ᠤᠬᠠᠭᠠᠨᠲᠦ ᠪᠦᠰᠡᠬᠦᠢ ᠵᠢᠨ ᠬᠤᠷᠤᠭᠤᠨ ᠡᠷᠳᠡᠮ ᠤᠳᠤᠮ ᠳᠠᠮᠵᠢᠭᠰᠠᠨ ᠡᠷᠳᠡᠨᠢ ᠵᠢᠨ ᠰᠤᠳᠤᠷ
2025-11-12 10:33:12
ᠵᠣᠬᠢᠶᠠᠭ᠍ᠴᠢ᠄
ᠮᠦᠯᠳᠦᠳᠦ ᠰᠠᠢᠬᠠᠨᠴᠢᠮᠡᠭ
ᠣᠩᠱᠢᠭ᠍ᠰᠠᠨ ᠣᠳᠠᠭ᠎ᠠ᠄
★★★☆☆

— 《ᠮᠤᠩᠭᠤᠯᠵᠢᠨ ᠭᠤᠸ᠎ᠠ》 ᠰᠡᠳᠦᠪᠲᠦ ᠡᠮᠡᠭ᠌ᠳᠡᠢᠴᠤᠳ᠎ᠤᠨ ᠮᠤᠩᠭᠤᠯ ᠤᠷᠠᠨ ᠪᠢᠴᠢᠯᠭᠡ᠎ᠶ᠋ᠢᠨ ᠪᠦᠳᠦᠭᠡᠯ᠎ᠤᠨ ᠲᠤᠬᠠᠢ


ᠨᠢᠭᠡ᠂ ᠤᠷᠠᠨ ᠪᠢᠴᠢᠯᠭᠡ ᠵᠢᠨ 《ᠮᠤᠩᠭᠤᠯᠵᠢᠨ ᠭᠤᠸ᠎ᠠ》 

ᠤᠷᠠᠨ ᠪᠢᠴᠢᠯᠭᠡ᠎ᠶ᠋ᠢᠨ ᠪᠦᠳᠦᠭᠡᠯ᠎ᠳᠤ ᠠᠪᠴᠤ᠌ ᠬᠡᠯᠡᠪᠡᠯ᠂ ᠪᠦᠳᠦᠭᠡᠯ ᠪᠤᠯᠭᠠᠨ᠎ᠨᠢ ᠪᠦᠷ ᠦᠯᠢᠭᠡᠷ᠎ᠲᠠᠢ ᠪᠠᠢᠳᠠᠭ᠃ ᠡᠭᠦᠨ᠎ᠳᠤ ᠶᠠᠮᠠᠷ ᠠᠭᠤᠯᠭ᠎ᠠ᠎ᠶ᠋ᠢ ᠰᠤᠩᠭᠤᠵᠦ᠍᠂ ᠶᠠᠮᠠᠷ ᠰᠠᠨᠠᠭ᠎ᠠ᠎ᠶ᠋ᠢ ᠢᠯᠡᠷᠬᠡᠢᠯᠡᠬᠦ᠂ ᠶᠠᠮᠠᠷ ᠵᠠᠭ᠍ᠪᠤᠷ᠎ᠲᠤ ᠪᠦᠬᠦ᠌ ᠠᠭᠤᠯᠭ᠎ᠠ᠎ᠪᠠᠨ ᠬᠡᠳᠦᠢ ᠬᠡᠮᠵᠢᠶᠡᠨ᠎ᠤ ᠶᠠᠮᠠᠷ ᠦᠩᠭᠡ᠎ᠶ᠋ᠢᠨ ᠴᠠᠭᠠᠰᠤᠨ᠎ᠳᠤ᠂ ᠶᠠᠮᠠᠷ ᠦᠩᠭᠡ᠎ᠶ᠋ᠢᠨ ᠪᠡᠭᠡ᠂ ᠬᠡᠳᠦᠢ ᠬᠡᠮᠵᠢᠶᠡᠨ᠎ᠤ ᠪᠢᠷ᠎ᠢᠶᠠᠷ ᠶᠠᠭᠠᠬᠢᠵᠦ᠍ ᠵᠤᠬᠢᠶᠠᠮᠵᠢᠯᠠᠬᠤ ᠵᠡᠷᠭᠡ᠎ᠪᠠᠷ ᠵᠤᠬᠢᠶᠠᠨ ᠪᠦᠳᠦᠭᠡᠭ᠌ᠴᠢ᠎ᠨᠢ ᠴᠠᠭᠠᠰᠤ ᠲᠡᠯᠬᠡᠨ᠂ ᠪᠢᠷ ᠪᠠᠭᠤᠬᠤ᠎ᠠᠴᠠ᠎ᠪᠠᠨ ᠡᠮᠦᠨ᠎ᠠ ᠵᠠᠪᠡᠯ ᠰᠡᠳᠭᠢᠨ ᠪᠤᠳᠤᠭ᠍ᠰᠠᠨ ᠪᠠᠢᠬᠤ ᠬᠡᠷᠡᠭ᠌ᠳᠡᠢ ᠶᠤᠮ᠃ ᠠᠳᠡ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠮᠤᠩᠭᠤᠯ ᠤᠷᠠᠨ ᠪᠢᠴᠢᠯᠭᠡᠳᠡᠳ᠎ᠤᠨ ᠨᠡᠢᠭᠡᠮᠯᠢᠭ ᠡᠴᠡ ᠡᠷᠬᠢᠯᠡᠭᠰᠡᠨ 《ᠮᠤᠩᠭᠤᠯᠵᠢᠨ ᠭᠤᠸ᠎ᠠ》 ᠰᠡᠳᠦᠪᠳᠦ ᠡᠮᠡᠭ᠌ᠳᠡᠢᠴᠦᠳ᠎ᠤᠨ ᠮᠤᠩᠭᠤᠯ ᠤᠷᠠᠨ ᠪᠢᠴᠢᠯᠭᠡ᠎ᠶ᠋ᠢᠨ ᠬᠤᠶᠠᠳᠤᠭᠠᠷ ᠬᠤᠭᠤᠴᠠᠭᠠᠨ᠎ᠤ ᠰᠦᠯᠵᠢᠶᠠᠨ ᠦᠵᠡᠰᠬᠦᠯᠡᠡᠭ᠎ᠳᠤ ᠲᠡᠯᠭᠡᠭᠳᠡᠭᠰᠡᠨ 44 ᠪᠦᠳᠤᠭᠡᠯ᠎ᠤᠨ ᠲᠤᠳᠤᠷ᠎ᠠ ᠡᠴᠡ 6 ᠵᠢ ᠰᠤᠩᠭᠤᠨ ᠦᠪᠡᠷ᠎ᠤᠨ ᠰᠤᠨᠢᠷᠬᠠᠬᠰᠠᠨ ᠦᠵᠡᠯᠳᠡ ᠲᠦᠷᠦᠭᠳᠡᠯ ᠵᠢᠡᠨ ᠲᠡᠯᠭᠡᠯ᠎ᠡ᠃


QQ20251112-103149.png


《ᠱᠢᠳᠦᠭᠡᠨ ᠡᠬᠡ》 

《ᠱᠢᠳᠦᠭᠡᠨ ᠡᠬᠡ》 ᠭᠡᠬᠦ᠌ ᠪᠦᠳᠦᠭᠡᠯ ᠪᠤᠯ ᠲᠤᠶᠠᠭ᠎ᠠ ᠪᠠᠭ᠍ᠰᠢ᠎ᠶ᠋ᠢᠨ ᠰᠡᠷᠡᠯ ᠮᠡᠳᠡᠯ᠎ᠳᠤᠨᠢ ᠪᠠᠭᠤᠭ᠍ᠰᠠᠨ ᠬᠤᠷᠤᠮ ᠵᠠᠭᠤᠷ᠎ᠠ᠎ᠶ᠋ᠢᠨ ᠦᠭᠡ᠂ ᠬᠤᠷᠤᠮ ᠵᠠᠭᠤᠷ᠎ᠠ᠎ᠶ᠋ᠢᠨ ᠬᠦᠶᠤᠯᠬᠡᠨ ᠪᠢᠴᠢᠭ᠌ᠰᠡᠨ ᠪᠦᠳᠦᠭᠡᠯ ᠪᠤᠯᠤᠨ᠎ᠠ᠃ ᠱᠢᠳᠦᠭᠡᠨ ᠭᠡᠭ᠌ᠴᠢ ᠬᠦᠨᠳᠦᠳᠭᠡᠨ ᠪᠢᠱᠢᠷᠡᠬᠦ᠂ ᠲᠡᠭᠡᠳᠦᠯᠡᠨ ᠱᠢᠳᠦᠬᠦ᠌ ᠰᠡᠳᠭᠢᠯᠭᠡᠨ᠎ᠤ ᠬᠠᠮᠤᠭ᠎ᠤᠨ ᠬᠦᠨᠳᠤᠴᠠ᠎ᠲᠠᠢ ᠦᠭᠡ᠃ ᠡᠷᠳᠡ ᠲᠡᠭᠡᠳᠦᠰ ᠪᠤᠷᠵᠢᠬᠢᠨ ᠤᠪᠤᠭ᠎ᠤᠨ᠎ᠬᠢᠨ᠎ᠤ ᠠᠯᠤᠡᠭᠭᠤᠸ᠎ᠠ ᠡᠬᠡ᠎ᠠᠴᠠ ᠡᠭᠦᠰᠦᠨ ᠮᠠᠨᠳᠤᠭ᠍ᠰᠠᠨ ᠪᠤᠯᠬᠤᠷ ᠠᠯᠤᠨᠭᠭᠤᠸ᠎ᠠ ᠡᠬᠡ᠎ᠶ᠋ᠢ 《ᠱᠢᠳᠦᠭᠡᠨ ᠡᠬᠡ》 ᠭᠡᠵᠦ᠍ ᠬᠦᠨᠳᠦᠳᠭᠡᠨ ᠲᠡᠭᠡᠳᠦᠯᠡᠭ᠌ᠰᠡᠭᠡᠷ ᠢᠷᠡᠵᠡᠢ᠃ ᠤᠷᠠᠨ ᠪᠢᠴᠢᠯᠭᠡᠴᠢᠨ᠎ᠤ 《ᠱᠢᠳᠦᠭᠡᠨ ᠡᠬᠡ》ᠭᠡᠬᠦ᠌ ᠤᠷᠠᠨ ᠪᠦᠳᠦᠭᠡᠯ᠎ᠨᠢ ᠲᠤᠰ ᠤᠳᠠᠭᠠᠨ᠎ᠤ ᠦᠵᠡᠬᠦᠯᠭᠡ᠎ᠶ᠋ᠢᠨ ᠭᠤᠤᠯ ᠰᠡᠳᠦᠪᠳᠦ ᠭᠤᠤᠯ ᠴᠢᠮᠦᠭᠡ᠎ᠶ᠋ᠢᠨ ᠱᠠᠭᠠᠷᠳᠠᠯᠭ᠎ᠠ᠎ᠳᠤ ᠶᠠᠪ ᠴᠠᠪ ᠲᠤᠬᠢᠷᠠᠭ᠍ᠰᠠᠨ ᠪᠠᠢᠨ᠎ᠠ᠃ ᠪᠦᠬᠦᠢᠯᠡ ᠬᠠᠭᠤᠳᠠᠰᠤᠨ᠎ᠳᠤ ᠬᠠᠷ᠎ᠠ ᠪᠡᠭᠡ᠎ᠶ᠋ᠢ ᠭᠡᠷᠡᠭ᠌ᠯᠡᠵᠦ᠍᠂ ᠬᠤᠶᠠᠷ ᠦᠭᠡ᠎ᠶ᠋ᠢ ᠬᠠᠭᠤᠳᠠᠰᠤᠨ᠎ᠤ ᠭᠤᠤᠯ᠎ᠢᠶᠠᠷ ᠬᠦᠴᠦᠳᠦ ᠤᠷᠤᠰᠭᠠᠯ ᠮᠡᠳᠦ ᠠᠰᠭᠠᠷᠠᠮ᠎ᠠ ᠪᠦᠳᠦᠭᠦᠨ ᠪᠢᠴᠢᠭ᠌ᠰᠡᠨ ᠭᠡᠬᠦ᠌᠎ᠳᠤ ᠲᠤᠤᠷ᠎ᠠ᠎ᠠᠴᠠ ᠲᠡᠭᠡᠭ᠌ᠰᠢᠯᠡᠨ ᠦᠵᠡᠬᠦ᠌᠎ᠳᠤ ᠢᠳᠡᠷᠡᠭᠦᠨ ᠨᠠᠷᠠᠰᠤ ᠦᠭᠡᠳᠡᠯᠡᠨ ᠤᠷᠭᠤᠬᠤ ᠱᠢᠭ᠋᠎ᠢᠶᠠᠷ ᠪᠠᠳᠠᠷᠠᠭᠤᠨ ᠪᠢᠴᠢᠵᠠᠢ᠃ ᠲᠤᠰ ᠪᠦᠳᠦᠭᠡᠯ᠎ᠳᠤ ᠴᠤᠬᠤᠯᠠᠪᠤᠷᠢ ᠪᠢᠴᠢᠭ᠌ᠰᠡᠨ ᠦᠭᠡᠢ᠎ᠨᠢ ᠮᠠᠰᠢ ᠤᠨᠤᠭᠠᠭ᠍ᠰᠠᠨ ᠵᠤᠭᠤᠭ ᠪᠤᠯᠵᠠᠢ᠃ ᠱᠢᠩᠬᠤᠨ ᠭᠤᠷᠪᠠᠨ ᠲᠠᠮᠠᠭ᠎ᠠ᠎ᠨᠢ ᠤᠷᠤ ᠤᠷᠤ᠎ᠪᠠᠨ ᠤᠯᠵᠤ ᠲᠤᠷᠮᠤᠢᠭᠠᠳ᠂ ᠤᠳᠤ ᠱᠢᠭ᠋ ᠲᠤᠯᠠᠢᠭᠠᠳ᠂ ᠢᠯᠡᠭᠦᠳᠡᠭ᠌ᠰᠡᠨ ᠶᠠᠭᠤᠮ᠎ᠠ ᠦᠭᠡᠢ ᠮᠦᠷᠳᠡᠭᠡᠨ ᠲᠤᠳᠠᠭ᠍ᠳᠠᠭ᠍ᠰᠠᠨ ᠶᠠᠭᠤᠮ᠎ᠠ ᠴᠤ᠌ ᠠᠯᠠᠭ᠎ᠠ᠃ ᠲᠤᠪᠴᠢ ᠲᠦᠭᠦᠮᠬᠡᠨ᠂ ᠲᠤᠪ ᠲᠤᠳᠤᠷᠬᠠᠢ᠂ ᠴᠡᠪᠡᠷ ᠴᠡᠮᠴᠡᠭᠡᠷ᠃ ᠴᠠᠭᠠᠨ ᠴᠠᠭᠠᠰᠤ᠂ ᠬᠠᠷ᠎ᠠ ᠪᠡᠭᠡ᠂ ᠤᠯᠠᠭᠠᠨ ᠲᠠᠮᠠᠭ᠎ᠠ᠎ᠪᠠᠷ ᠤᠷᠠᠨ ᠪᠢᠴᠢᠯᠭᠡ᠎ᠶ᠋ᠢᠨ ᠲᠡᠭᠦᠰ ᠲᠡᠭᠦᠯᠳᠡᠷ᠎ᠢ ᠢᠯᠡᠷᠡᠭᠦᠯᠦᠨ᠂ ᠲᠠᠩᠨᠠᠢ᠎ᠶ᠋ᠢᠨ ᠭᠤᠷᠪᠠᠨ ᠰᠤᠳᠠᠰᠤ ᠮᠡᠳᠦ ᠬᠤᠯᠪᠤᠯᠳᠤᠵᠤ᠂ ᠲᠠᠯ᠎ᠠ᠎ᠶ᠋ᠢᠨ ᠭᠤᠷᠪᠠᠨ ᠵᠡᠭᠡᠷ᠎ᠡ ᠮᠡᠳᠦ ᠢᠵᠢᠯᠢᠱᠢᠨ ᠨᠢᠭᠡᠳᠴᠠᠢ᠃ ᠲᠤᠰ ᠪᠦᠳᠦᠭᠡᠯ᠎ᠢ ᠰᠤᠨᠢᠷᠬᠠᠬᠤ ᠵᠠᠭᠤᠷ᠎ᠠ ᠡᠨᠡ ᠬᠤᠷᠸ᠎ᠠ᠎ᠨᠢ ᠡᠬᠡ᠎ᠶ᠋ᠢᠨ ᠬᠠᠢᠷ᠎ᠠ᠎ᠳᠤ  ᠪᠦᠤᠪᠠᠢᠯᠡᠭᠳᠠᠨ᠂ ᠡᠬᠡ᠎ᠶ᠋ᠢᠨ ᠪᠦᠪᠡᠢ ᠡᠩᠬᠡ᠎ᠶ᠋ᠢᠨ ᠬᠤᠷᠸ᠎ᠠ ᠭᠡᠬᠦ᠌ ᠲᠦᠷᠦᠭ᠌ᠳᠡᠯ ᠤᠯᠭᠤᠵᠤ᠂ ᠡᠬᠡ ᠬᠦᠮᠦᠨ ᠬᠠᠢᠷ᠎ᠠ᠎ᠶ᠋ᠢᠨ ᠱᠢᠳᠦᠭᠡᠨ ᠪᠠᠢᠬᠤ᠎ᠶ᠋ᠢᠨ ᠤᠴᠢᠷ ᠤᠳᠭ᠎ᠠ᠎ᠶ᠋ᠢ ᠮᠡᠳᠡᠭᠦᠯᠵᠤ ᠴᠢᠳᠠᠭ᠍ᠰᠠᠨ᠎ᠢᠶᠠᠷ ᠦᠷᠭᠡᠴᠡ᠎ᠲᠠᠢ ᠦᠨᠳᠦᠷᠴᠡ᠎ᠲᠠᠢ ᠪᠦᠳᠦᠭᠡᠯ ᠪᠤᠯᠵᠤ ᠲᠠᠢᠯᠵᠠᠢ᠃


QQ20251112-103212.png


《 ᠬᠠᠢᠷ᠎ᠠ᠎ᠶ᠋ᠢᠨ ᠲᠤᠮᠤᠭ 》

ᠰᠠᠢᠬᠠᠨᠴᠢᠮᠡᠭ᠎ᠤᠨ 《ᠬᠠᠢᠷ᠎ᠠ᠎ᠶ᠋ᠢᠨ ᠲᠤᠮᠤᠭ》 ᠭᠡᠬᠦ᠌ ᠤᠷᠠᠨ ᠪᠦᠳᠦᠭᠡᠯ ᠪᠤᠯ ᠪᠦᠰᠡᠭᠦᠢ ᠬᠦᠮᠦᠨ᠎ᠤ ᠪᠤᠯᠪᠠᠷᠠᠢ ᠡᠮᠵᠡᠭ᠌ᠬᠡᠨ ᠬᠠᠢᠷ᠎ᠠ᠎ᠶ᠋ᠢᠨ ᠲᠤᠬᠠᠢ ᠦᠯᠢᠭᠡᠷ᠎ᠢ ᠬᠦᠤᠷᠨᠢᠭ᠌ᠰᠡᠨ ᠪᠦᠳᠦᠭᠡᠯ ᠪᠤᠯᠤᠨ᠎ᠠ᠃ ᠤᠷᠠᠨ ᠪᠦᠳᠦᠭᠡᠯ᠎ᠢᠶᠠᠷ ᠲᠠᠮᠵᠢᠵᠤ᠂ ᠲᠡᠤᠬᠡ᠎ᠶ᠋ᠢᠨ ᠦᠨᠡᠨ ᠬᠦᠮᠦᠨ᠎ᠢ ᠲᠠᠨᠢᠵᠤ᠂ ᠲᠡᠤᠬᠡ᠎ᠶ᠋ᠢᠨ ᠪᠤᠳᠠᠳᠠᠢ ᠮᠡᠳᠡᠯᠭᠡ᠎ᠶ᠋ᠢ ᠰᠤᠷᠬᠤ ᠤᠴᠢᠷ᠎ᠲᠠᠢ᠃ ᠲᠤᠰ ᠪᠦᠳᠦᠭᠡᠯ᠎ᠨᠢ《 ᠬᠠᠢᠷ᠎ᠠ᠎ᠶ᠋ᠢᠨ ᠲᠤᠮᠤᠭ》 ᠭᠡᠬᠦ᠌ ᠭᠤᠤᠯ ᠠᠭᠤᠯᠭ᠎ᠠ᠎ᠪᠠᠨ ᠬᠠᠷ᠎ᠠ ᠪᠡᠭᠡ᠎ᠪᠠᠷ ᠪᠦᠳᠦᠭᠦᠨ ᠭᠠᠷᠴᠠᠭ᠍ᠯᠠᠨ ᠵᠡᠭᠦᠨ ᠭᠠᠷ ᠲᠠᠯ᠎ᠠ᠎ᠳᠤ ᠲᠡᠭᠡᠷ᠎ᠠ᠎ᠠᠴᠠ ᠵᠠᠬᠠᠯᠠᠵᠤ ᠪᠢᠴᠢᠭᠡᠳ᠂ ᠪᠦᠰᠡᠭᠦᠢ ᠬᠦᠮᠦᠨ᠎ᠤ ᠬᠠᠢᠷ᠎ᠠ᠎ᠶ᠋ᠢᠨ ᠲᠤᠮᠤᠭ᠎ᠲᠤ ᠭᠦᠨᠳᠦᠳᠭᠡᠯ ᠦᠵᠡᠭᠦᠯᠵᠤ ᠪᠠᠢᠭ᠎ᠠ᠎ᠪᠠᠨ ᠢᠯᠡᠷᠬᠡᠢᠯᠡᠵᠦ᠍᠂ ᠤᠩᠱᠢᠵᠦ᠍ ᠰᠤᠨᠢᠷᠬᠠᠭ᠍ᠰᠠᠳ᠎ᠤᠨ ᠬᠠᠷᠠᠭᠠᠨ᠎ᠳᠤ ᠰᠤᠨᠢᠷᠬᠠᠯ᠎ᠤᠨ ᠵᠠᠢ ᠤᠯᠭᠤᠭ᠍ᠰᠠᠨ ᠪᠡ ᠮᠦᠷ ᠳᠤᠷᠤᠭ᠍ᠰᠢᠯᠠᠭᠤᠯᠵᠤ ᠲᠦᠷᠪᠡᠨ ᠮᠦᠷ᠎ᠲᠤ ᠦᠯᠢᠭᠡᠷ᠎ᠤᠨ ᠪᠦᠬᠦ᠌ ᠶᠠᠪᠤᠴᠠ᠎ᠶ᠋ᠢ ᠨᠠᠷᠢᠨ ᠪᠢᠷ᠎ᠢᠶᠠᠷ ᠪᠠᠭ᠎ᠠ ᠬᠦᠶᠤᠯᠭᠡᠨ ᠪᠢᠴᠢᠯᠭᠡ᠎ᠪᠠᠷ ᠪᠢᠴᠢᠵᠦ᠍ ᠲᠤᠱᠢᠶᠠᠵᠠᠢ᠃ ᠦᠯᠢᠭᠡᠷ᠎ᠲᠤ ᠭᠠᠷᠳᠠᠭ ᠲᠡᠤᠬᠡᠨ ᠬᠦᠮᠦᠨ ᠪᠤᠯ ᠢᠯ ᠬᠠᠭᠠᠨᠳᠤ ᠤᠯᠤᠰ᠎ᠢ ᠡᠭᠦᠰᠭᠡᠨ ᠪᠠᠢᠭᠤᠯᠤᠭ᠍ᠴᠢ ᠦᠯᠡᠬᠦ᠌ ᠬᠠᠭᠠᠨ᠎ᠤ ᠬᠠᠢᠷᠠᠳᠠᠢ ᠬᠠᠳᠤᠨ ᠬᠤᠳᠤᠢ ᠪᠠᠢᠨ᠎ᠠ᠃ ᠦᠯᠡᠬᠦ᠌ ᠬᠠᠭᠠᠨ ᠪᠠᠷᠠᠭᠤᠨᠱᠢᠯᠠᠬᠤ᠎ᠳᠠᠭᠠᠨ ᠲᠤᠭᠤᠰ ᠨᠡᠷ᠎ᠠ᠎ᠲᠠᠢ ᠬᠠᠳᠤᠨ᠎ᠢᠶᠠᠨ ᠲᠠᠭᠠᠭᠤᠯᠵᠤ ᠶᠠᠪᠤᠭ᠍ᠰᠠᠨ ᠮᠦᠷᠳᠡᠭᠡᠨ ᠬᠤᠳᠤᠢ ᠵᠡᠷᠭᠡ ᠬᠠᠳᠤᠳ᠎ᠢᠶᠠᠨ ᠤᠭ ᠨᠤᠳᠤᠭ ᠤᠤᠭᠠᠯ ᠰᠠᠭᠤᠷᠢᠱᠢᠯ᠎ᠳᠠᠭᠠᠨ ᠬᠤᠴᠤᠷᠭᠠᠭᠠᠳ ᠶᠠᠪᠤᠭ᠍ᠰᠠᠨ ᠶᠤᠮ᠃ ᠡᠮᠤᠨ᠎ᠡ ᠲᠠᠯ᠎ᠠ᠎ᠳᠤ ᠬᠤᠱᠢᠭᠤᠯᠬᠤ᠎ᠨᠢ ᠬᠠᠳᠠᠭᠤᠵᠢᠯ᠎ᠲᠠᠢ ᠭᠡᠳᠡᠭ ᠭᠡᠳᠡᠯ᠎ᠡ ᠠᠷᠤ ᠲᠠᠯ᠎ᠠ᠎ᠶ᠋ᠢ ᠰᠠᠬᠢᠵᠤ ᠨᠤᠳᠤᠭ ᠤᠰᠤ᠎ᠪᠠᠨ ᠲᠠᠷᠤᠵᠤ ᠰᠠᠭᠤᠬᠤ᠎ᠨᠢ ᠨᠡᠩ ᠪᠡᠷᠭᠡᠱᠢᠶᠡᠯ᠎ᠲᠠᠢ ᠪᠠᠢᠳᠠᠭ᠃ ᠦᠯᠡᠬᠦ᠌ ᠬᠠᠭᠠᠨ ᠪᠠᠷᠠᠭᠤᠨᠱᠢᠯᠠᠭᠠᠳ ᠨᠡᠯᠢᠶᠡᠳ ᠡᠳᠦᠷ ᠬᠤᠨᠤᠭ ᠤᠨ ᠵᠢᠯ᠎ᠢᠶᠠᠷ ᠲᠡᠮᠡᠴᠡᠨ ᠵᠢᠳᠭᠦᠵᠦ᠍ ᠢᠯ ᠬᠠᠭᠠᠨᠳᠤ ᠤᠯᠤᠰ᠎ᠢ ᠪᠠᠢᠭᠤᠯᠤᠭ᠍ᠰᠠᠨ᠎ᠤ ᠲᠠᠷᠠᠭ᠎ᠠ᠂ ᠨᠤᠳᠤᠭ ᠲᠠᠭᠠᠨ ᠬᠤᠴᠤᠷᠤᠭ᠍ᠰᠠᠨ ᠬᠠᠳᠤᠳ ᠬᠡᠤᠬᠡᠳ᠎ᠨᠢ ᠢᠯ ᠬᠠᠭᠠᠨᠳᠤ ᠤᠯᠤᠰ᠎ᠤᠨ ᠵᠦᠭ᠂ ᠬᠠᠭᠠᠨ᠎ᠢᠶᠠᠨ ᠵᠤᠷᠢᠵᠦ᠍ ᠬᠠᠳᠠ᠎ᠪᠠᠨ ᠲᠦᠱᠢᠬᠦ᠌᠎ᠪᠠᠷ ᠬᠤᠯᠨ ᠠᠶᠠᠨ᠎ᠳᠤ ᠭᠠᠷᠴᠤ᠌ ᠤᠷᠳᠤ ᠵᠠᠮ᠎ᠢ ᠡᠪᠬᠡᠨ ᠶᠠᠪᠤᠵᠤ᠂ ᠪᠠᠳᠠᠱᠬᠠᠨ ᠭᠡᠬᠦ᠌ ᠭᠠᠵᠠᠷ᠎ᠤᠨ ᠬᠢᠵᠠᠭᠠᠷ ᠬᠦᠷᠬᠦ᠌ ᠦᠶ᠎ᠡ᠎ᠳᠤ ᠦᠯᠡᠬᠦ᠌ ᠬᠠᠭᠠᠨ᠎ᠤ ᠦᠭᠡᠳᠡ ᠪᠤᠯᠤᠭ᠍ᠰᠠᠨ ᠠᠵᠠ ᠪᠤᠰᠤ ᠮᠡᠳᠡᠭᠡ᠎ᠶ᠋ᠢ ᠤᠯᠵᠤ ᠰᠤᠨᠤᠰᠴᠠᠢ᠃ ᠡᠭᠦᠨ᠎ᠳᠤ ᠬᠤᠳᠦᠢ ᠬᠠᠳᠤᠨ ᠤᠬᠢᠯᠠᠭ᠍ᠰᠠᠭᠠᠷ ᠪᠠᠢᠵᠤ ᠨᠢᠳᠦ᠍᠎ᠨᠢ ᠰᠤᠬᠤᠷᠠᠯ᠎ᠠ ᠭᠡᠳᠡᠭ ᠶᠠᠷᠢᠶ᠎ᠠ ᠪᠤᠢ᠃ ᠡᠨᠡ ᠬᠦ᠌ ᠦᠨᠡᠨ ᠲᠡᠤᠬᠡ᠎ᠳᠤ ᠤᠶᠠᠷᠠᠵᠤ ᠬᠠᠢᠯᠤᠭ᠍ᠰᠠᠨ ᠤᠷᠠᠨ ᠪᠦᠳᠦᠭᠡᠯᠴᠢ ᠦᠪᠡᠷ᠎ᠤᠨ ᠡᠷᠭᠡ ᠦᠭᠡᠢ ᠬᠤᠶᠠᠷ ᠱᠠᠳ ᠱᠢᠯᠦᠭ ᠱᠢᠯᠦᠭ᠌ᠯᠡᠨ ᠬᠤᠳᠤᠢ ᠬᠠᠳᠤᠨ᠎ᠤ ᠲᠤᠬᠠᠢ᠎ᠶ᠋ᠢᠨ ᠦᠶ᠎ᠡ᠎ᠶ᠋ᠢᠨ ᠰᠡᠳᠭᠢᠯᠭᠡ᠎ᠶ᠋ᠢ ᠢᠯᠡᠷᠬᠡᠢᠯᠡᠵᠡᠢ᠃ ᠦᠯᠢᠭᠡᠷ᠎ᠤᠨ ᠠᠭᠤᠯᠭ᠎ᠠ᠎ᠠᠴᠠ ᠪᠠᠰᠠ ᠵᠢᠭᠠᠬᠠᠨ ᠵᠠᠢᠳᠠᠭᠤ ᠲᠦᠷᠪᠠᠨ ᠲᠣᠬᠤᠢ ᠴᠠᠭᠠᠰᠤᠨ᠎ᠤ ᠨᠦᠭᠦᠭᠡ ᠬᠠᠭᠠᠰ᠎ᠲᠤ ᠲᠤᠮᠳᠠ᠎ᠶ᠋ᠢᠨ ᠪᠢᠷ᠎ᠢᠶᠠᠷ ᠨᠢᠭᠡ ᠯᠠ ᠠᠮᠢᠰᠭᠤᠭ᠎ᠠ᠎ᠪᠠᠷ ᠬᠦᠶᠤᠯᠭᠡᠨ ᠪᠢᠴᠢᠬᠦ᠎ᠳᠡᠭᠡᠨ ᠬᠤᠶᠠᠷ ᠤᠳᠠᠭ᠎ᠠ ᠪᠡᠭᠡ ᠢᠳᠡᠭᠦᠯᠵᠦ᠍᠂ ᠭᠤᠷᠪᠠᠨ ᠮᠦᠷ᠎ᠲᠤ ᠪᠢᠴᠢᠵᠦ᠍ ᠲᠠᠭᠤᠰᠭᠠᠭᠠᠳ᠂ ᠦᠯᠢᠭᠡᠷ᠎ᠤᠨ ᠢᠳᠡ᠎ᠶ᠋ᠢ ᠤᠷᠭᠢᠯ᠎ᠳᠤ ᠬᠦᠷᠭᠡᠭ᠌ᠰᠡᠨ ᠮᠦᠷᠳᠡᠭᠡᠨ ᠪᠢᠴᠢᠯᠭᠡ᠎ᠶ᠋ᠢ ᠤᠳᠭᠠᠴᠢᠯᠠᠨ ᠪᠦᠷᠢᠳᠭᠡᠵᠡᠢ᠃ 《ᠴᠢᠮ᠎ᠡ ᠤᠷᠤᠭᠤ ᠲᠡᠮᠡᠤᠯᠤᠭ᠌ᠰᠡᠨ ᠰᠡᠳᠭᠢᠯ ᠮᠢᠨᠢ ᠪᠠᠳᠠᠱᠬᠠᠨ᠎ᠤ ᠬᠢᠵᠠᠭᠠᠷ᠎ᠢ ᠲᠤᠭᠤᠯᠤᠯ᠎ᠠ᠂ ᠴᠢᠨᠦ᠍ ᠲᠦᠯᠦᠭᠡ ᠤᠷᠤᠰᠤᠭ᠍ᠰᠠᠨ ᠨᠢᠯᠪᠤᠰᠤ ᠲᠤᠷᠭᠠᠨ ᠬᠠᠷ᠎ᠠ᠎ᠶ᠋ᠢ ᠮᠢᠨᠢ ᠠᠯᠳᠠᠭᠤᠯᠤᠯ᠎ᠠ》 ᠭᠡᠵᠦ᠍ ᠦᠰᠦᠭ ᠪᠢᠴᠢᠭ᠂ ᠦᠭᠡ ᠬᠡᠯᠡ᠎ᠪᠠᠷ ᠢᠯᠡᠳᠭᠡᠵᠦ᠍ ᠴᠢᠳᠠᠰᠢ ᠦᠭᠡᠢ ᠬᠠᠷᠠᠮᠰᠡᠯ᠂ ᠡᠮᠬᠡᠨᠢᠯ᠂ ᠰᠠᠨᠠᠯ ᠮᠦᠷᠦᠭᠡᠳᠦᠯ᠎ᠢᠶᠠᠷ ᠦᠶᠡᠷᠯᠡᠭ᠌ᠰᠡᠨ ᠰᠡᠳᠭᠢᠯ᠎ᠢ᠎ᠨᠢ ᠢᠯᠡᠳᠭᠡᠵᠡᠢ᠃ ᠪᠦᠳᠦᠭᠡᠯ᠎ᠤᠨ ᠪᠠᠷᠠᠭᠤᠨ ᠵᠠᠬ᠎ᠠ᠎ᠳᠤ ᠴᠤᠬᠤᠯᠠᠪᠤᠷᠢ᠎ᠶ᠋ᠢ ᠨᠢᠭᠡ ᠮᠦᠷ᠎ᠢᠶᠠᠷ ᠲᠦᠭᠦᠮ ᠪᠤᠯᠪᠠᠴᠤ᠌ ᠲᠤᠳᠤᠷᠬᠠᠢ ᠪᠢᠴᠢᠭᠡᠳ᠂ ᠬᠤᠶᠠᠷ ᠨᠡᠷ᠎ᠡ᠎ᠶ᠋ᠢᠨ ᠲᠠᠮᠠᠭ᠎ᠠ᠎ᠶ᠋ᠢ ᠵᠤᠬᠢᠶᠠᠮᠵᠢ᠎ᠶ᠋ᠢ᠎ᠨᠢ ᠲᠠᠭᠠᠷᠠᠭᠤᠯᠵᠤ ᠵᠠᠷᠤᠭᠠᠳ᠂ ᠴᠢᠮᠡᠭ ᠪᠤᠯᠤᠭ᠍ᠰᠠᠨ 《ᠬᠠᠳᠤᠨ ᠤᠬᠠᠭᠠᠨ》 ᠭᠡᠬᠦ᠌ ᠲᠠᠮᠠᠭ᠎ᠠ᠎ᠶ᠋ᠢ 《ᠬᠠᠢᠷ᠎ᠠ》 ᠭᠡᠬᠦ᠌ ᠦᠰᠦᠭ᠎ᠤᠨ ᠬᠤᠳᠤᠢᠭ᠍ᠰᠠᠨ ᠭᠡᠰᠡᠭ᠎ᠲᠤ ᠲᠦᠭᠦᠷᠬᠡᠨ ᠲᠠᠷᠤᠭᠠᠳ᠂ 《ᠪᠠᠷᠰ》 ᠬᠡᠬᠦ᠌ ᠲᠠᠮᠠᠭ᠎ᠠ᠎ᠶ᠋ᠢ ᠪᠦᠳᠦᠭᠡᠯ᠎ᠤᠨ ᠲᠤᠮᠳᠠᠭᠤᠷ ᠪᠦᠰᠡᠯᠡᠭᠦᠷ ᠪᠤᠯᠭᠠᠵᠤ ᠲᠠᠷᠤᠵᠠᠢ᠃ ᠵᠠᠪ ᠸᠧᠽᠧᠷᠫᠦᠷᠳ᠋᠎ᠤᠨ 《ᠲᠤᠷᠭᠠᠨ ᠵᠠᠮ᠎ᠳᠠᠬᠢ ᠪᠠᠷᠰ ᠮᠡᠳᠦ ᠬᠠᠳᠤᠳ》 ᠭᠡᠰᠡᠨ ᠡᠷᠭᠦᠮᠵᠢᠯᠡᠯ᠎ᠲᠠᠢ ᠠᠳᠠᠯᠢ 《 ᠪᠠᠷᠰ》 ᠲᠠᠮᠠᠭ᠎ᠠ ᠵᠠᠩᠵᠤᠨ ᠪᠦᠰᠡ᠎ᠪᠠᠷ ᠭᠡᠷᠡᠭ᠌ᠯᠡᠭ᠌ᠳᠡᠵᠡᠢ᠃ ᠲᠠᠪᠤᠳᠤᠭᠠᠷ ᠲᠠᠮᠠᠭ᠎ᠠ᠎ᠶ᠋ᠢ ᠪᠦᠬᠦᠢᠯᠠ ᠬᠠᠭᠤᠳᠠᠰᠤᠨ᠎ᠤ ᠵᠡᠭᠦᠨ ᠲᠤᠤᠷ᠎ᠠ ᠲᠠᠯ᠎ᠠ᠎ᠳᠤ ᠠᠶᠠᠯᠠᠵᠤ ᠶᠠᠪᠤᠭ᠍ᠰᠠᠨ ᠤᠷᠤ ᠮᠦᠷ ᠪᠤᠯᠭᠠᠵᠤ ᠡᠷᠳᠡᠨ᠎ᠤ ᠮᠤᠷᠢ ᠬᠦᠯᠦᠭ᠌ᠰᠡᠨ ᠲᠡᠷᠭᠡᠳᠦ ᠲᠠᠮᠠᠭ᠎ᠠ᠎ᠶ᠋ᠢ ᠨᠢᠰᠭᠡᠨ ᠲᠠᠮᠠᠭᠠᠯᠠᠪᠠ ᠃ ᠲᠤᠰ ᠪᠦᠳᠦᠭᠡᠯ᠎ᠳᠤ ᠲᠠᠪᠤᠨ ᠱᠢᠩᠬᠤᠨ ᠲᠠᠮᠠᠭ᠎ᠠ ᠢᠩᠬᠢᠵᠦ᠍ ᠬᠡᠷᠡᠭ᠌ᠯᠡᠭ᠌ᠳᠡᠭ᠌ᠰᠡᠨ ᠪᠠᠢᠨ᠎ᠠ ᠃

ᠬᠤᠶᠠᠷ᠂ ᠤᠷᠠᠨ ᠪᠢᠴᠢᠯᠭᠡ᠎ᠶ᠋ᠢᠨ ᠤᠷᠠᠨ ᠰᠠᠨᠠᠭ᠎ᠠ

ᠤᠷᠠᠨ ᠪᠢᠴᠢᠯᠭᠡ᠎ᠶ᠋ᠢᠨ ᠪᠦᠳᠦᠭᠡᠯ ᠭᠡᠳᠦᠢᠪᠡᠷ ᠤᠯᠠᠨ ᠲᠦᠷᠦᠯ᠎ᠤᠨ ᠦᠰᠦᠭ ᠪᠢᠴᠢᠭ᠎ᠢᠶᠠᠷ ᠢᠯᠡᠷᠡᠳᠡᠭ ᠴᠤ᠌ ᠭᠡᠰᠡᠨ ᠮᠦᠨ ᠪᠠᠰᠠ ᠬᠠᠮᠳᠤ᠎ᠶ᠋ᠢᠨ ᠦᠭᠡ ᠬᠡᠯᠡ᠎ᠲᠠᠢ ᠪᠠᠢᠳᠠᠭ᠃ ᠳᠠᠷᠤᠢ ᠴᠠᠭᠠᠰᠤ᠂ ᠪᠡᠭᠡ᠂ ᠵᠢᠷᠤᠭᠠᠰᠤ᠂ ᠲᠠᠮᠠᠭ᠎ᠠ ᠵᠡᠷᠭᠡ᠎ᠶ᠋ᠢ ᠬᠠᠮᠳᠤ᠎ᠶ᠋ᠢᠨ ᠦᠭᠡ᠂ ᠨᠡᠢᠳᠡ᠎ᠶ᠋ᠢᠨ ᠶᠠᠷᠢᠶ᠎ᠠ ᠪᠤᠯᠭᠠᠨ ᠠᠱᠢᠭ᠍ᠯᠠᠳᠠᠭ᠃


QQ20251112-103201.png


《 ᠲᠤᠮᠳᠠᠳᠤ᠎ᠶ᠋ᠢᠨ ᠵᠠᠭᠦᠳᠦ 》

ᠪᠠᠶᠠᠭᠤᠳ ᠰᠤᠶᠤᠯ᠎ᠤᠨ 《ᠲᠤᠮᠳᠠᠳᠤ᠎ᠶ᠋ᠢᠨ ᠵᠡᠭᠦᠳᠦ》 ᠭᠡᠬᠦ᠌ ᠪᠦᠳᠦᠭᠡᠯ ᠪᠤᠯ ᠵᠠᠭ᠍ᠪᠤᠷ ᠵᠤᠬᠢᠶᠠᠮᠵᠢ᠎ᠶ᠋ᠢᠨ ᠲᠠᠯ᠎ᠠ᠎ᠪᠠᠷ ᠦᠪᠡᠷᠮᠢᠴᠠ ᠤᠨᠴᠠᠯᠢᠭ᠎ᠲᠠᠢ ᠤᠷᠠᠯᠠᠨ ᠵᠢᠱ᠌ᠢᠭ᠌ᠰᠡᠨ ᠪᠦᠳᠦᠭᠡᠯ ᠪᠤᠯᠤᠨ᠎ᠠ᠃ ᠨᠢᠭᠡ ᠦᠵᠡᠬᠦ᠌᠎ᠳᠤ ᠰᠠᠭᠠᠳᠠᠭ ᠬᠡᠯᠪᠡᠷᠢ᠎ᠶ᠋ᠢᠨ ᠨᠠᠷᠠᠰᠤ ᠱᠢᠬ᠂  ᠪᠠᠰᠠ ᠬᠠᠷᠠᠪᠠᠯ ᠪᠤᠰᠤᠭ᠎ᠠ ᠰᠤᠳᠠᠰᠤᠳᠠᠢ ᠪᠦᠰᠠ ᠲᠠᠷᠪᠠᠭᠤᠯ ᠮᠡᠳᠦ᠂ ᠲᠡᠬᠢᠨ ᠯᠠᠪᠯᠠᠪᠠᠯ ᠵᠢᠱᠢᠭᠦᠦ ᠲᠦᠷᠪᠠᠯᠵᠢᠨ ᠵᠢᠭ᠍ᠰᠠᠭᠠᠯ ᠠᠳᠠᠯᠢ᠃ ᠮᠤᠩᠭᠤᠯ ᠦᠰᠦᠭ᠎ᠢ ᠲᠤᠭ᠍ᠳᠠᠭ᠍ᠰᠠᠨ ᠵᠠᠭ᠍ᠪᠤᠷ᠎ᠲᠤ ᠤᠷᠤᠭᠤᠯᠤᠨ ᠤᠷᠠᠯᠠᠨ ᠪᠢᠴᠢᠬᠦ᠌᠎ᠨᠢ ᠨᠢᠭᠡ ᠶᠤᠰᠤᠨ᠎ᠤ ᠬᠦᠴᠢᠷ ᠠᠰᠠᠭᠤᠳᠠᠯ ᠶᠤᠮ᠃ ᠵᠢᠱᠢᠭᠦᠦ ᠲᠦᠷᠪᠠᠯᠵᠢᠨ ᠬᠡᠯᠪᠡᠷᠢ᠎ᠳᠤ ᠵᠢᠭ᠍ᠰᠠᠭᠠᠬᠤ᠎ᠳᠤ ᠲᠡᠬᠢᠨ ᠲᠠᠪᠳᠠᠨ ᠪᠢᠴᠢᠵᠦ᠍ ᠲᠤᠬᠢᠷᠠᠭᠤᠯᠬᠤ ᠦᠭᠡᠢ ᠪᠤᠯ ᠪᠦᠳᠦᠵᠦ᠍ ᠲᠡᠢᠯᠬᠦ᠌ ᠦᠭᠡᠢ᠃ ᠤᠴᠢᠷ᠎ᠨᠢ ᠪᠤᠰᠤᠭ᠎ᠠ ᠦᠰᠦᠭ᠎ᠤᠨ ᠤᠷᠳᠤ ᠤᠬᠤᠷ᠎ᠨᠢ ᠲᠡᠩᠴᠡᠭᠦᠦ ᠪᠢᠰᠢ ᠪᠤᠯᠬᠤᠷ ᠪᠢᠴᠢᠵᠦ᠍ ᠪᠠᠢᠳᠠᠯ᠎ᠠ ᠲᠤᠳᠠᠭᠤ ᠪᠤᠯᠬᠤ᠂ ᠪᠦᠳᠦᠭᠡᠵᠦ᠍ ᠪᠠᠢᠳᠠᠯ᠎ᠠ ᠢᠯᠡᠭᠦᠳᠡᠬᠦ᠌ ᠮᠡᠳᠦ ᠤᠴᠢᠷ ᠵᠦᠩᠳᠡᠭᠡᠨ ᠭᠠᠷᠳᠠᠭ᠃ ᠡᠢᠮᠦ᠍᠎ᠠᠴᠠ ᠦᠰᠦᠭ᠎ᠤᠨ ᠲᠤᠭ᠎ᠠ᠎ᠶ᠋ᠢ ᠪᠦᠷᠢᠳᠭᠡᠬᠦ᠂ ᠦᠰᠦᠭ᠎ᠤᠨ ᠵᠠᠢ᠎ᠶ᠋ᠢ ᠲᠤᠬᠢᠷᠠᠭᠤᠯᠬᠤ ᠵᠢᠴᠢ ᠠᠭ᠍ᠰᠢᠭᠠᠵᠤ ᠰᠤᠡᠭᠭᠠᠬᠤ ᠤᠶᠠᠨ ᠬᠠᠳᠠᠨ ᠤᠷ᠎ᠠ ᠤᠬᠠᠭᠠᠨ ᠱᠠᠭᠠᠷᠳᠠᠭ᠍ᠳᠠᠨ᠎ᠠ᠃ ᠢᠯᠠᠩᠭᠤᠶ᠎ᠠ ᠬᠢᠴᠢᠶᠡᠩᠬᠦᠢ ᠪᠢᠴᠢᠯᠭᠡ᠎ᠪᠠᠷ ᠪᠢᠴᠢᠬᠦ᠌᠎ᠳᠤ ᠨᠡᠩ ᠬᠦᠴᠢᠷ᠃ 《ᠲᠤᠮᠳᠠᠳᠤ᠎ᠶ᠋ᠢᠨ ᠵᠡᠭᠦᠳᠦ》 ᠭᠡᠬᠦ᠌ ᠪᠦᠳᠦᠭᠡᠯ ᠪᠤᠯ ᠬᠠᠭᠤᠳᠠᠰᠤ ᠨᠢᠭᠤᠷ ᠴᠡᠪᠡᠷ ᠲᠩᠱᠢᠭᠡᠨ ᠪᠦᠭᠡᠳ 《 ᠵᠢᠱᠢᠭᠦᠦ ᠲᠦᠷᠪᠡᠯᠵᠢᠨ ᠵᠢᠭ᠍ᠰᠠᠭᠠᠯ》 ᠎ᠨᠢ ᠲᠤᠰ ᠪᠦᠳᠦᠭᠡᠯ᠎ᠤᠨ ᠶᠡᠭᠡᠩᠬᠢ ᠭᠡᠰᠡᠭ᠎ᠢ ᠡᠵᠡᠯᠡᠨ ᠭᠤᠤᠯ ᠠᠭᠤᠯᠭ᠎ᠠ᠎ᠪᠠᠨ ᠲᠤᠪᠤᠢᠯᠭᠠᠨ ᠴᠢᠳᠠᠵᠠᠢ᠃  ᠮᠦᠷ ᠮᠦᠷ᠎ᠤᠨ ᠬᠤᠭᠤᠷᠤᠨᠳᠤᠬᠢ ᠵᠠᠢ᠎ᠨᠢ ᠲᠡᠩᠴᠡᠭᠦᠦ᠂ ᠱᠠᠳ ᠦᠭ᠌ᠰᠦᠨ ᠲᠡᠭᠡᠭ᠌ᠰᠢᠯᠡᠬᠦᠯᠭᠦ᠎ᠶ᠋ᠢᠨ ᠲᠠᠭᠠᠤ ᠲᠤᠷᠤᠭ᠍ᠰᠢ ᠰᠤᠩᠭᠠᠨ ᠪᠢᠴᠢᠵᠦ᠍᠂ ᠴᠢᠭ᠎ᠲᠡᠭᠡᠨ ᠬᠦᠷᠴᠤ᠌ ᠲᠠᠭ ᠵᠤᠭ᠍ᠰᠤᠭᠠᠳ᠂ ᠵᠢᠷᠭᠤᠳᠤᠭᠠᠷ ᠱᠠᠳ᠎ᠢ ᠤᠷᠬᠢᠯ᠎ᠳᠤ ᠬᠦᠷᠭᠡᠭᠡᠳ᠂ ᠵᠢᠱᠢᠭᠦᠯᠵᠢᠨ᠎ᠤ ᠲᠤᠯᠭᠠᠭᠤᠷᠢ ᠪᠤᠯᠭᠠᠨ ᠪᠠᠭᠠᠨᠠᠳᠠᠭᠤᠯᠵᠤ᠂ ᠲᠡᠬᠢᠨ ᠤᠷᠳᠤᠳᠬᠠᠬᠰᠠᠨ ᠬᠡᠪ᠎ᠠᠴᠠ᠎ᠪᠠᠨ ᠪᠤᠭᠤᠨᠢᠰᠤᠭ᠍ᠰᠠᠭᠠᠷ ᠵᠢᠱᠢᠭᠦᠯᠵᠢᠨ᠎ᠤ ᠨᠦᠬᠦᠭᠡ ᠦᠨᠴᠦᠭ᠎ᠢ ᠲᠡᠩᠴᠡᠭᠦᠯᠦᠨ ᠲᠡᠭᠦᠰᠭᠡᠭ᠌ᠰᠡᠨ ᠪᠠᠢᠨ᠎ᠠ᠃ ᠪᠠᠷᠠᠭᠤᠨ ᠭᠠᠷ ᠲᠠᠯ᠎ᠠ᠎ᠳᠤ ᠵᠢᠭᠠᠬᠠᠨ ᠵᠠᠢ ᠲᠠᠯᠪᠢᠵᠦ᠍ ᠬᠤᠶᠠᠷ ᠮᠦᠷ ᠴᠤᠬᠤᠯᠠᠪᠤᠷᠢ᠎ᠶ᠋ᠢ ᠬᠦᠶᠤᠯᠭᠡᠨ ᠪᠢᠴᠢᠯᠭᠡ᠎ᠪᠠᠷ ᠵᠢᠭ᠌ᠳᠡᠬᠡᠨ ᠵᠢᠭ᠍ᠰᠠᠭᠠᠭ᠍ᠰᠠᠨ᠎ᠨᠢ ᠮᠠᠰᠢ ᠴᠢᠩᠭ᠎ᠠ ᠵᠤᠬᠢᠶᠠᠮᠵᠢ᠎ᠲᠠᠢ ᠪᠤᠯᠵᠠᠢ᠃ ᠲᠤᠰ ᠪᠦᠳᠦᠭᠡᠯ᠎ᠢ ᠬᠦᠨᠳᠡᠯᠡᠨ ᠪᠤᠯᠭᠠᠵᠤ ᠦᠵᠡᠪᠡᠯ ᠬᠤᠶᠠᠷ ᠮᠦᠷ ᠴᠤᠬᠤᠯᠠᠪᠤᠷᠢ᠎ᠶ᠋ᠢᠨ ᠦᠰᠦᠭ᠎ᠤᠳ᠎ᠨᠢ ᠲᠡᠭ᠌ᠰᠢ ᠲᠠᠯᠠᠪᠠᠢ᠎ᠳᠤ ᠬᠡᠪᠢᠰ ᠲᠡᠪᠢᠰᠦᠭ᠌ᠰᠡᠨ ᠮᠡᠳᠦ᠃ ᠲᠠᠮᠠᠭ᠎ᠠ ᠭᠡᠷᠡᠭ᠌ᠯᠡᠭ᠌ᠰᠡᠨ᠎ᠨᠢ ᠠᠪᠤᠨ ᠦᠵᠡᠬᠦ᠌᠎ᠳᠤ ᠮᠠᠰᠢ ᠶᠡᠷᠦᠮᠳᠡᠭ ᠪᠤᠯᠪᠠᠴᠤ᠌ ᠦᠨᠡᠨ᠎ᠳᠡᠭᠡᠨ ᠶᠡᠷᠦᠮᠳᠡᠭ ᠪᠤᠰᠤ ᠃ ᠶᠡᠷᠦᠮᠳᠡᠭ ᠭᠡᠵᠤ ᠬᠡᠯᠡᠵᠤ ᠪᠠᠢᠭ᠎ᠠ᠎ᠨᠢ ᠬᠤᠶᠠᠷ ᠨᠡᠷ᠎ᠡ᠎ᠶ᠋ᠢᠨ ᠲᠠᠮᠠᠭ᠎ᠠ᠎ᠶ᠋ᠢ ᠶᠡᠷᠤ᠎ᠶ᠋ᠢᠨ ᠶᠤᠰᠤ᠎ᠪᠠᠷ ᠴᠤᠬᠤᠯᠠᠪᠤᠷᠢ᠎ᠶ᠋ᠢᠨ ᠲᠤᠤᠷ᠎ᠠ ᠲᠠᠯ᠎ᠠ᠎ᠳᠤ ᠲᠠᠷᠠᠭᠠᠯᠠᠨ ᠲᠠᠷᠤᠭ᠍ᠰᠠᠨ᠎ᠢ ᠬᠡᠯᠡᠵᠤ ᠪᠤᠢ᠃ ᠭᠡᠳᠡᠯ᠎ᠠ ᠴᠢᠮᠡᠭ᠌ᠯᠡᠯ ᠲᠠᠮᠠᠭ᠎ᠠ᠎ᠶ᠋ᠢ ᠰᠤᠩᠭᠤᠵᠤ ᠴᠢᠳᠠᠭ᠍ᠰᠠᠨ ᠮᠦᠷᠳᠡᠭᠡᠨ ᠭᠡᠷᠡᠭ᠌ᠯᠡᠵᠦ᠍ ᠴᠢᠳᠠᠪᠠ᠃ 《ᠨᠤᠮ᠎ᠤᠨ ᠴᠠᠭᠠᠨ ᠪᠤᠶᠠᠨ》 ᠭᠡᠬᠦ᠌ ᠨᠠᠷᠢᠨ ᠤᠷᠳᠤ ᠲᠦᠷᠪᠠᠯᠵᠢᠨ ᠱᠢᠩᠬᠤᠨ ᠲᠠᠮᠠᠭ᠎ᠠ᠎ᠶ᠋ᠢ ᠵᠢᠱᠢᠭᠦᠯᠵᠢᠨ ᠵᠢᠭ᠍ᠰᠠᠭᠠᠯ᠎ᠤᠨ ᠵᠡᠭᠦᠨ ᠵᠠᠬ᠎ᠠ᠎ᠶ᠋ᠢᠨ ᠲᠠᠭᠡᠷ᠎ᠡ ᠲᠠᠯ᠎ᠠ᠎ᠳᠤ ᠵᠠᠷᠤᠭ᠍ᠰᠠᠨ᠎ᠨᠢ ᠲᠤᠭ ᠱᠢᠭ᠋ ᠬᠤᠱᠢᠭᠤᠴᠢᠯᠡᠨ ᠨᠠᠮᠢᠷᠠᠨ᠎ᠠ᠃ ᠲᠤᠭ ᠡᠷᠭᠦᠭ᠌ᠳᠡᠪᠡᠯ ᠵᠢᠭ᠍ᠰᠠᠭᠠᠯ ᠬᠦᠳᠡᠯᠬᠦ᠌ ᠪᠦᠷᠢᠶ᠎ᠡ ᠦᠯᠢᠶᠡᠪᠡᠯ ᠴᠡᠷᠢᠭ ᠤᠷᠤᠭ᠍ᠰᠢᠯᠠᠬᠤ ᠮᠡᠳᠦ᠍᠎ᠪᠠᠷ ᠢᠩᠭᠢᠵᠤ ᠲᠤᠬᠢᠷᠠᠭᠤᠯᠤᠭ᠍ᠰᠠᠨ᠎ᠨᠢ ᠲᠤᠰ ᠪᠦᠳᠦᠭᠡᠯ᠎ᠢ ᠪᠦᠬᠦᠢᠯᠡ᠎ᠳᠤᠨᠢ ᠠᠮᠢᠯᠠᠭᠤᠯᠤᠭ᠍ᠰᠠᠨ ᠪᠠᠢᠨ᠎ᠠ᠃ ᠪᠦᠳᠦᠭᠡᠯ᠎ᠤᠨ ᠪᠠᠷᠠᠭᠤᠨ ᠲᠤᠤᠷ᠎ᠠ ᠦᠨᠴᠦᠭ᠎ᠢ ᠬᠤᠭᠤᠰᠤᠨ ᠬᠦᠨᠳᠡᠢ ᠦᠯᠡᠳᠡᠭᠡᠭ᠌ᠰᠡᠨ᠎ᠨᠢ ᠮᠦᠨ ᠤᠴᠢᠷ᠎ᠲᠠᠢ᠃ ᠡᠨᠡ ᠬᠦ᠌ ᠬᠦᠨᠳᠡᠢ᠎ᠶ᠋ᠢᠨ ᠤᠴᠢᠷ᠎ᠢ ᠭᠡᠢᠷᠡᠨ᠎ᠡ ᠪᠠᠭ᠍ᠰᠢ᠎ᠠᠴᠠ 《ᠨᠢᠭᠡ ᠵᠦᠢᠯ᠎ᠤᠨ ᠭᠤᠸ᠎ᠠ ᠰᠠᠢᠬᠠᠨ᠎ᠤ ᠦᠵᠡᠭᠦᠯᠤᠪᠤᠷᠢ ᠪᠣᠶᠤ〈ᠠᠯᠳᠠᠨ ᠭᠤᠷᠪᠠᠯᠵᠢᠨ᠎ᠤ ᠵᠠᠢ〉》ᠭᠡᠵᠦ᠍ ᠴᠢᠬᠤᠯᠠᠴᠢᠯᠡᠨ ᠶᠡᠷᠢᠵᠦ᠍ ᠪᠠᠢᠭ᠍ᠰᠠᠨ ᠪᠢᠯᠡ᠃ ᠶᠠᠭ ᠲᠡᠢᠮᠦ᠍  《 ᠠᠯᠳᠠᠨ ᠭᠤᠷᠪᠡᠯᠵᠢᠨ᠎ᠤ ᠵᠠᠢ》 ᠦᠯᠡᠳᠡᠭᠡᠭ᠌ᠰᠡᠨ᠎ᠨᠢ ᠮᠠᠰᠢ ᠴᠢᠯᠦᠭᠡ᠎ᠲᠠᠢ ᠪᠤᠯᠤᠭ᠍ᠰᠠᠨ ᠪᠠᠢᠨ᠎ᠠ᠃


QQ20251112-103225.png

《ᠮᠤᠩᠭᠤᠯ ᠪᠦᠰᠡᠭᠦᠢ》

ᠭᠠᠩᠪᠤᠯᠤᠳ᠎ᠤᠨ 《ᠮᠤᠩᠭᠤᠯ ᠪᠦᠰᠡᠭᠦᠢ》 ᠬᠡᠭᠦ᠌ ᠪᠦᠳᠦᠭᠡᠯ ᠪᠤᠯ ᠬᠦᠮᠦᠰ᠎ᠤᠨ ᠬᠠᠷᠠᠭ᠎ᠠ᠎ᠳᠤ ᠦᠷᠳᠦᠮᠡᠭ᠌ᠴᠡ ᠠᠩᠬᠠᠨ᠎ᠤ ᠰᠡᠷᠡᠯ᠎ᠳᠤ ᠪᠤᠰᠤᠭ᠎ᠠ ᠪᠡᠶᠡᠳᠦ ᠮᠡᠳᠡᠷᠡᠮᠵᠢ ᠦᠭ᠌ᠳᠡᠭ ᠪᠠᠢᠨ᠎ᠠ᠃ ᠴᠠᠭᠠᠰᠤᠨ᠎ᠤ ᠬᠤᠪᠢ᠎ᠳᠤ ᠬᠠᠭᠤᠴᠢᠪᠳᠤᠷ ᠦᠩᠭᠡ᠎ᠶ᠋ᠢᠨ ᠠᠷᠵᠠᠭᠠᠷ ᠴᠠᠭᠠᠰᠤ᠎ᠶ᠋ᠢ ᠰᠤᠩᠭᠤᠵᠤ᠂ ᠴᠠᠭᠠᠰᠤᠨ᠎ᠤ ᠭᠤᠤᠯ ᠲᠤᠮᠳᠠ᠎ᠶ᠋ᠢ ᠪᠠᠷᠢᠮᠳᠠᠯᠠᠨ ᠭᠦᠢᠬᠡᠨ ᠪᠡᠭᠡ᠎ᠪᠠᠷ 《ᠮᠤᠩᠭᠤᠯ ᠪᠦᠰᠡᠭᠦᠢ 》 ᠭᠡᠬᠦ᠌ ᠬᠤᠶᠠᠷ ᠦᠰᠦᠭ᠎ᠢ ᠪᠦᠳᠦᠭᠦᠨ ᠪᠢᠷ᠎ᠢᠶᠠᠷ ᠪᠤᠵᠠᠭᠠᠢ ᠪᠢᠴᠢᠵᠠᠢ᠃ ᠡᠨᠡ᠎ᠨᠢ ᠰᠡᠩᠭᠡᠷᠡ ᠪᠠᠬᠢ᠎ᠶ᠋ᠢᠨ ᠲᠤᠭᠤᠳᠠᠭ ᠦᠩᠭᠡ ᠪᠤᠳᠤᠭ ᠪᠠᠢᠵᠠᠢ᠃ ᠬᠦᠩᠭᠡᠨ ᠬᠦᠢᠬᠡᠨ᠂ ᠴᠠᠢᠪᠤᠷ ᠪᠤᠷᠤᠭ᠍ᠵᠢᠭᠤᠨ᠂ ᠲᠠᠷᠠᠭᠤ ᠮᠦᠷᠳᠡᠭᠡᠨ ᠲᠤᠷᠠᠢᠮ᠎ᠠ ᠪᠤᠯᠵᠤ ᠴᠢᠳᠠᠵᠠᠢ᠃ 《ᠮᠤᠩᠭᠤᠯ ᠪᠦᠰᠡᠭᠦᠢ》 ᠬᠡᠬᠦ᠌ ᠬᠤᠶᠠᠷ ᠦᠰᠦᠭ᠎ᠨᠢ ᠤᠨᠢᠶᠡᠷ ᠬᠦᠳᠡᠩ ᠲᠠᠳᠠᠵᠦ᠍ ᠡᠭᠦᠯᠡ ᠮᠠᠨᠠᠨ᠎ᠤ ᠰᠡᠵᠢᠭᠦᠷ᠎ᠢᠶᠠᠷ ᠰᠠᠨᠠᠭᠠᠨ᠎ᠤ ᠦᠵᠦᠭᠦᠷ᠎ᠲᠤ ᠬᠦᠷᠳᠡᠯ᠎ᠡ ᠢᠯᠡᠷᠡᠭᠦᠯᠦᠭ᠌ᠰᠡᠨ᠎ᠠᠴᠠ᠂ ᠬᠤᠯᠠ᠎ᠶ᠋ᠢᠨ ᠬᠤᠯᠠ ᠴᠠᠭᠠᠨ᠎ᠠ ᠴᠠᠭᠠᠨ᠎ᠠ᠎ᠠᠴᠠ ᠡᠷᠳᠡᠨ᠎ᠤ ᠮᠤᠩᠭᠤᠯᠵᠢᠨ ᠭᠤᠸ᠎ᠠ ᠬᠠᠳᠤᠳ ᠨᠠᠮᠪᠠᠳᠠᠢᠬᠠᠨ ᠮᠦᠷᠳᠡᠭᠡᠨ ᠲᠤᠷᠪᠢᠯᠢᠭ ᠠᠯᠬᠤᠨ ᠠᠢᠰᠤᠢ ᠭᠡᠮᠡᠷ᠃ ᠲᠤᠰ ᠪᠦᠳᠦᠭᠡᠯ᠎ᠨᠢ ᠪᠦᠰᠡᠭᠦᠢ ᠬᠦᠮᠦᠨ᠎ᠤ 《ᠤᠶᠠᠨ ᠵᠦᠭᠡᠯᠡᠨ ᠭᠠᠷ᠂ ᠤᠰᠭᠠᠯ ᠬᠤᠶᠠᠷ ᠨᠢᠳᠦ᠂ ᠡᠰᠡᠨᠢᠯ ᠵᠢᠷᠭᠠᠯ᠎ᠤᠨ ᠭᠠᠯ᠂ ᠰᠡᠳᠭᠢᠯ᠎ᠤᠨ ᠵᠤᠯᠠ》 ᠵᠡᠷᠭᠡ ᠡᠭᠡᠯ ᠵᠢᠷ᠎ᠤᠨ ᠪᠦᠭᠡᠳ ᠡᠷᠬᠢᠮᠰᠦᠭ ᠪᠠᠢᠳᠠᠭ ᠤᠠᠬᠭᠠᠯᠢᠭ ᠴᠢᠨᠡᠷ᠎ᠢ ᠱᠢᠯᠦᠭ᠌ᠯᠡᠭ᠌ᠰᠡᠨ ᠮᠦᠷ ᠪᠠᠳᠠᠭ᠎ᠢ ᠲᠠᠪᠤᠨ ᠮᠦᠷ᠎ᠲᠤ ᠪᠠᠭ᠍ᠳᠠᠭᠠᠨ ᠲᠡᠭᠡᠷ᠎ᠡ ᠵᠠᠬ᠎ᠠ᠎ᠠᠴᠠ ᠲᠤᠤᠷ᠎ᠠ ᠬᠦᠪᠡᠭᠡ᠎ᠶ᠋ᠢ ᠰᠡᠭᠦᠯ ᠲᠠᠷᠤᠱᠢᠭᠤᠯᠤᠨ ᠲᠡᠩᠴᠡᠭᠦᠦ᠂ ᠲᠤᠮᠳᠠ ᠬᠢᠷᠢ᠎ᠶ᠋ᠢᠨ ᠪᠢᠷ᠎ᠢ ᠬᠡᠷᠡᠭ᠌ᠯᠡᠵᠦ᠍᠂ ᠬᠢᠴᠢᠶᠡᠩᠬᠦᠢ ᠪᠢᠴᠢᠯᠭᠡ᠎ᠪᠠᠷ ᠤᠷᠠᠯᠠᠨ ᠪᠢᠴᠢᠭ᠌ᠰᠡᠨ ᠪᠠᠢᠨ᠎ᠠ᠃ ᠮᠤᠩᠭᠤᠯ ᠤᠷᠠᠨ ᠪᠢᠴᠢᠯᠭᠡ᠎ᠳᠤ ᠤᠷᠳᠤ ᠤᠬᠤᠷ᠎ᠨᠢ ᠠᠳᠠᠯᠢ ᠪᠤᠰᠤ ᠦᠰᠦᠭ᠎ᠤᠳ᠎ᠢ ᠲᠡᠭᠡᠷ᠎ᠡ ᠲᠤᠤᠷ᠎ᠠ ᠬᠦᠪᠡᠭᠡ᠎ᠶ᠋ᠢ ᠲᠡᠭ᠌ᠰᠢᠬᠡᠨ ᠡᠩ ᠵᠡᠷᠭᠡᠴᠡᠭᠦᠯᠦᠨ ᠪᠢᠴᠢᠬᠦ᠌ ᠪᠤᠯ ᠨᠢᠭᠡ ᠶᠤᠰᠤᠨ᠎ᠤ ᠪᠤᠯᠪᠠᠰᠤᠷᠠᠯ ᠶᠤᠮ᠃ ᠲᠤᠰ ᠪᠦᠳᠦᠭᠡᠯ᠎ᠤᠨ ᠲᠠᠪᠤᠳᠤᠭᠠᠷ ᠮᠦᠷ᠎ᠤᠨ ᠰᠡᠭᠦᠯ ᠬᠤᠷᠢᠶᠠᠭ᠍ᠰᠠᠨ᠎ᠨᠢ ᠡᠮᠤᠨᠡᠬᠢ ᠮᠦᠷ᠎ᠠᠴᠠ ᠵᠢᠭᠠᠬᠠᠨ ᠲᠠᠳᠠᠭᠤ ᠪᠤᠯᠤᠭ᠍ᠰᠠᠨ᠎ᠨᠢ ᠵᠦᠢᠳᠠᠢ ᠭᠡᠵᠦ᠍ ᠦᠵᠡᠵᠦ᠍ ᠪᠠᠢᠨ᠎ᠠ᠃ ᠠᠭᠤᠯᠭ᠎ᠠ᠎ᠶ᠋ᠢᠨ ᠬᠠᠮᠤᠭ᠎ᠤᠨ ᠰᠡᠭᠦᠯ᠎ᠤᠨ ᠮᠦᠷ ᠲᠤᠷᠤᠭ᠍ᠰᠢᠯᠠᠪᠠᠯ ᠲᠠᠯ᠎ᠠ ᠮᠦᠷᠦ᠍᠎ᠪᠠᠨ ᠲᠠᠭᠠᠭᠠᠵᠤ ᠶᠠᠳᠠᠬᠤ ᠲᠠᠯᠵᠠᠢᠭ᠍ᠰᠠᠨ᠂ ᠠᠴᠢᠶᠠᠨ᠎ᠳᠤ ᠲᠠᠷᠤᠭ᠍ᠳᠠᠭ᠍ᠰᠠᠨ ᠬᠦᠨᠳᠦ ᠲᠦᠷᠦᠭ᠌ᠳᠡᠯ ᠦᠭ᠌ᠳᠡᠭ᠃ ᠨᠢᠭᠡ ᠬᠤᠷᠤᠭᠤ ᠡᠰᠡᠭᠦᠯ᠎ᠡ ᠲᠡᠭᠡᠭ᠌ᠰᠢ ᠲᠠᠳᠠᠰᠭᠢᠭᠰᠡᠨ ᠪᠠᠢᠪᠠᠯ ᠲᠤᠰ ᠪᠦᠳᠦᠭᠡᠯ᠎ᠤᠨ ᠡᠷᠴᠢᠮ᠎ᠢ ᠤᠯᠠᠮ ᠴᠢᠩᠭᠠᠷᠠᠭᠤᠯᠤᠭ᠍ᠰᠠᠨ ᠭᠡᠵᠦ᠍ ᠦᠵᠡᠵᠦ᠍ ᠪᠤᠯᠤᠨ᠎ᠠ᠃ ᠪᠠᠷᠠᠭᠤᠨ ᠭᠠᠷ ᠲᠠᠯ᠎ᠠ᠎ᠳᠤ ᠬᠤᠶᠠᠷ ᠮᠦᠷ ᠵᠢᠵᠢᠭ ᠬᠦᠶᠤᠯᠭᠡᠨ ᠪᠢᠴᠢᠯᠭᠡ᠎ᠪᠠᠷ ᠴᠤᠬᠤᠯᠠᠪᠤᠷᠢ᠎ᠪᠠᠨ ᠬᠠᠳᠠᠭᠠᠳ᠂ ᠨᠠᠷ᠎ᠠ᠎ᠶ᠋ᠢᠨ ᠬᠤᠶᠠᠷ ᠲᠠᠮᠠᠭ᠎ᠠ᠎ᠪᠠᠨ ᠬᠡᠪ᠎ᠤᠨ ᠶᠤᠰᠤᠭᠠᠷ ᠵᠠᠷᠤᠭ᠍ᠰᠠᠨ ᠪᠠᠢᠨ᠎ᠠ᠃ ᠤᠷᠳᠤ ᠲᠦᠷᠪᠡᠯᠵᠢᠨ ᠬᠦᠳᠦᠯᠪᠤᠷᠢ ᠲᠠᠮᠠᠭ᠎ᠠ᠎ᠶ᠋ᠢ 《ᠤᠷᠠᠯᠢᠭ》᠂《ᠤᠶᠠᠨ》 ᠭᠡᠬᠦ᠌ ᠬᠤᠶᠠᠷ ᠦᠰᠦᠭ᠎ᠤᠨ ᠵᠠᠢ᠎ᠶ᠋ᠢ ᠨᠦᠭᠦᠵᠦ᠍ ᠲᠠᠷᠤᠬᠰᠠᠨ᠎ᠨᠢ ᠲᠤᠬᠢᠷᠠᠮᠵᠢᠳᠠᠢ᠃

ᠭᠤᠷᠪᠠ᠂ ᠤᠷᠠᠨ ᠪᠢᠴᠢᠯᠭᠡ ᠵᠢᠨ ᠰᠡᠳᠭᠢᠯ᠎ᠤᠨ ᠲᠠᠮᠢᠷ

ᠤᠷᠠᠨ ᠪᠢᠴᠢᠯᠭᠡ᠎ᠳᠤ ᠤᠯᠠᠨ ᠲᠦᠷᠦᠯ᠎ᠤᠨ ᠪᠢᠴᠢᠯᠭᠡ᠎ᠶ᠋ᠢᠨ ᠠᠷᠭ᠎ᠠ ᠮᠡᠷᠭᠡᠵᠢᠯ ᠪᠠᠢᠳᠠᠭ ᠪᠤᠯᠪᠠᠴᠤ᠌ ᠲᠤᠰ ᠤᠳᠠᠭᠠᠨ᠎ᠤ ᠦᠵᠡᠰᠬᠦᠯᠡᠡᠭ᠎ᠳᠤ ᠤᠷᠤᠯᠴᠠᠭ᠍ᠰᠠᠨ 44 ᠬᠤᠪᠢ ᠪᠦᠳᠦᠭᠡᠯ᠎ᠤᠨ ᠪᠢᠴᠢᠯᠭᠡ᠎ᠶ᠋ᠢᠨ ᠲᠦᠷᠦᠯ ᠵᠠᠨᠠᠷ᠎ᠢᠶᠠᠷ ᠠᠪᠴᠤ᠌ ᠬᠡᠯᠡᠪᠡᠯ᠂ ᠬᠢᠴᠢᠶᠡᠩᠬᠦᠢ ᠪᠢᠴᠢᠯᠭᠡ᠂ ᠬᠦᠶᠤᠯᠭᠡᠨ ᠪᠢᠴᠢᠯᠭᠡ᠂ ᠦᠢᠭᠤᠷᠵᠢᠨ ᠪᠢᠴᠢᠯᠬᠡ᠂ ᠦᠵᠦᠭ᠎ᠤᠨ ᠪᠢᠴᠢᠯᠭᠡ ᠮᠡᠳᠦ ᠬᠡᠳᠦᠬᠡᠨ ᠲᠦᠷᠦᠯ᠎ᠤᠨ ᠪᠦᠳᠦᠭᠡᠯ ᠲᠡᠯᠭᠡᠭ᠌ᠳᠡᠵᠦ᠍ ᠪᠠᠢᠨ᠎ᠠ᠃ ᠪᠢᠴᠢᠯᠭᠡ᠎ᠶ᠋ᠢᠨ ᠲᠦᠷᠦᠯ ᠵᠠᠨᠠᠷ ᠬᠡᠳᠦᠢᠪᠡᠷ ᠬᠢᠵᠠᠭᠠᠷ᠎ᠲᠠᠢ ᠬᠡᠪᠡᠴᠤ᠌ ᠬᠢᠵᠠᠭᠠᠷ ᠦᠭᠡᠢ ᠡᠷᠴᠢ ᠵᠤᠷᠢᠭ᠂ ᠡᠷᠢᠯ ᠬᠦᠰᠡᠯ ᠢᠯᠡᠳᠲᠡ ᠪᠠᠳᠠᠷᠠᠨ᠂ ᠡᠭᠦᠳᠦᠨ ᠪᠦᠳᠦᠭᠡᠬᠦ᠌ ᠤᠷ᠎ᠠ ᠮᠡᠷᠭᠡᠵᠢᠯ᠎ᠢ ᠬᠦᠭᠡᠭᠡᠴᠡᠯᠳᠦᠨ ᠵᠢᠳᠭᠦᠭᠡ ᠪᠦᠰᠡᠭᠦᠢᠴᠣᠳ ᠮᠠᠨᠢ ᠭᠠᠷ ᠦᠵᠡᠭᠦᠯᠦᠨ ᠱᠠᠯᠠᠮᠠᠭᠠᠢᠯᠠᠨ᠂ ᠤᠷᠠᠯᠢᠭ᠎ᠤᠨ ᠦᠷᠭᠡᠨ ᠬᠠᠷᠭᠤᠢ᠎ᠪᠠᠷ ᠴᠡᠭᠡᠵᠢ ᠲᠦᠷᠢᠨ ᠢᠷᠡᠬᠦ᠌᠎ᠨᠢ ᠦᠨᠡᠬᠡᠷ ᠦᠩᠭᠡ ᠪᠦᠷᠢ ᠵᠢᠨ ᠴᠡᠴᠡᠭ ᠵᠡᠷᠭᠡ᠎ᠪᠠᠷ ᠲᠡᠯᠭᠡᠷᠡᠵᠦ᠍᠂ ᠡᠷᠳᠡᠮᠳᠡᠨ ᠪᠦᠬᠦᠨ ᠴᠢᠯᠦᠭᠡ᠎ᠲᠠᠢ ᠪᠢᠴᠢᠭ᠌ᠯᠡᠨ ᠤᠷ᠎ᠠ ᠠᠪᠢᠶᠠᠰ᠎ᠢᠶᠠᠨ ᠭᠠᠢᠬᠠᠭᠤᠯᠤᠭ᠍ᠰᠠᠨ ᠪᠠᠢᠳᠠᠭ᠃


QQ20251112-103240.png


《ᠮᠤᠩᠭᠤᠯ᠎ᠤᠨ ᠨᠢᠭᠤᠴᠠ ᠲᠤᠪᠴᠢᠶᠠᠨ》 ᠎ᠤ᠋ ᠰᠤᠳᠤᠨ ᠦᠭᠦᠯᠡᠪᠤᠷᠢ

ᠰᠠᠷᠠᠨᠠᠴᠡᠴᠡᠭ᠎ᠤᠨ ᠦᠢᠭᠤᠷᠵᠢᠨ ᠪᠢᠴᠢᠯᠭᠡ᠎ᠶ᠋ᠢᠨ ᠪᠦᠳᠦᠭᠡᠯ᠎ᠠᠴᠠ ᠰᠤᠨᠢᠷᠬᠠᠬᠤ᠎ᠳᠤ ᠠᠭᠤᠯᠭ᠎ᠠ᠎ᠨᠢ ᠪᠢᠴᠢᠯᠭᠡ᠎ᠲᠠᠢ᠎ᠪᠠᠨ ᠵᠤᠬᠢᠴᠡᠵᠤ᠂ ᠪᠢᠴᠢᠯᠭᠡ᠎ᠳᠡᠭᠡᠨ ᠲᠤᠬᠢᠷᠠᠭ᠍ᠰᠠᠨ ᠠᠭᠤᠯᠭ᠎ᠠ᠎ᠶ᠋ᠢ ᠰᠤᠩᠭᠤᠵᠦ᠍ ᠴᠢᠳᠠᠵᠠᠢ᠃ ᠤᠴᠢᠷ᠎ᠨᠢ ᠡᠷᠳᠡᠨ᠎ᠤ ᠪᠢᠴᠢᠯᠭᠡ᠎ᠪᠠᠷ ᠪᠢᠴᠢᠬᠦ᠎ᠳᠡᠭᠡᠨ ᠡᠷᠳᠡᠨ᠎ᠤ ᠬᠡᠯᠡᠯᠭᠡ᠎ᠲᠠᠢ ᠦᠭᠡ ᠦᠬᠦᠯᠡᠪᠦᠷᠢ᠎ᠶ᠋ᠢ ᠰᠤᠩᠭᠤᠪᠡᠯ ᠡᠷᠳᠡᠨ᠎ᠤ ᠦᠨᠦᠷ ᠠᠮᠳᠠ᠎ᠶ᠋ᠢ᠎ᠨᠢ ᠨᠡᠩ ᠦᠳᠭᠡᠷᠡᠭᠦᠯᠵᠦ᠍ ᠴᠢᠳᠠᠨ᠎ᠠ᠃ 《ᠮᠦᠷᠡᠨ᠎ᠤ ᠴᠢᠨᠠᠭᠤᠨ ᠮᠦᠰᠯᠠᠳᠤᠭᠦᠨ ᠮᠦᠨ ᠶᠤᠰᠤᠭᠠᠷ ᠶᠠᠪᠤᠳᠭᠤᠨ᠂ ᠠᠭᠤᠯᠠ᠎ᠶ᠋ᠢᠨ ᠴᠢᠨᠠᠭᠤᠨ ᠠᠯᠭᠠᠰᠠᠯᠳᠤᠬᠤᠨ ᠠᠩᠬᠢᠳᠠ ᠦᠭᠡᠷ᠎ᠡ ᠪᠤᠤ ᠰᠡᠳᠭᠢᠳᠬᠦᠨ》 ᠭᠡᠬᠦ᠌ 《 ᠮᠤᠩᠭᠤᠯ᠎ᠤᠨ ᠨᠢᠭᠤᠴᠠ ᠲᠤᠪᠴᠢᠶᠠᠨ》 ᠎ᠤ᠋ ᠰᠤᠳᠤᠨ ᠦᠭᠦᠯᠡᠪᠤᠷᠢ᠎ᠶ᠋ᠢ ᠤᠷᠠᠯᠢᠭ᠍ᠵᠢᠭᠤᠯᠤᠨ ᠪᠦᠳᠤᠭᠡᠯ ᠪᠤᠯᠭᠠᠭ᠍ᠰᠠᠨ᠎ᠨᠢ ᠮᠠᠱᠢᠳᠠ ᠦᠪᠡᠷᠮᠢᠴᠠ ᠭᠤᠸ᠎ᠠ ᠰᠠᠢᠬᠠᠨ᠎ᠢ ᠬᠠᠷᠠᠭᠤᠯᠵᠤ ᠴᠢᠳᠠᠵᠠᠢ᠃ ᠦᠨᠦᠳᠦᠷ᠎ᠤᠨ ᠮᠤᠩᠭᠤᠯ ᠤᠷᠠᠨ ᠪᠢᠴᠢᠯᠭᠡ᠎ᠶ᠋ᠢᠨ ᠰᠡᠷᠭᠦᠯᠳᠡ ᠬᠦᠭ᠌ᠵᠢᠯᠳᠡ᠎ᠶ᠋ᠢᠨ ᠶᠠᠪᠤᠴᠠ᠎ᠳᠤ ᠬᠦᠮᠦᠰ ᠡᠷᠳᠡᠨ᠎ᠤ ᠦᠢᠭᠤᠷᠵᠢᠨ ᠪᠢᠴᠢᠯᠭᠡ᠎ᠶ᠋ᠢᠨ ᠬᠦᠨ ᠨᠦᠬᠡᠴᠡ᠎ᠠᠴᠠ ᠬᠦᠨᠳᠦ ᠰᠡᠳᠦᠪ᠎ᠢ ᠠᠭᠤᠳᠠᠯᠤᠨ ᠭᠠᠷᠭᠠᠵᠤ᠂ ᠤᠷᠠᠯᠠᠨ ᠪᠢᠴᠢᠵᠦ᠍᠂ ᠭᠠᠢᠬᠠᠭᠤᠯᠤᠨ ᠰᠤᠨᠢᠷᠬᠠᠭᠤᠯᠬᠤ ᠶᠠᠪᠤᠳᠡᠯ᠎ᠢ ᠨᠢᠭᠡ ᠶᠤᠰᠤᠨ᠎ᠤ ᠭᠤᠸ᠎ᠠ ᠰᠠᠢᠬᠠᠨ᠎ᠤ ᠬᠦᠭᠡᠭᠡᠴᠡᠯᠳᠦᠯ ᠪᠤᠯᠭᠠᠵᠤ ᠪᠠᠢᠨ᠎ᠠ᠃ ᠰᠠᠷᠠᠨᠠᠴᠡᠴᠡᠭ᠎ᠤᠨ ᠲᠤᠰ ᠪᠦᠳᠦᠭᠡᠯ ᠪᠤᠯ ᠠᠷᠪᠠᠨ ᠭᠤᠷᠪᠠᠳᠤᠭᠠᠷ ᠵᠠᠭᠤᠨ ᠪᠤᠶᠤ ᠠᠷᠪᠠᠨ ᠲᠦᠷᠪᠠᠳᠤᠭᠡᠷ ᠵᠠᠭᠤᠨ᠎ᠤ ᠦᠶ᠎ᠡ᠎ᠶ᠋ᠢᠨ ᠪᠢᠴᠢᠯᠭᠡ᠎ᠶ᠋ᠢ ᠮᠥᠷᠳᠡᠭ᠌ᠰᠡᠨ ᠪᠢᠴᠢᠯᠭᠡ ᠪᠠᠢᠬ᠎ᠠ᠃ ᠰᠠᠷᠠᠨᠠᠴᠡᠴᠡᠭ᠎ᠤᠨ ᠲᠤᠰ ᠪᠦᠳᠦᠭᠡᠯ᠎ᠢ ᠤᠷᠠᠯᠠᠬᠤᠢ ᠤᠬᠠᠭᠠᠨ᠎ᠤ ᠲᠠᠯ᠎ᠠ᠎ᠠᠴᠠ ᠵᠠᠳᠠᠯᠵᠤ ᠦᠵᠡᠬᠦ᠌᠎ᠳᠤ᠂ ᠭᠤᠤᠯ ᠠᠭᠤᠯᠭ᠎ᠠ᠎ᠨᠢ ᠬᠠᠭᠤᠳᠠᠰᠤᠨ᠎ᠤ ᠵᠡᠭᠦᠨ ᠬᠠᠭᠠᠰ ᠲᠠᠯ᠎ᠠ᠎ᠶ᠋ᠢᠨ ᠶᠡᠬᠡᠩᠬᠢ ᠬᠡᠰᠡᠭ᠎ᠲᠤ ᠲᠡᠭᠡᠷ᠎ᠡ ᠲᠤᠤᠷ᠎ᠠ ᠵᠡᠬᠦᠨ ᠪᠠᠷᠠᠭᠤᠨ ᠲᠠᠯ᠎ᠠ᠎ᠳᠤ ᠵᠤᠬᠢᠬᠤ ᠵᠠᠢ ᠠᠪᠤᠭᠠᠳ ᠲᠤᠮᠳᠠ ᠪᠠᠶ᠎ᠠ᠎ᠶ᠋ᠢ ᠡᠵᠡᠯᠡᠨ ᠭᠤᠷᠪᠠ ᠮᠦᠷᠯᠡᠨ ᠪᠢᠴᠢᠬᠦ᠎ᠳᠡᠭᠡᠨ ᠭᠤᠤᠯ ᠮᠦᠷ᠎ᠢ ᠲᠤᠷᠤᠭ᠍ᠰᠢ ᠵᠤᠬᠢᠬᠤ ᠬᠡᠮᠵᠢᠶᠡᠨ᠎ᠳᠤ ᠬᠦᠷᠭᠡᠭᠡᠳ ᠵᠢᠯᠤᠭᠤ᠎ᠶ᠋ᠢ ᠲᠠᠳᠠᠵᠤ ᠠᠮᠠᠭᠠᠢ᠎ᠶ᠋ᠢ᠎ᠨᠢ ᠵᠠᠯᠠᠵᠤ ᠮᠦᠷᠡᠨ᠎ᠢ ᠲᠤᠭᠤᠷᠢᠵᠦ᠍ ᠠᠭᠤᠯᠠ᠎ᠶ᠋ᠢ ᠠᠯᠤᠰᠯᠠᠵᠤ ᠪᠠᠢᠪᠠᠴᠤ᠌ ᠨᠢᠭᠡ ᠦᠵᠦᠭᠦᠷᠳᠤ ᠰᠡᠳᠭᠢᠯ᠎ᠢ ᠪᠠᠷᠢᠵᠤ ᠪᠠᠢᠭ᠎ᠠ ᠵᠤᠷᠢᠯ ᠲᠡᠮᠡᠤᠯᠤᠯ᠎ᠢ ᠢᠯᠡᠳᠭᠡᠵᠠᠢ᠃ ᠪᠠᠷᠠᠭᠤᠨ ᠬᠠᠭᠠᠰ ᠴᠠᠭᠠᠰᠤᠨ᠎ᠤ ᠭᠤᠤᠯ᠎ᠢ ᠪᠠᠷᠢᠵᠦ᠍ ᠬᠠᠭᠤᠳᠠᠰᠤᠨ ᠲᠡᠭᠡᠷ᠎ᠡ᠎ᠠᠴᠠ ᠲᠤᠷᠤᠭ᠍ᠰᠢ᠂ ᠲᠤᠤᠷ᠎ᠠ᠎ᠠᠴᠠ ᠲᠡᠭᠡᠭ᠌ᠰᠢᠯᠡᠨ ᠭᠤᠷᠮᠤᠰᠤᠨ ᠨᠢᠭᠡ ᠴᠤᠭ᠍ᠴᠠᠰ ᠪᠠᠭᠠᠨ᠎ᠠ ᠬᠡᠮᠡᠷ ᠴᠤᠬᠤᠯᠠᠪᠤᠷᠢ᠎ᠪᠠᠷ ᠡᠷᠳᠡᠨ᠎ᠤ ᠬᠡᠯᠡ᠎ᠶ᠋ᠢ ᠤᠳᠤᠬᠢᠴᠢᠯᠡᠨ ᠪᠠᠭᠤᠯᠭᠠᠭ᠍ᠰᠠᠨ ᠪᠦᠭᠡᠳ ᠠᠯᠢ ᠨᠤᠮ᠎ᠠᠴᠠ ᠡᠱᠢᠯᠡᠭ᠌ᠰᠡᠨ᠎ᠢᠶᠠᠨ ᠲᠤᠱᠢᠶᠠᠭᠠᠳ᠂ ᠤᠨ ᠰᠠᠷ᠎ᠠ ᠪᠠ ᠨᠠᠷ᠎ᠠ᠎ᠪᠠᠨ ᠪᠢᠴᠢᠭᠡᠳ ᠲᠡᠭᠦᠰᠭᠡᠭ᠌ᠰᠡᠨ ᠪᠠᠢᠨ᠎ᠠ᠃ ᠲᠤᠤᠷ᠎ᠠ᠎ᠨᠢ ᠨᠢᠭᠡ ᠯᠡ ᠨᠠᠷ᠎ᠠ᠎ᠶ᠋ᠢᠨ ᠲᠠᠮᠠᠭ᠎ᠠ ( ᠤᠯᠠᠭᠠᠨ ᠦᠰᠦᠭ᠌ᠳᠦ ᠲᠠᠮᠠᠭ᠎ᠠ)ᠲᠠᠷᠤᠵᠠᠢ᠃ 《ᠪᠠᠳᠠᠷᠠᠨ ᠬᠦᠭ᠌ᠵᠢᠳᠦᠬᠡᠢ》ᠬᠡᠬᠦ᠌ ᠴᠢᠮᠡᠭ ᠲᠠᠮᠠᠭ᠎ᠠ᠎ᠶ᠋ᠢ ᠭᠤᠤᠯ ᠠᠭᠤᠯᠭ᠎ᠠ᠎ᠶ᠋ᠢᠨ ᠭᠤᠤᠯ ᠮᠦᠷ᠎ᠤᠨ ᠲᠡᠭᠡᠷ᠎ᠡ ᠲᠠᠯ᠎ᠠ᠎ᠳᠤ ᠵᠠᠷᠤᠭᠠᠳ᠂ ᠪᠠᠰᠠ ᠨᠢᠭᠡᠨ ᠪᠦᠰᠡᠯᠡᠭᠦᠷ ᠲᠠᠮᠠᠭ᠎ᠠ 《ᠦᠯᠵᠡᠢ》 ᠶ᠋ᠢ ᠬᠦᠨᠳᠡᠢ᠎ᠶ᠋ᠢ ᠨᠦᠬᠦᠵᠦ᠍ ᠲᠠᠷᠤᠭ᠍ᠰᠠᠨ ᠪᠢᠰᠢ᠂ ᠬᠠᠷᠢᠨ ᠵᠡᠭᠦᠨ ᠲᠠᠯ᠎ᠠ᠎ᠶ᠋ᠢᠨ ᠦᠰᠦᠭ᠎ᠢ ᠨᠠᠭᠠᠯᠳᠤᠭᠤᠯᠤᠨ ᠲᠠᠷᠤᠭ᠍ᠰᠠᠨ ᠪᠠᠢᠨ᠎ᠠ᠃ ᠡᠨᠡ ᠪᠦᠰᠡᠯᠡᠭᠦᠷ ᠲᠠᠮᠠᠭ᠎ᠠ᠎ᠶ᠋ᠢ ᠮᠠᠰᠢ ᠢᠴᠢᠮᠡᠬᠡᠢ ᠲᠠᠯᠳᠠᠬᠠᠨ ᠲᠠᠷᠤᠵᠠᠢ᠃ ᠢᠩᠬᠢᠵᠦ᠍ ᠨᠢᠭᠡ ᠪᠦᠳᠦᠭᠡᠯ᠎ᠳᠤ ᠶᠠᠷᠤ᠎ᠳᠡᠭᠡᠨ ᠡᠷ᠎ᠡ᠎ᠶ᠋ᠢᠨ ᠭᠤᠷᠪᠠᠨ ᠲᠠᠮᠠᠭ᠎ᠠ ᠲᠠᠷᠤᠬᠤ ᠶᠤᠰᠤᠭᠠᠷ ᠵᠦᠢᠴᠢᠯᠡᠵᠡᠢ᠃


QQ20251112-103246.png


ᠬᠤᠯᠤᠰᠤᠨ ᠦᠵᠦᠭ᠎ᠤᠨ ᠪᠦᠳᠦᠭᠡᠯ

ᠰᠧᠪᠢᠮᠧᠳᠡᠭ᠎ᠤᠨ ᠲᠤᠰ ᠪᠦᠳᠦᠭᠡᠯ ᠪᠤᠯ ᠬᠤᠯᠤᠰᠤᠨ ᠦᠵᠦᠭ᠎ᠤᠨ ᠪᠦᠳᠦᠭᠡᠯ ᠪᠤᠯᠤᠨ᠎ᠠ᠃ ᠬᠤᠯᠤᠰᠤᠨ ᠦᠵᠦᠭ᠎ᠤᠨ ᠪᠦᠳᠦᠭᠡᠯ ᠪᠤᠯ ᠬᠤᠪᠢ᠎ᠶ᠋ᠢᠨ ᠭᠡᠰᠡᠨ ᠦᠪᠡᠷᠮᠢᠴᠡ ᠤᠨᠴᠠᠯᠢᠭ᠎ᠲᠠᠢ᠂ ᠪᠤᠰᠤᠳ᠎ᠲᠤ ᠪᠠᠢᠳᠠᠭ ᠦᠭᠡᠢ᠂ ᠵᠦᠪᠬᠡᠨ ᠮᠠᠨ᠎ᠳᠤ ᠯᠠ ᠪᠠᠢᠳᠠᠭ ᠬᠤᠪᠤᠷᠬᠠᠨ ᠴᠤᠬᠠᠭ ᠨᠢᠭᠡ ᠲᠦᠷᠦᠯ᠎ᠤᠨ ᠲᠦᠷᠰᠤᠳᠤ ᠤᠷᠠᠯᠢᠭ ᠪᠤᠯᠤᠨ᠎ᠠ᠃ ᠭᠡᠬᠦ᠎ᠳᠡᠭᠡᠨ ᠢᠵᠠᠭᠤᠷ ᠤᠷᠠᠯᠢᠭ᠎ᠤᠨ ᠨᠢᠭᠡ ᠬᠡᠯᠪᠡᠷᠢ᠂ ᠦᠨᠢ ᠤᠳᠠᠭᠠᠨ ᠲᠡᠤᠬᠡ᠎ᠲᠠᠢ᠃ ᠡᠷᠳᠡᠨ᠎ᠤ ᠬᠦᠮᠦᠰ ᠬᠤᠯᠤᠰᠤ᠎ᠶ᠋ᠢ ᠢᠷᠯᠡᠵᠦ᠍ ᠪᠢᠴᠢᠬᠦ᠌ ᠪᠠᠭᠠᠵᠢ ᠪᠤᠯᠭᠠᠭ᠍ᠰᠠᠨ᠎ᠢᠶᠠᠷ ᠬᠠᠳᠠᠭᠤ ᠦᠵᠦᠭ᠎ᠤᠨ ᠪᠢᠴᠢᠯᠭᠡ ᠪᠤᠢ ᠪᠤᠯᠵᠤ᠂ ᠦᠷᠨᠢᠨ ᠬᠦᠭ᠌ᠵᠢᠨ ᠤᠯᠠᠮᠵᠢᠯᠠᠨ ᠲᠡᠯᠭᠡᠷᠡᠭ᠌ᠰᠡᠭᠡᠷ ᠦᠨᠦᠳᠦᠷ ᠬᠦᠷᠴᠤ᠌ ᠢᠷᠡᠭ᠌ᠰᠡᠨ ᠶᠤᠮ᠃ ᠬᠤᠯᠤᠰᠤᠨ ᠦᠵᠦᠭ᠎ᠤᠨ ᠪᠢᠴᠢᠯᠭᠡ᠎ᠨᠢ ᠮᠤᠩᠭᠤᠯ ᠦᠰᠦᠭ᠎ᠤᠨ ᠤᠷᠠᠨ ᠪᠢᠴᠢᠯᠭᠡ᠎ᠳᠤ ᠦᠪᠡᠷᠮᠢᠴᠡ ᠲᠤᠬᠢᠷᠠᠯᠴᠠᠯ᠎ᠲᠠᠢ ᠪᠠᠢᠳᠠᠭ᠎ᠢᠶᠠᠷ᠎ᠢᠶᠠᠨ ᠮᠠᠰᠢ ᠤᠨᠴᠠᠯᠠᠭ᠍ᠳᠠᠨ᠎ᠠ᠃ ᠪᠠᠰᠠ ᠮᠤᠩᠭᠤᠯᠴᠣᠳ᠎ᠤᠨ ᠠᠮᠢᠳᠤᠷᠠᠯ ᠦᠢᠯᠡᠳᠦᠯᠭᠡ ᠲᠤᠮᠳᠠ ᠡᠷᠳᠡᠨ᠎ᠤ ᠲᠡᠤᠭᠡ ᠨᠠᠮᠳᠠᠷ᠎ᠢ ᠪᠢᠴᠢᠬᠦ᠂ ᠰᠤᠳᠤᠷ ᠨᠤᠮ ᠬᠠᠭᠤᠯᠬᠤ ᠵᠢᠴᠢ ᠬᠤᠤᠰ ᠤᠶᠠᠩᠭ᠎ᠠ ᠪᠢᠴᠢᠬᠦ᠌ ᠬᠡᠬᠦ᠌ ᠮᠡᠳᠦ ᠤᠯᠠᠨ ᠲᠠᠯ᠎ᠠ᠎ᠪᠠᠷ ᠠᠴᠢ ᠲᠤᠰᠠ᠎ᠪᠠᠨ ᠦᠵᠡᠭᠦᠯᠵᠦ᠍ ᠢᠷᠡᠭ᠌ᠰᠡᠨ ᠶᠤᠮ ᠃ ᠤᠳᠤ᠎ᠶ᠋ᠢᠨ ᠬᠦᠮᠦᠰ ᠡᠨᠡ ᠬᠦ᠌ ᠬᠤᠯᠤᠰᠤᠨ ᠦᠵᠦᠭ᠎ᠤᠨ ᠤᠷᠠᠨ ᠪᠢᠴᠢᠯᠭᠡ ᠵᠢ ᠤᠷᠠᠨ ᠪᠦᠳᠦᠭᠡᠯ ᠪᠤᠯᠭᠠᠨ ᠤᠷᠠᠯᠢᠭ᠍ᠵᠢᠭᠤᠯᠳ ᠲᠡᠯᠭᠡᠬᠦ᠌᠎ᠳᠤ ᠦᠨᠡᠭᠡᠷ ᠭᠤᠶᠤᠮᠰᠤᠭ ᠰᠠᠢᠬᠠᠨ ᠤᠷᠠᠯᠢᠭ ᠪᠤᠯᠳᠠᠭ ᠠᠵᠢ᠃ ᠲᠤᠤᠷ᠎ᠠ ᠪᠢᠳᠡ ᠰᠧᠪᠢᠮᠧᠳᠡᠭ᠎ᠤᠨ ᠬᠤᠯᠤᠰᠤᠨ ᠦᠵᠦᠭ᠎ᠤᠨ ᠪᠦᠳᠦᠭᠡᠯ᠎ᠠᠴᠠ ᠨᠡᠷᠢᠨ ᠱᠢᠭᠦᠵᠦ᠍ ᠨᠢᠮᠪᠠᠢ ᠰᠤᠨᠢᠷᠬᠠᠶ᠎ᠠ᠃ ᠶᠠᠭᠤᠨ᠎ᠤ ᠡᠮᠤᠨ᠎ᠡ ᠲᠤᠰ ᠪᠦᠳᠦᠭᠡᠯ᠎ᠤᠨ ᠵᠠᠭ᠍ᠪᠤᠷ᠎ᠨᠢ ᠭᠤᠢᠳᠠ ᠵᠢᠭ᠌ᠳᠡ᠂ ᠴᠡᠪᠡᠷ ᠴᠡᠮᠴᠡᠭᠡᠷ᠂ ᠲᠡᠭ᠌ᠰᠢ ᠱᠢᠯᠤᠭᠤᠨ ᠪᠠᠢᠨ᠎ᠠ᠃ ᠲᠠᠷᠦᠢ ᠡᠷᠳᠡᠨ᠎ᠤ ᠦᠶ᠎ᠡ᠎ᠶ᠋ᠢᠨ 《ᠲᠡᠭ᠌ᠰᠢ ᠲᠢᠭ᠎ᠤᠨ ᠭᠤᠤᠯ ᠲᠠᠩᠬᠢᠮ᠎ᠤᠨ ᠪᠢᠴᠢᠭᠡᠰᠤ》 ᠪᠤᠯᠤᠨ᠎ᠠ᠃ ᠲᠤᠰ ᠪᠦᠳᠦᠭᠡᠯ᠎ᠤᠨ ᠴᠠᠭᠠᠰᠤ᠎ᠨᠢ ᠪᠤᠯᠭᠤᠭ᠍ᠰᠠᠨ ᠲᠤᠷᠭᠠᠨ ᠴᠠᠭᠠᠰᠤ᠂ ᠨᠠᠷᠢᠨ ᠪᠦᠳᠦᠭᠦᠨ ᠠᠳᠠᠯᠢ ᠪᠤᠰᠤ ᠭᠤᠷᠪᠠᠨ ᠵᠦᠢᠯ᠎ᠤᠨ ᠬᠤᠯᠤᠰᠤᠨ ᠦᠵᠦᠭ᠎ᠢ ᠡᠭᠡᠯᠵᠢᠯᠡᠨ ᠵᠠᠷᠤᠭ᠍ᠰᠠᠨ ᠪᠠᠢᠨ᠎ᠠ᠃ ᠵᠡᠭᠦᠨ ᠵᠠᠬ᠎ᠠ᠎ᠶ᠋ᠢ ᠬᠦᠪᠡᠭᠡᠳᠠᠵᠦ᠍ ᠤᠯᠠᠭᠠᠨ ᠮᠦᠷ᠎ᠠᠴᠠ ᠡᠬᠢᠯᠡᠵᠦ᠍ ᠡᠮᠤᠨ᠎ᠡ ᠬᠦᠳᠦᠯᠪᠤᠷᠢ᠎ᠳᠤ 《ᠬᠠᠨᠰᠦ᠋ᠮ᠎ᠠ ᠰᠤᠷᠭᠠᠭᠤᠯᠢ᠎ᠶ᠋ᠢᠨ ᠠᠵᠢᠯ᠎ᠠᠴᠠ᠎ᠪᠠᠨ ᠠᠮᠠᠷᠠᠭ᠍ᠰᠠᠨ ᠠᠬᠠᠮᠠᠳ ᠪᠠᠭ᠍ᠰᠢ ᠡᠬᠡ ᠰᠤᠷᠭᠠᠭᠤᠯᠢ᠎ᠳᠠᠭᠠᠨ ᠲᠤᠷᠠᠰᠭᠠᠨ ᠪᠡᠯᠭᠡᠯᠡᠪᠡᠢ》ᠭᠡᠵᠤ ᠪᠦᠳᠦᠭᠡᠭ᠌ᠰᠡᠨ ᠵᠤᠷᠢᠯᠭ᠎ᠠ᠎ᠪᠠᠨ ᠮᠠᠰᠢ ᠬᠦᠨ ᠰᠡᠳᠭᠢᠯᠭᠡ᠎ᠲᠠᠢ᠎ᠪᠠᠷ ᠲᠤᠳᠤᠷᠬᠠᠢᠯᠠᠵᠠᠢ᠃ ᠪᠢᠴᠢᠬᠦ᠎ᠳᠡᠭᠡᠨ ᠬᠤᠯᠤᠰᠤᠨ ᠨᠠᠷᠢᠨ ᠦᠵᠦᠭ᠎ᠢᠶᠠᠷ ᠬᠠᠷ᠎ᠠ ᠲᠢᠭ᠎ᠤᠨ ᠦᠨᠳᠦᠰᠦᠨ ᠲᠡᠭ᠌ᠰᠢ ᠪᠢᠴᠢᠯᠭᠡ᠎ᠶ᠋ᠢ ᠰᠤᠩᠭᠤᠵᠤ ᠠᠴᠤᠭ᠂ ᠭᠡᠳᠡᠰᠦ᠂ ᠱᠢᠯᠪᠢ ᠪᠦᠬᠦᠨ᠎ᠢ ᠨᠢᠷᠤᠭᠤᠨ᠎ᠳᠠᠭᠠᠨ ᠡᠭ᠌ᠴᠡᠯᠡᠭᠦᠯᠵᠦ᠍᠂ ᠦᠰᠦᠭ᠎ᠤᠨ ᠤᠷᠬᠢᠴᠠ᠎ᠶ᠋ᠢ ᠱᠢᠳᠮᠡᠭ ᠠᠷᠤᠭ᠍ᠰᠢ ᠵᠢᠱᠢᠭᠦᠦ ᠲᠤᠷᠤᠭ᠍ᠰᠢ ᠲᠠᠳᠠᠵᠤ ᠶᠠᠪᠤᠭᠤᠯᠤᠭᠠᠳ ᠲᠡᠬᠢᠨ ᠬᠤᠮᠢᠨ ᠪᠤᠴᠠᠭᠠᠭᠠᠳ ᠤᠭ᠍ᠵᠤᠮ ᠲᠡᠭᠦᠰᠭᠡᠭ᠌ᠰᠡᠨ᠎ᠠᠴᠠ ᠮᠠᠰᠢ ᠬᠦᠴᠦᠳᠠᠢ ᠪᠤᠯᠵᠤ ᠴᠢᠳᠠᠵᠠᠢ᠃ ᠬᠤᠯᠤᠰᠤᠨ ᠦᠵᠦᠭ᠎ᠤᠨ ᠲᠡᠭ᠌ᠰᠢ ᠰᠦᠯᠵᠢᠮᠡᠯ ᠪᠢᠴᠢᠯᠭᠡ ᠵᠢᠴᠢ ᠨᠠᠷᠢᠨ ᠦᠷᠭᠡᠨ ᠬᠤᠶᠠᠷ ᠬᠡᠪ᠎ᠤᠨ ᠦᠵᠦᠭ᠎ᠢᠶᠠᠷ ᠲᠡᠭᠡᠰᠦ ᠲᠠᠮᠤᠬᠤ ᠱᠢᠭ᠋ ᠭᠡᠵᠢᠭᠡ ᠭᠦᠷᠦᠬᠦ᠌ ᠠᠳᠠᠯᠢ ᠠᠷᠭ᠎ᠠ᠎ᠪᠠᠷ ᠤᠷᠠᠯᠠᠭ᠍ᠰᠠᠨ ᠪᠠᠢᠨ᠎ᠠ᠃ ᠮᠠᠰᠢ ᠬᠦᠳᠡᠯᠦᠩᠬᠦᠢ ᠮᠦᠷᠳᠡᠭᠡᠨ ᠶᠡᠬᠡᠮᠰᠦᠭ᠂ ᠴᠢᠬᠢᠮᠠᠢ ᠮᠦᠷᠳᠡᠭᠡᠨ ᠴᠢᠯᠦᠭᠡ᠎ᠲᠠᠢ᠂ ᠲᠦᠪ ᠴᠢᠭᠡᠴᠢ ᠮᠦᠷᠳᠡᠭᠡᠨ ᠠᠮᠢᠳᠤᠯᠢᠭ ᠪᠤᠯᠤᠭ᠍ᠰᠠᠨ᠎ᠢᠶᠠᠷ᠎ᠢᠶᠠᠨ ᠬᠠᠷᠠᠭ᠎ᠠ᠎ᠶ᠋ᠢ ᠪᠤᠯᠢᠶᠠᠨ᠂ ᠠᠩᠬᠠᠷᠤᠯ᠎ᠢ ᠲᠡᠳᠡᠨ᠎ᠠ᠃ ᠪᠠᠷᠠᠭᠤᠨ ᠵᠠᠬ᠎ᠠ᠎ᠶ᠋ᠢᠨ ᠴᠤᠬᠤᠯᠠᠪᠤᠷᠢ᠎ᠶ᠋ᠢ ᠴᠤ᠌ ᠡᠮᠤᠨᠡᠬᠢ ᠬᠦᠳᠦᠯᠪᠦᠷᠢ᠎ᠲᠠᠢ᠎ᠪᠠᠨ ᠲᠡᠭᠡᠷ᠎ᠡ ᠲᠠᠯ᠎ᠠ᠎ᠶ᠋ᠢ ᠵᠡᠷᠭᠡᠴᠡᠭᠦᠯᠦᠨ᠂ ᠤᠨ ᠰᠠᠷ᠎ᠠ᠂ ᠬᠡᠨ᠎ᠤ ᠱᠢᠯᠦᠭ᠂ ᠬᠡᠨ ᠰᠠᠢᠷᠠᠭᠦᠯᠦᠭ᠌ᠰᠡᠨ᠎ᠢᠶᠠᠨ ᠬᠦᠢᠴᠡᠳ ᠪᠢᠴᠢᠵᠠᠢ᠃ ᠪᠢᠴᠢᠯᠭᠡ᠎ᠶ᠋ᠢᠨ ᠬᠡᠪ ᠨᠠᠮᠪᠠ᠎ᠨᠢ ᠡᠮᠤᠨᠡᠬᠢ ᠬᠦᠳᠦᠯᠪᠤᠷᠢ᠎ᠲᠠᠢ᠎ᠪᠠᠨ ᠠᠳᠠᠯᠢᠬᠠᠨ ᠤᠷ᠎ᠠ ᠮᠡᠷᠭᠡᠵᠢᠯ᠎ᠢᠶᠠᠷ ᠪᠢᠴᠢᠵᠦ᠍᠂ ᠵᠢᠭᠠᠬᠠᠨ ᠲᠤᠷᠤᠭ᠍ᠰᠢᠯᠠᠭᠤᠯᠵᠤ ᠲᠡᠭᠦᠰᠭᠡᠭ᠌ᠰᠡᠨ᠎ᠨᠢ 《 ᠲᠡᠭ᠌ᠷᠢ ᠦᠨᠳᠦᠷ ᠭᠠᠵᠠᠷ ᠠᠭᠤᠳᠠᠮ》 ᠭᠡᠵᠤ ᠪᠤᠳᠤᠭ᠍ᠳᠠᠭᠤᠯᠤᠨ᠎ᠠ᠃ ᠨᠢᠭᠡ ᠲᠠᠮᠠᠭ᠎ᠠ᠎ᠶ᠋ᠢᠨ ᠵᠠᠢ᠎ᠠᠴᠠ ᠵᠢᠭᠠᠬᠠᠨ ᠢᠪᠴᠤᠤ ᠨᠠᠷ᠎ᠠ᠎ᠶ᠋ᠢᠨ ᠲᠠᠮᠠᠭ᠎ᠠ᠎ᠪᠠᠨ ᠲᠠᠷᠤᠵᠤ ᠤᠯᠠᠭᠠᠨ ᠦᠰᠦᠭ᠌ᠳᠦ ᠲᠠᠮᠠᠭ᠎ᠠ᠎ᠠᠴᠠ᠎ᠪᠠᠨ ᠵᠤᠬᠢᠬᠤ ᠵᠠᠢ᠎ᠳᠤ ᠴᠠᠭᠠᠨ ᠦᠰᠦᠭ᠌ᠳᠦ ᠲᠠᠮᠠᠭ᠎ᠠ᠎ᠪᠠᠨ ᠲᠠᠷᠤᠭ᠍ᠰᠠᠨ ᠪᠠᠢᠨ᠎ᠠ᠃ ᠴᠢᠮᠡᠭ ᠲᠠᠮᠠᠭ᠎ᠠ  《ᠠᠯᠳᠠᠨ ᠲᠤᠯᠭ᠎ᠠ》 ᠤᠷᠤᠨ᠎ᠢ᠎ᠨᠢ ᠤᠯᠵᠤ ᠲᠠᠷᠤᠵᠠᠢ᠃ ᠰᠠᠢᠬᠠᠨ ᠤᠷᠠᠨ ᠪᠦᠳᠦᠭᠡᠯ ᠤᠯᠵᠤ ᠰᠤᠨᠢᠷᠬᠠᠬᠤ᠎ᠳᠤ ᠨᠢᠳᠦ ᠪᠠᠶᠠᠰᠴᠤ᠌ ᠰᠡᠳᠭᠢᠯ ᠦᠨᠡᠭᠡᠷ ᠰᠡᠷᠭᠦᠳᠡᠭ ᠠᠵᠢ ᠃

ᠲᠤᠰ ᠤᠳᠠᠭᠠᠨ᠎ᠤ 《ᠮᠤᠩᠭᠤᠯᠵᠢᠨ ᠭᠤᠸ᠎ᠠ》 ᠰᠡᠳᠦᠪᠲᠦ ᠡᠮᠡᠭ᠌ᠳᠡᠢᠴᠦᠳ᠎ᠤᠨ ᠮᠤᠩᠭᠤᠯ ᠤᠷᠠᠨ ᠪᠢᠴᠢᠯᠭᠡ᠎ᠶ᠋ᠢᠨ ᠰᠦᠯᠵᠢᠶᠠᠨ ᠦᠵᠡᠰᠬᠦᠯᠡᠡᠭ᠎ᠳᠤ ᠰᠤᠩᠭᠤᠭ᠍ᠳᠠᠭ᠍ᠰᠠᠨ ᠪᠦᠳᠦᠭᠡᠯ᠎ᠤᠳ ᠪᠤᠯ ᠲᠠᠷᠤᠢ ᠪᠦᠰᠡᠬᠦᠢ ᠤᠷᠠᠨ ᠪᠢᠴᠢᠯᠭᠡᠳᠡᠳ᠎ᠤᠨ ᠬᠢᠷᠢ ᠬᠡᠮᠵᠢᠶ᠎ᠠ ᠵᠢ ᠬᠠᠷᠠᠭᠤᠯᠤᠬᠰᠡᠨ ᠬᠤᠷᠢᠶᠠᠡᠭᠭᠤᠢ ᠲᠦᠷᠰᠤ ᠭᠡᠵᠦ᠍ ᠬᠡᠯᠡᠵᠦ᠍ ᠪᠤᠯᠤᠨ᠎ᠠ᠃ ᠤᠷᠠᠨ ᠵᠤᠬᠢᠶᠠᠯ᠎ᠳᠤ 《ᠮᠢᠩᠭᠠᠨ ᠤᠩᠱᠢᠭ᠍ᠴᠢ ᠪᠠᠢᠪᠠᠯ ᠮᠢᠩᠭᠠᠨ ᠬᠠᠮᠢᠯᠲ ᠪᠠᠢᠨ᠎ᠠ》 ᠭᠡᠳᠡᠭ᠎ᠲᠠᠢ ᠠᠳᠠᠯᠢᠬᠠᠨ ᠤᠷᠠᠨ ᠪᠢᠴᠢᠯᠭᠡ᠎ᠶ᠋ᠢᠨ ᠪᠦᠳᠦᠭᠡᠯ᠎ᠢ ᠰᠤᠨᠢᠷᠬᠠᠬᠴᠢᠳ ᠴᠤ᠌ ᠲᠡᠢᠮᠦ᠍ ᠪᠠᠢᠳᠠᠭ᠃ ᠲᠤᠰ ᠤᠳᠠᠭᠠᠨ᠎ᠤ ᠦᠵᠡᠰᠬᠦᠯᠡᠡᠭ᠎ᠤᠨ ᠪᠠᠰᠠ ᠨᠢᠭᠡ ᠬᠢᠯᠡᠰ ᠴᠡᠭ ᠪᠤᠯ ᠠᠷᠪᠠ ᠶᠢᠰᠦᠨ ᠬᠤᠪᠢ ᠤᠬᠤᠷ ᠹᠢᠯᠢᠮ ᠦᠢᠯᠡᠳᠴᠤ᠌ ᠦᠵᠡᠰᠬᠦᠯᠡᠡᠭ᠎ᠤᠨ ᠠᠬᠤᠢ ᠲᠠᠯᠠᠪᠠᠢ᠎ᠳᠤ ᠲᠡᠯᠭᠡᠨ ᠦᠵᠡᠬᠦᠯᠦᠭᠰᠡᠨ ᠨᠢ ᠮᠤᠩᠭᠤᠯᠵᠢᠨ ᠭᠤᠸ᠎ᠠ ᠪᠦᠰᠡᠭᠦᠢ ᠤᠷᠠᠨ ᠪᠢᠴᠢᠯᠭᠡᠴᠢᠨ᠎ᠤ ᠬᠤᠪᠢ ᠬᠦᠮᠦᠨ᠎ᠤ ᠬᠢᠨᠢ ᠦᠩᠭᠡ ᠲᠦᠷᠬᠦ᠂ ᠲᠠᠭᠤᠨ ᠬᠤᠭᠤᠯᠠᠢ᠂ ᠤᠩᠱᠢᠵᠦ᠍ ᠤᠶᠠᠩᠭᠠᠯᠠᠬᠤ᠎ᠲᠠᠢ᠎ᠪᠠᠨ ᠬᠠᠮᠳᠤᠷᠠᠭᠠᠳ ᠦᠢᠷ᠎ᠡ ᠲᠤᠳᠤᠨᠤ ᠬᠠᠯᠠᠭᠤᠬᠠᠨ ᠬᠠᠢᠷᠠᠯᠠᠯᠳᠠᠢ ᠰᠠᠨᠠᠭ᠍ᠳᠠᠵᠤ᠂ ᠤᠳᠤᠬᠢ ᠴᠠᠭ ᠎ᠤᠨ ᠦᠡᠭᠭᠡ ᠪᠤᠳᠤᠭ ᠠᠭᠤᠰᠴᠤ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号