠩ᠎ᠦᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠤᠯᠠᠭᠠᠨᠴᠠᠪ ᠬᠤᠪᠢᠶᠠᠷᠢ ᠰᠤᠷᠭᠠᠭᠤᠯᠢ᠎ᠶ᠋ᠢᠨ ᠬᠢᠬᠢᠷᠢ ᠵᠢᠨ ᠨᠠᠭᠤᠷ ᠰᠤᠷᠭᠠᠭᠤᠯᠢ᠎ᠶ᠋ᠢᠨ ᠲᠣᠭᠣᠷᠢᠭ᠎ᠤᠨ ᠰᠤᠷᠤᠭ᠍ᠴᠢᠳ᠎ᠤᠨ ᠬᠣᠭᠣᠯᠠᠨ ᠭᠡᠷ᠎ᠲᠦ᠂ ᠠᠵᠢᠯᠲᠠᠨ ᠶᠠᠨ ᠫᠢᠩ ᠲᠤᠬᠠᠶ᠎ᠶ᠋ᠢᠨ ᠡᠳᠦᠷ᠎ᠦᠨ ᠵᠢᠮᠢᠰ᠎ᠢ ᠨᠠᠷᠢᠨ ᠬᠢᠨᠠᠮᠠᠭᠠᠢ ᠪᠠᠢᠴᠠᠭᠠᠨ ᠱᠢᠯᠭᠠᠵᠤ ᠪᠠᠢᠭ᠎ᠠ ᠵᠢ ᠤᠯᠵᠤ ᠬᠠᠷᠠᠵᠠᠢ᠃ ᠲᠤᠰ ᠰᠤᠷᠭᠠᠭᠤᠯᠢ᠎ᠶ᠋ᠢᠨ《ᠡᠵᠢ ᠲᠣᠭᠣᠭᠠᠨ ᠭᠡᠷ》 ᠤ᠋ᠨ ᠨᠢᠭᠡᠨ《ᠡᠵᠢ ᠲᠣᠭᠣᠭᠠᠴᠢ》 ᠪᠣᠯᠤᠭ᠍ᠰᠠᠨ᠎ᠤ ᠬᠤᠪᠢ᠎ᠳᠤ᠂ ᠲᠡᠷᠡ ᠢᠳᠡᠭᠡᠨ᠎ᠦ ᠮᠠᠲ᠋ᠧᠷᠢᠶᠠᠯ᠎ᠢ ᠬᠥᠮᠥᠷᠭᠡ᠎ᠳᠦ ᠣᠷᠣᠭᠤᠯᠬᠤ᠂ ᠬᠥᠮᠥᠷᠭᠡ᠎ᠡᠴᠡ ᠭᠠᠷᠭᠠᠬᠤ ᠠᠵᠢᠯ᠎ᠢ ᠬᠠᠷᠢᠭᠤᠴᠠᠬᠤ᠎ᠪᠠᠷ ᠪᠠᠷᠠᠬᠤ ᠦᠭᠡᠢ ᠪᠠᠰᠠ ᠬᠢᠨᠠᠯᠲᠠ ᠲᠠᠯᠪᠢᠭ᠍ᠴᠢ᠎ᠶ᠋ᠢᠨ ᠬᠤᠪᠢ᠎ᠪᠠᠷ ᠢᠳᠡᠭᠡᠨ᠎ᠦ ᠮᠠᠲ᠋ᠧᠷᠢᠶᠠᠯ᠎ᠢ ᠱᠢᠯᠭᠠᠨ ᠪᠠᠢᠴᠠᠭᠠᠬᠤ᠂ ᠡᠳ᠋ᠱᠢᠭᠦᠯᠬᠦ᠌ ᠪᠦᠬᠦ᠌ ᠶᠠᠪᠤᠴᠠ᠎ᠳᠤ ᠣᠷᠣᠯᠴᠠᠳᠠᠭ᠃
《ᠡᠵᠢ ᠲᠣᠭᠣᠭᠠᠨ ᠭᠡᠷ》ᠭᠡᠳᠡᠭ ᠨᠢ ᠳᠠᠷᠤᠢ ᠰᠤᠷᠭᠠᠭᠤᠯᠢ᠎ᠠᠴᠠ ᠰᠤᠷᠤᠭ᠍ᠴᠢ᠎ᠶ᠋ᠢᠨ ᠭᠡᠷ᠎ᠦᠨ ᠠᠬᠠᠮᠠᠳ᠎ᠢ ᠡᠡᠭ ᠲᠠᠷᠢᠬᠦᠨ ᠳ᠋ᠤ ᠤᠷᠢᠨ ᠬᠡᠷᠡᠭ᠌ᠯᠡᠵᠦ᠍ ᠬᠣᠭᠣᠯᠠᠨ ᠭᠡᠷ᠎ᠦᠨ ᠠᠵᠢᠯ᠎ᠳᠤ ᠣᠷᠣᠯᠴᠠᠭᠤᠯᠬᠤ ᠵᠢ ᠵᠢᠭᠠᠵᠤ᠂ 《ᠡᠵᠢ ᠲᠣᠭᠣᠭᠠᠨ ᠭᠡᠷ》 ᠤ᠋ᠨ ᠤᠨᠴᠠᠯᠢᠬ᠍ᠳᠤ ᠲᠦᠷᠦᠯ ᠲᠡᠮᠳᠡᠭ᠎ᠢ ᠡᠭᠦᠳᠬᠦ᠌ ᠨᠢ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠰᠤᠷᠭᠠᠭᠤᠯᠢ᠎ᠶ᠋ᠢᠨ ᠬᠦᠷᠢᠶᠡᠨ᠎ᠦ ᠬᠣᠭᠣᠯᠠᠨ᠎ᠤ ᠬᠢᠨᠠᠯᠲᠠ ᠬᠠᠮᠢᠶᠠᠷᠤᠯᠲᠠ᠎ᠶ᠋ᠢᠨ ᠬᠦᠴᠢᠷ ᠠᠰᠠᠭᠤᠳᠠᠯ᠎ᠢ ᠱᠢᠢᠳᠪᠦᠷᠢᠯᠡᠵᠦ᠍᠂ ᠭᠡᠷ᠎ᠦᠨ ᠠᠬᠠᠮᠠᠳ ᠪᠠ ᠰᠤᠷᠭᠠᠭᠤᠯᠢ᠎ᠶ᠋ᠢᠨ ᠭᠦᠨᠵᠡᠭᠡᠢ ᠬᠠᠮᠵᠢᠯᠴᠠᠬᠤ᠎ᠶ᠋ᠢ ᠠᠬᠢᠭᠤᠯᠬᠤ ᠠᠮᠢᠳᠤᠯᠢᠭ ᠦᠢᠯᠡᠳᠦᠯᠭᠡ ᠪᠣᠯᠵᠠᠢ᠃
《ᠮᠠᠨ᠎ᠤ ᠡᠳᠡᠭᠡᠷ ᠰᠤᠷᠤᠭ᠍ᠴᠢᠳ᠎ᠤᠨ ᠡᠵᠢ ᠨᠠᠷ ᠨᠢᠭᠡ ᠲᠠᠯ᠎ᠠ᠎ᠪᠠᠷ ᠬᠡᠤᠬᠡᠳ ᠵᠢᠡᠨ ᠬᠠᠷᠠᠨ ᠰᠠᠭᠤᠵᠤ᠂ ᠨᠦᠬᠦᠭᠡ ᠲᠠᠯ᠎ᠠ᠎ᠪᠠᠷ ᠬᠣᠭᠣᠯᠠᠨ ᠭᠡᠷ᠎ᠲᠦ ᠬᠥᠯᠥᠰᠥᠨ ᠠᠵᠢᠯ ᠬᠢᠵᠦ᠍ ᠣᠷᠣᠯᠭ᠎ᠠ ᠣᠯᠤᠨ᠂ ᠪᠠᠰᠠ ᠬᠣᠭᠣᠯᠠᠨ ᠭᠡᠷ᠎ᠦᠨ ᠢᠳᠡᠭᠡᠨ᠎ᠦ ᠮᠠᠲ᠋ᠧᠷᠢᠶᠠᠯ᠂ ᠣᠷᠴᠢᠨ ᠲᠣᠭᠣᠷᠢᠨ᠎ᠤ ᠡᠷᠡᠭᠦᠯ ᠬᠠᠮᠠᠭᠠᠯᠠᠯ᠎ᠳᠤ ᠬᠢᠨᠠᠯᠲᠠ ᠲᠠᠯᠪᠢᠵᠤ᠂ ᠬᠡᠦᠬᠡᠳᠦᠳᠲᠡᠭᠡᠨ ᠠᠮᠲᠠᠲᠠᠶ ᠬᠣᠭᠣᠯᠠ ᠬᠢᠵᠦ᠍ ᠥᠭ᠌ᠴᠦ ᠪᠤᠯᠤᠨ᠎ᠠ》 ᠭᠡᠵᠦ᠍ ᠶᠠᠨ ᠫᠢᠩ ᠶᠠᠷᠢᠵᠠᠢ᠃
ᠪᠡᠭᠡᠵᠢᠩ᠎ᠦᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠤᠯᠠᠭᠠᠨᠴᠠᠪ ᠬᠤᠪᠢᠶᠠᠷᠢ ᠰᠤᠷᠭᠠᠭᠤᠯᠢ᠎ᠶ᠋ᠢᠨ ᠬᠢᠬᠢᠷᠢ ᠵᠢᠨ ᠨᠠᠭᠤᠷ ᠰᠤᠷᠭᠠᠭᠤᠯᠢ᠎ᠶ᠋ᠢᠨ ᠲᠣᠭᠣᠷᠢᠭ᠎ᠲᠤ ᠶᠠᠨ ᠫᠢᠩ ᠱᠢᠭ ᠬᠣᠭᠣᠯᠠᠨ ᠭᠡᠷ᠎ᠲᠦ ᠬᠠᠪᠰᠤᠷᠤᠨ ᠠᠵᠢᠯᠯᠠᠵᠤ ᠪᠠᠢᠭ᠎ᠠ 《ᠡᠵᠢ ᠬᠦᠮᠦᠨ》 ᠠᠷᠪᠠᠨ ᠬᠡᠳᠦ ᠪᠠᠢᠵᠤ᠂ ᠲᠡᠳᠡ ᠬᠣᠭᠣᠯᠠᠨ ᠭᠡᠷ᠎ᠦᠨ ᠪᠦᠬᠦ᠌ ᠠᠵᠢᠯᠴᠢᠳ᠎ᠤᠨ 53% ᠶ᠋ᠢ ᠡᠵᠡᠯᠡᠵᠤ ᠪᠤᠢ᠃ ᠥᠷᠯᠥᠭᠡ ᠪᠦᠷᠢ᠎ᠶ᠋ᠢᠨ ᠲᠠᠪᠤᠨ ᠴᠠᠭ ᠬᠠᠭᠠᠰ ᠪᠤᠯᠬᠤ ᠳ᠋ᠤ᠂ ᠬᠣᠭᠣᠯᠠᠨ ᠭᠡᠷ᠎ᠦᠨ ᠬᠥᠮᠥᠷᠭᠡ᠂ ᠢᠳᠡᠰᠢᠨ ᠨᠣᠭᠣᠭ᠎ᠠ ᠵᠢᠨ ᠦᠷᠦᠭᠡ᠂ ᠭᠤᠯᠢᠷ ᠤ᠋ᠨ ᠦᠷᠦᠭᠡ᠂ ᠬᠣᠭᠣᠯᠠ ᠢᠳᠡᠭᠡ ᠠᠪᠬᠤ ᠴᠣᠩᠬᠣ ᠪᠡᠷ ᠪᠦᠷ 《ᠡᠵᠢ ᠲᠣᠭᠣᠭᠠᠴᠢ》 ᠵᠢᠨ ᠶᠠᠭᠠᠷᠠᠵᠤ ᠪᠠᠢᠭ᠎ᠠ ᠪᠠᠷ᠎ᠠ ᠬᠠᠷᠠᠭᠳᠠᠵᠤ᠂ ᠴᠡᠪᠡᠷᠯᠡᠭᠡ ᠬᠢᠵᠤ᠂ ᠢᠳᠡᠭᠡᠨ᠎ᠦ ᠮᠠᠲ᠋ᠧᠷᠢᠶᠠᠯ᠎ᠤᠨ ᠱᠢᠨ᠎ᠡ ᠰᠣᠷᠭᠣᠭ᠎ᠤᠨ ᠬᠡᠮᠵᠢᠶ᠎ᠡ᠎ᠶ᠋ᠢ ᠪᠠᠢᠴᠠᠭᠠᠨ ᠱᠢᠯᠭᠠᠵᠤ᠂ ᠨᠤᠭᠤᠭ᠎ᠠ ᠤᠬᠢᠶᠠᠵᠤ ᠨᠤᠭᠤᠭ᠎ᠠ ᠬᠡᠷᠴᠢᠵᠤ᠂ ᠬᠣᠭᠣᠯᠠ ᠬᠢᠵᠤ᠂ ᠬᠡᠦᠬᠡᠳ᠎ᠦᠳ᠎ᠲᠦ ᠠᠮᠲᠠᠲᠠᠶ ᠬᠣᠭᠣᠯᠠ ᠪᠤᠳᠠᠭ᠎ᠠ ᠠᠶᠠᠭᠠᠯᠠᠨ᠎ᠠ ᠁ ᠭᠠᠷᠠᠭ ᠪᠦᠷᠢ ᠰᠤᠷᠤᠭ᠍ᠴᠢᠳ᠎ᠤᠨ ᠰᠠᠨᠠᠭᠤᠯᠭ᠎ᠠ ᠪᠠ ᠲᠤᠷᠠᠰᠢᠯ ᠢ᠋ ᠦᠨᠳᠦᠰᠦᠯᠡᠨ ᠠᠳᠠᠯᠢ ᠪᠤᠰᠤ ᠬᠤᠭᠤᠯᠠ ᠰᠣᠯᠢᠵᠤ ᠨᠣᠭᠣᠭ᠎ᠠ᠎ᠪᠠᠨ ᠰᠠᠢᠵᠢᠷᠠᠭᠤᠯᠳᠠᠭ᠃ 《ᠡᠵᠢ ᠲᠣᠭᠣᠭᠠᠴᠢ》 ᠨᠠᠷ ᠬᠡᠦᠬᠡᠳ᠎ᠦᠨ ᠵᠢᠡᠨ ᠢᠳᠡᠭᠡᠨ ᠤᠮᠳᠠᠭᠠᠨ᠎ᠤ ᠬᠡᠷᠡᠭ᠌ᠴᠡᠭᠡ᠎ᠶ᠋ᠢᠨ ᠲᠤᠬᠠᠶ ᠲᠥᠷᠥᠯᠬᠢ ᠮᠡᠳᠡᠷᠡᠮᠵᠢ᠎ᠳᠡᠭᠡᠨ ᠲᠦᠱᠢᠭ᠌ᠯᠡᠨ᠂ ᠰᠤᠷᠭᠠᠭᠤᠯᠢ᠎ᠶ᠋ᠢᠨ ᠬᠦᠷᠢᠶᠡᠨ᠎ᠦ ᠬᠣᠭᠣᠯᠠᠨ᠎ᠤ ᠴᠢᠨᠠᠷ ᠴᠢᠨᠰᠠᠭ᠎ᠠ᠎ᠶ᠋ᠢ ᠳᠡᠭᠡᠭ᠌ᠰᠢᠯᠡᠭᠦᠯᠬᠦ᠌ ᠵᠠᠩᠭᠢᠯᠠᠭ᠎ᠠ᠎ᠶ᠋ᠢᠨ ᠬᠦᠴᠦᠨ ᠪᠣᠯᠵᠠᠶ᠃
《ᠲᠠᠳᠠ ᠨᠠᠷᠢᠨ ᠬᠢᠨᠠᠮᠠᠭᠠᠶ᠂ ᠬᠠᠷᠢᠭᠤᠴᠠᠯᠭ᠎ᠠ᠎ᠲᠠᠶ᠂ ᠬᠦᠯᠢᠴᠡᠩᠭᠦᠶ᠎ᠪᠡᠷ ᠰᠤᠷᠭᠠᠭᠤᠯᠢ᠎ᠶ᠋ᠢᠨ ᠬᠣᠭᠣᠯᠠᠨ ᠬᠡᠷ᠎ᠦᠨ ᠬᠡᠪ᠎ᠦᠨ ᠡᠵᠡᠩᠨᠡᠯᠲᠡ᠎ᠶ᠋ᠢ ᠪᠠᠲᠤᠯᠠᠭ᠍ᠰᠠᠨ᠎ᠢᠶᠠᠷ ᠪᠠᠷᠠᠬᠤ ᠥᠬᠡᠶ᠂ ᠨᠠᠩ ᠴᠤ᠌ ᠬᠣᠭᠣᠯᠠ ᠪᠤᠳᠠᠭᠠᠨ᠎ᠤ ᠠᠷᠢᠭᠤᠨ ᠴᠡᠪᠡᠷ᠎ᠢ ᠪᠠᠲᠤᠯᠠᠵᠤ᠂ ᠬᠡᠦᠬᠡᠳ᠎ᠦᠳ᠎ᠦᠨ ᠢᠳᠡᠭᠡᠨ᠎ᠦ ᠠᠮᠤᠷ ᠲᠦᠪᠱᠢᠨ᠎ᠢ ᠬᠠᠮᠠᠭᠠᠯᠠᠵᠤ ᠪᠠᠢᠨ᠎ᠠ︾ᠬᠡᠵᠤ ᠪᠡᠭᠡᠵᠢᠩ᠎ᠦᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠤᠯᠠᠭᠠᠨᠴᠠᠪ᠎ᠤᠨ ᠬᠤᠪᠢᠶᠠᠷᠢ ᠰᠤᠷᠭᠠᠭᠤᠯᠢ᠎ᠶ᠋ᠢᠨ ᠬᠢᠬᠢᠷᠢ ᠵᠢᠨ ᠨᠠᠭᠤᠷ ᠰᠤᠷᠭᠠᠭᠤᠯᠢ᠎ᠶ᠋ᠢᠨ ᠲᠣᠭᠣᠷᠢᠭ᠎ᠤᠨ ᠳᠡᠳ᠋ ᠵᠠᠬᠢᠷᠤᠯ ᠳ᠋ᠦ᠋ ᠯᠢ ᠵᠢᠶᠦ᠋ᠨ ᠶᠠᠷᠢᠨ᠎ᠠ᠃
ᠰᠤᠷᠭᠠᠭᠤᠯᠢ᠎ᠶ᠋ᠢᠨ ᠬᠦᠷᠢᠶᠡᠨ᠎ᠦ ᠢᠳᠡᠭᠡᠨ ᠤᠮᠳᠠᠭᠠᠨ ᠤ᠋ ᠠᠮᠤᠷ ᠲᠦᠪᠱᠢᠨ᠂ ᠨᠣᠭᠣᠭ᠎ᠠ ᠴᠠᠭ᠎ᠠ᠎ᠶ᠋ᠢᠨ ᠶᠠᠰᠤ ᠴᠢᠨᠠᠷ ᠪᠠ ᠦᠨ᠎ᠡ ᠬᠠᠩᠰᠢ᠎ᠶ᠋ᠢᠨ ᠢᠯᠡ ᠲᠣᠳᠣ᠎ᠶ᠋ᠢᠨ ᠬᠡᠮᠵᠢᠶ᠎ᠡ ᠨᠢ ᠴᠥᠮ ᠬᠡᠷ᠎ᠦᠨ ᠠᠬᠠᠮᠠᠳ᠎ᠤᠨ ᠠᠩᠬᠠᠷᠤᠯ ᠢ᠋ ᠲᠠᠳᠠᠬᠤ ᠴᠢᠬᠤᠯᠠ ᠵᠤᠢᠯ ᠪᠤᠯᠵᠤ᠂ ᠪᠠᠰᠠ ᠴᠤ᠌ ᠰᠤᠷᠭᠠᠭᠤᠯᠢ᠎ᠶ᠋ᠢᠨ ᠬᠠᠮᠢᠶᠠᠷᠤᠯᠲᠠ᠎ᠳᠠᠬᠢ ᠬᠦᠴᠢᠷ ᠠᠰᠠᠭᠤᠳᠠᠯ ᠪᠣᠯᠤᠭ᠍ᠰᠠᠭᠠᠷ ᠢᠷᠡᠵᠡᠶ᠃ ᠡᠨᠡ ᠬᠦ᠌ ᠬᠦᠴᠢᠷᠳᠡᠯ᠎ᠢ ᠢᠯᠠᠨ ᠳᠠᠪᠠᠬᠤ᠎ᠶ᠋ᠢᠨ ᠲᠥᠯᠥᠭᠡ᠂ ᠪᠡᠭᠡᠵᠢᠩ᠎ᠦᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠤᠯᠠᠭᠠᠨᠴᠠᠪ ᠬᠤᠪᠢᠶᠠᠷᠢ ᠰᠤᠷᠭᠠᠭᠤᠯᠢ᠎ᠶ᠋ᠢᠨ ᠬᠢᠬᠢᠷᠢ ᠵᠢᠨ ᠨᠠᠭᠤᠷ ᠰᠤᠷᠭᠠᠭᠤᠯᠢ᠎ᠶ᠋ᠢᠨ ᠲᠣᠭᠣᠷᠢᠭ 《ᠡᠵᠢ ᠲᠣᠭᠣᠭᠠᠨ ᠭᠡᠷ》 ᠡᠨᠡ ᠬᠦ᠌ ᠣᠨᠴᠠᠯᠢᠭ᠎ᠲᠠᠶ ᠲᠦᠷᠦᠯ ᠲᠡᠮᠳᠡᠭ᠎ᠢ ᠰᠦᠪᠡᠭ᠌ᠴᠢᠯᠡᠨ ᠡᠭᠦᠳᠴᠦ᠍᠂ ᠭᠡᠷ᠎ᠦᠨ ᠠᠬᠠᠮᠠᠳ᠎ᠤᠨ ᠬᠦᠴᠦᠨ᠎ᠢ ᠰᠤᠷᠭᠠᠭᠤᠯᠢ᠎ᠶ᠋ᠢᠨ ᠬᠦᠷᠢᠶᠡᠨ᠎ᠦ ᠬᠣᠭᠣᠯᠠᠨ᠎ᠤ ᠬᠠᠮᠢᠶᠠᠷᠤᠯᠲᠠ᠎ᠶ᠋ᠢᠨ ᠱᠢᠰᠲ᠋ᠧᠮ᠎ᠳᠦ ᠣᠷᠣᠭᠤᠯᠵᠤ᠂ ᠰᠤᠷᠭᠠᠭᠤᠯᠢ ᠪᠣᠯᠤᠨ ᠭᠡᠷ᠎ᠦᠨ ᠠᠬᠠᠮᠠᠳ᠎ᠤᠨ ᠬᠣᠭᠣᠷᠣᠨᠳᠣᠬᠢ ᠢᠲᠡᠭᠡᠯ᠎ᠦᠨ ᠬᠥᠭᠥᠷᠭᠡ᠎ᠶ᠋ᠢ ᠪᠠᠢᠭᠤᠯᠪᠠ᠃
《ᠰᠤᠷᠭᠠᠭᠤᠯᠢ᠎ᠶ᠋ᠢᠨ ᠬᠦᠷᠢᠶᠡᠨ᠎ᠦ ᠬᠣᠭᠣᠯᠠ ᠤᠮᠳᠠ᠎ᠶ᠋ᠢᠨ ᠶᠠᠰᠤ ᠴᠢᠨᠠᠷ ᠪᠠ ᠤᠯᠠᠨ ᠤ᠋ ᠬᠠᠨᠤᠮᠵᠢ᠎ᠶ᠋ᠢᠨ ᠬᠡᠮᠵᠢᠶ᠎ᠡ᠎ᠶ᠋ᠢ ᠤᠯᠠᠮ ᠨᠢᠭᠡ ᠠᠯᠬᠤᠮ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠪᠢᠳᠡ ᠪᠠᠰᠠ〈ᠰᠤᠷᠭᠠᠭᠤᠯᠢ᠎ᠶ᠋ᠢᠨ ᠬᠦᠷᠢᠶᠡᠨ᠎ᠦ ᠬᠣᠭᠣᠯᠠ ᠤᠮᠳᠠ᠎ᠳᠤ ᠬᠢᠨᠠᠯᠲᠠ ᠲᠠᠯᠪᠢᠬᠤ ᠬᠡᠷ᠎ᠦᠨ ᠠᠬᠠᠮᠠᠳ᠎ᠤᠨ ᠵᠥᠪᠯᠡᠯ〉 ᠪᠠ 〈ᠬᠠᠮᠲᠤ ᠬᠣᠭᠣᠯᠠᠯᠠᠬᠤ ᠲᠦᠷᠢᠮ〉 ᠢ᠋ ᠪᠠᠢᠭᠤᠯᠵᠤ᠂ ᠡᠳᠦᠷ ᠪᠦᠷᠢ ᠵᠢᠷᠬᠢᠶ᠎ᠠ ᠵᠢᠨ ᠬᠣᠯᠪᠣᠭᠠᠨ᠎ᠳᠤ ᠲᠣᠰ ᠡᠳᠦᠷ᠎ᠦᠨ᠎ᠢᠶᠡᠨ ᠨᠣᠭᠣᠭ᠎ᠠ ᠵᠢᠨ ᠪᠠᠢᠳᠠᠯ ᠢ᠋ ᠬᠤᠪᠢᠶᠠᠯᠴᠠᠵᠤ᠂ ᠭᠠᠷᠠᠭ ᠪᠦᠷᠢ ᠬᠡᠷ᠎ᠦᠨ ᠠᠬᠠᠮᠠᠳ᠎ᠢ ᠤᠷᠢᠨ ᠬᠣᠭᠣᠯᠠ ᠢᠳᠡᠭᠦᠯᠵᠦ᠍᠂ ᠬᠡᠷ᠎ᠦᠨ ᠠᠬᠠᠮᠠᠳ᠎ᠤᠨ ᠰᠠᠨᠠᠯ᠎ᠢ ᠬᠤᠷᠢᠶᠠᠬᠤ᠎ᠶ᠋ᠢᠨ ᠬᠠᠮᠲᠤ ᠴᠠᠭ ᠲᠤᠬᠠᠶ᠎ᠳᠤᠨᠢ ᠴᠡᠭ᠌ᠴᠡᠯᠡᠨ ᠰᠠᠢᠵᠢᠷᠠᠭᠤᠯᠵᠤ᠂ ᠰᠤᠷᠤᠭ᠍ᠴᠢᠳ᠎ᠤᠨ ᠬᠣᠭᠣᠯᠠ ᠤᠮᠳᠠ᠎ᠶ᠋ᠢᠨ ᠠᠮᠤᠷ ᠲᠦᠪᠱᠢᠨ ᠪᠠ ᠱᠢᠮ᠎ᠡ ᠲᠡᠵᠢᠭᠡᠯ ᠡᠷᠡᠭᠦᠯ ᠮᠡᠨᠳᠦ᠍᠎ᠳᠦ ᠪᠠᠲᠤ ᠪᠠᠬᠢ ᠰᠡᠷᠭᠡᠢᠯᠡᠯᠲᠡ᠎ᠶ᠋ᠢᠨ ᠱᠤᠭᠤᠮ᠎ᠢ ᠬᠠᠮᠲᠤ᠎ᠪᠠᠷ ᠪᠠᠢᠭᠤᠯᠵᠤ ᠥᠭ᠌ᠪᠡ》 ᠭᠡᠵᠦ᠍ ᠳ᠋ᠦ᠋ ᠯᠢ ᠵᠢᠶᠦ᠋ᠨ ᠶᠠᠷᠢᠪᠠ᠃