《ᠭᠠᠳᠠᠷ ᠬᠠᠯᠢᠰᠤ ᠨᠢ ᠰᠢᠷᠭᠠᠯ ᠬᠡᠦᠷᠡᠭ᠂ ᠬᠠᠪᠴᠢᠭᠤᠯᠤᠭᠰᠠᠨ ᠮᠢᠬ᠎ᠠ ᠨᠢ ᠤᠳᠤᠮᠠᠯ ᠭᠤᠶᠤ ᠠᠮᠳᠠᠳᠠᠢ ᠁》 ᠲᠦᠷᠦᠬᠦᠬᠡᠨ᠂ ᠨᠠᠷᠠᠳᠤ ᠰᠦᠯᠵᠢᠶᠡᠨ ᠤᠳᠤᠳ ᠤᠯᠠᠭᠠᠨᠬᠠᠳᠠ ᠳ᠋ᠤ ᠢᠷᠡᠵᠦ ᠦᠪᠡᠷᠳᠡᠬᠡᠨ ᠵᠠᠰᠠᠬᠤ ᠣᠷᠣᠨ᠎ᠤ ᠲᠡᠰ᠎ᠤᠨ ᠪᠣᠳᠠᠰ᠎ᠤᠨ ᠪᠤᠰᠤ ᠰᠤᠶᠤᠯ᠎ᠤᠨ ᠦᠪ᠎ᠤᠨ ᠠᠮᠲᠠᠲᠤ ᠢᠳᠡᠭᠡᠨ 《ᠬᠠᠪᠴᠢᠮᠠᠯ ᠪᠤᠤᠪᠤ》 ᠵᠢᠠᠮᠲᠠᠯᠠᠭᠠᠳ ᠡᠷᠡᠬᠡᠢ ᠭᠠᠷᠭᠠᠨ ᠱᠠᠭᠰᠢᠵᠠᠭᠠᠵᠤ ᠪᠠᠢᠯ᠎ᠠ᠃ ᠤᠯᠠᠭᠠᠨᠬᠠᠳᠠ᠎ᠶ᠋ᠢᠨ ᠣᠨᠴᠠᠭᠠᠢ ᠭᠠᠵᠠᠷ ᠵᠦᠢ᠎ᠶ᠋ᠢᠨ ᠣᠷᠴᠢᠨ ᠲᠣᠭᠤᠷᠢᠨ ᠪᠠ ᠭᠦᠨ ᠵᠤᠵᠠᠭᠠᠨ ᠲᠡᠦᠬᠡ ᠰᠣᠶᠣᠯ ᠨᠢ ᠪᠣᠳᠠᠰ᠎ᠤᠨ ᠪᠤᠰᠤ ᠰᠣᠶᠣᠯ᠎ᠤᠨ ᠥᠪ᠎ᠢ ᠪᠤᠢ ᠪᠤᠯᠭᠠᠵᠤ᠂ ᠨᠠᠷᠠᠳᠤ ᠠᠮᠳᠠᠳᠤ ᠢᠳᠡᠬᠡᠨ 《ᠬᠠᠪᠴᠢᠮᠠᠯ ᠪᠤᠤᠪᠤ》 ᠨᠢ ᠵᠦᠪᠬᠡᠨ ᠲᠡᠬᠦᠨ ᠤ᠋ ᠳᠤᠳᠤᠷᠠᠬᠢ ᠨᠢᠬᠡ ᠨᠢ ᠪᠢᠯᠡ᠃ ᠠᠷᠠᠳ᠎ᠤᠨ ᠠᠮᠠᠨ ᠵᠣᠬᠢᠶᠠᠯ ᠡᠴᠡ ᠤᠯᠠᠮᠵᠢᠯᠠᠯᠲᠤ ᠳᠠᠭᠤᠤ ᠬᠥᠭ᠌ᠵᠢᠮ᠂ ᠤᠯᠠᠮᠵᠢᠯᠠᠯᠳᠤ ᠪᠥᠵᠢᠭ᠂ ᠤᠷᠠᠨ ᠵᠢᠷᠤᠭ ᠬᠦᠷᠳᠡᠯ᠎ᠠ ᠠᠷᠪᠠᠨ ᠶᠡᠭᠡ ᠲᠦᠷᠦᠯ ᠤ᠋ᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠦᠷᠦᠯ ᠵᠦᠢᠯ᠎ᠨᠢ ᠬᠠᠮᠠᠭᠠᠯᠠᠯᠲᠠ ᠪᠠ ᠤᠯᠠᠮᠵᠢᠯᠠᠯ᠎ᠤᠨ ᠳᠤᠮᠳᠠ ᠳᠤᠰ ᠳᠤᠰ ᠤ᠋ᠨ ᠬᠡᠷᠡᠯ ᠬᠢᠯᠪᠠᠭ᠎ᠠ ᠪᠠᠨ ᠰᠠᠴᠤᠷᠠᠭᠤᠯᠤᠨ᠎ᠠ᠃
ᠤᠯᠠᠭᠠᠨᠬᠠᠳᠠ᠎ᠶ᠋ᠢᠨ ᠪᠣᠳᠠᠰ᠎ᠤᠨ ᠪᠤᠰᠤ ᠰᠣᠶᠣᠯ᠎ᠤᠨ ᠥᠪ ᠪᠣᠯ ᠪᠦᠬᠦ᠌ ᠬᠤᠲᠠ᠎ᠶ᠋ᠢᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠡᠭᠦᠳᠦᠨ ᠪᠦᠲᠦᠭᠡᠭ᠌ᠰᠡᠨ ᠡᠷᠬᠢᠮ ᠨᠠᠨᠳᠢᠨ ᠡᠳ᠋ ᠪᠠᠶᠠᠯᠢᠭ᠂ ᠪᠠᠰᠠ ᠴᠤ᠌ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠴᠢᠬᠤᠯᠠ ᠪᠦᠷᠢᠯᠳᠦᠬᠦᠨ ᠬᠡᠰᠡᠭ ᠮᠥᠨ᠃ ᠬᠤᠲᠠ᠎ᠶ᠋ᠢᠨ ᠨᠠᠮ᠎ᠤᠨ ᠬᠤᠷᠢᠶ᠎ᠠ᠂ ᠵᠠᠰᠠᠭ᠎ᠤᠨ ᠣᠷᠳᠣᠨ ᠪᠣᠳᠠᠰ᠎ᠤᠨ ᠪᠤᠰᠤ ᠰᠣᠶᠣᠯ᠎ᠤᠨ ᠥᠪ ᠢ᠋ ᠱᠢᠰᠲ᠋ᠧᠮ ᠲᠠᠢ ᠬᠠᠮᠠᠭᠠᠯᠠᠬᠤ᠎ᠶ᠋ᠢ ᠲᠦᠢᠯ᠎ᠢᠶᠠᠷ ᠴᠢᠬᠤᠯᠠᠴᠢᠯᠠᠵᠤ᠂ ᠣᠲᠣ ᠨᠢᠭᠡᠨᠲᠡ ᠳᠥᠷᠪᠡᠨ ᠳᠡᠰ᠎ᠤᠨ ᠨᠡᠷᠡᠰ᠎ᠤᠨ ᠵᠢᠭ᠍ᠰᠠᠭᠠᠯᠲᠠ᠎ᠶ᠋ᠢᠨ ᠱᠢᠰᠲ᠋ᠧᠮ᠎ᠢ ᠪᠠᠢᠭᠤᠯᠤᠨ ᠲᠡᠭᠦᠯᠳᠡᠷᠵᠢᠭᠦᠯᠪᠡ᠃ ᠡᠬᠦᠨ ᠳ᠋ᠤ᠂ ᠣᠯᠠᠨ ᠤᠯᠤᠰ᠎ᠤᠨ ᠬᠤᠯᠪᠣᠭᠠᠲᠤ ᠪᠠᠢᠭᠤᠯᠭ᠎ᠠ᠎ᠶ᠋ᠢᠨ ᠰᠤᠷᠭᠠᠨ ᠬᠥᠮᠦᠵᠢᠯ ᠱᠢᠨᠵᠢᠯᠡᠬᠦ᠌ ᠤᠬᠠᠭᠠᠨ ᠰᠣᠶᠣᠯ᠎ᠤᠨ ᠵᠣᠬᠢᠶᠠᠨ ᠪᠠᠢᠭᠤᠯᠤᠯᠲᠠ᠎ᠶ᠋ᠢᠨ ᠬᠥᠮᠦᠨ ᠲᠥᠷᠥᠯᠬᠢᠲᠡᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠭ᠌ᠴᠢ ᠪᠦᠲᠦᠭᠡᠯ 1᠂ ᠤᠯᠤᠰ᠎ᠤᠨ ᠲᠠᠰ᠎ᠤᠨ 6 ᠲᠦᠷᠦᠯ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ 89 ᠲᠦᠷᠦᠯ᠂ ᠬᠤᠲᠠ᠎ᠶ᠋ᠢᠨ ᠲᠠᠰ᠎ᠤᠨ 233 ᠲᠦᠷᠦᠯ ᠵᠢᠴᠢ ᠬᠤᠱᠢᠭᠤ ᠱᠢᠶᠠᠨ ᠲᠣᠭᠤᠷᠢᠭ᠎ᠤᠨ ᠲᠠᠰ᠎ᠤᠨ 947 ᠲᠦᠷᠦᠯ᠎ᠢ ᠬᠠᠮᠤᠷᠴᠠᠶ᠃ ᠦᠪᠯᠡᠨ ᠤᠯᠠᠮᠵᠢᠯᠠᠬᠤ ᠡᠩᠨᠡᠭᠡ᠎ᠶ᠋ᠢᠨ ᠪᠦᠲᠦᠴᠡ᠎ᠨᠢ ᠵᠦᠶ ᠵᠣᠬᠢᠰᠲᠠᠶ ᠪᠠᠢᠵᠤ᠂ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠭ᠌ᠴᠢ ᠴᠢᠨᠠᠷᠲᠠᠶ 6 ᠤᠯᠠᠮᠵᠢᠯᠠᠭ᠍ᠴᠢ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ 88 ᠤᠯᠠᠮᠵᠢᠯᠠᠭ᠍ᠴᠢ᠂ ᠬᠤᠲᠠ᠎ᠶ᠋ᠢᠨ ᠲᠠᠰ᠎ᠤᠨ 311 ᠤᠯᠠᠮᠵᠢᠯᠠᠭ᠍ᠴᠢ᠂ ᠬᠤᠱᠢᠭᠤ ᠱᠢᠶᠠᠨ ᠲᠣᠭᠤᠷᠢᠭ᠎ᠤᠨ ᠲᠠᠰ᠎ᠤᠨ 1308 ᠤᠯᠠᠮᠵᠢᠯᠠᠭ᠍ᠴᠢ᠎ᠲᠠᠢ᠃ ᠡᠭᠦᠨᠤᠬᠠᠮᠲᠤ᠌᠂ ᠪᠣᠳᠠᠰ᠎ᠤᠨ ᠪᠤᠰᠤ ᠰᠣᠶᠣᠯ᠎ᠤᠨ ᠥᠪ᠎ᠢ ᠳᠡᠯᠭᠡᠨ ᠦᠵᠡᠭᠦᠯᠬᠦ᠌ ᠣᠷᠣᠨ ᠳᠤᠭᠤᠷᠢᠭ 23᠂ ᠬᠤᠲᠠ᠎ᠶ᠋ᠢᠨ ᠲᠡᠰ᠎ᠠᠴᠠ ᠳᠡᠭᠡᠭ᠌ᠰᠢᠬᠢ ᠪᠣᠳᠠᠰ᠎ᠤᠨ ᠪᠤᠰᠤ ᠰᠣᠶᠣᠯ᠎ᠤᠨ ᠥᠪ᠎ᠤᠨ ᠣᠨᠴᠠᠯᠢᠭ᠍ᠲᠤ ᠲᠣᠰᠭᠤᠨ ᠪᠠᠯᠭᠠᠰᠤ 13᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠦᠢᠯᠡᠳᠭᠡᠯ᠎ᠤᠨ ᠭᠠᠵᠠᠷ 30 ᠵᠢᠴᠢ ᠥᠪᠡᠷᠲᠡᠭᠡᠨ ᠵᠠᠰᠠᠬᠤ ᠣᠷᠣᠨ᠎ᠤ ᠲᠡᠰ᠎ᠤᠨ 6 ᠦᠢᠯᠡᠳᠪᠦᠷᠢᠯᠡᠯ᠎ᠤᠨ ᠴᠢᠨᠠᠷᠲᠠᠢ ᠬᠠᠮᠠᠭᠠᠯᠠᠯᠲᠠ᠎ᠶ᠋ᠢᠨ ᠵᠢᠱ᠌ᠢᠶ᠎ᠡ ᠦᠵᠡᠭᠦᠯᠬᠦ᠌ ᠰᠠᠭᠤᠷᠢᠨ᠎ᠢ ᠪᠠᠢᠭᠤᠯᠪᠠ᠃
ᠤᠯᠠᠭᠠᠨᠬᠠᠳᠠ᠎ᠶ᠋ᠢᠨ ᠠᠷᠪᠠᠨ ᠶᠡᠭᠡ ᠲᠦᠷᠦᠯ ᠤ᠋ᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠦᠷᠦᠯ ᠵᠦᠢᠯ᠎ᠨᠢ ᠲᠤᠰ ᠲᠤᠰ᠎ᠤᠨ ᠭᠤᠸ᠎ᠠ ᠰᠠᠢᠬᠠᠨ ᠵᠢᠡᠨ ᠭᠠᠢᠬᠠᠭᠤᠯᠵᠤ᠂ ᠥᠪᠡᠷᠮᠢᠴᠡ ᠣᠨᠴᠠᠯᠢᠭ᠎ᠲᠠᠢ ᠣᠷᠣᠨ ᠨᠤᠲᠤᠭ᠎ᠤᠨ ᠰᠣᠶᠣᠯ᠎ᠤᠨ ᠣᠨᠴᠠᠯᠢᠭ᠎ᠲᠠᠢ ᠶᠤᠮ᠃ ᠠᠷᠠᠳ᠎ᠤᠨ ᠠᠮᠠᠨ ᠵᠣᠬᠢᠶᠠᠯ᠎ᠤᠨ ᠲᠥᠷᠥᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠨᠢ ᠦᠶ᠎ᠡ ᠤᠯᠠᠷᠢᠨ ᠤᠯᠠᠮᠵᠢᠯᠠᠭ᠍ᠳᠠᠵᠤ᠂ ᠡᠯ᠎ᠡ ᠦᠨᠳᠦᠰᠦᠲᠡᠨ᠂ ᠭᠠᠵᠠᠷ ᠨᠤᠲᠤᠭ᠎ᠤᠨ ᠤᠯᠠᠮᠵᠢᠯᠠᠯᠲᠤ ᠰᠣᠶᠣᠯ᠎ᠤᠨ ᠣᠬᠢ ᠰᠣᠳᠣ ᠪᠣᠯᠤᠨ ᠦᠭᠡ ᠬᠡᠯᠡ ᠤᠳᠭ᠎ᠠ ᠤᠷᠠᠯᠢᠭ᠎ᠢ ᠲᠡᠮᠳᠡᠭ᠌ᠯᠡᠵᠦ᠍᠂ ᠲᠡᠦᠬᠡ ᠰᠣᠶᠣᠯ᠎ᠤᠨ ᠮᠡᠳᠡᠭᠡ ᠵᠡᠡᠭᠬᠢ ᠵᠢ ᠠᠭᠤᠯᠵᠤ ᠪᠠᠢᠳᠠᠭ᠃ ᠡᠭᠦᠨ᠎ᠤ ᠳᠣᠲᠣᠷ᠎ᠠ ᠪᠠᠭᠠᠷᠢᠨ ᠪᠠᠷᠠᠭᠤᠨ ᠬᠤᠱᠢᠭᠤᠨ᠎ᠳᠤ ᠤᠯᠠᠮᠵᠢᠯᠠᠭ᠍ᠳᠠᠭ᠍ᠰᠠᠨ《ᠭᠡᠰᠡᠷ》᠎ᠤ᠋ᠨ ᠪᠠᠭᠠᠳᠤᠷᠯᠢᠭ ᠲᠤᠤᠯᠢ᠎ᠨᠢ ᠣᠯᠠᠨ ᠤᠯᠤᠰ᠎ᠤᠨ ᠬᠤᠯᠪᠣᠭᠠᠲᠤ ᠪᠠᠢᠭᠤᠯᠭ᠎ᠠ᠎ᠶ᠋ᠢᠨ ᠰᠤᠷᠭᠠᠨ ᠬᠥᠮᠦᠵᠢᠯ ᠱᠢᠨᠵᠢᠯᠡᠬᠦ᠌ ᠤᠬᠠᠭᠠᠨ ᠰᠣᠶᠣᠯ᠎ᠤᠨ ᠵᠣᠬᠢᠶᠠᠨ ᠪᠠᠢᠭᠤᠯᠤᠯᠲᠠ᠎ᠶ᠋ᠢᠨ ᠬᠥᠮᠦᠨ ᠲᠥᠷᠥᠯᠬᠢᠲᠡᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠭ᠌ᠴᠢ ᠪᠦᠲᠦᠭᠡᠯ᠎ᠤᠨ ᠨᠡᠷᠡᠰ᠎ᠲᠤ ᠵᠢᠭ᠍ᠰᠠᠭᠠᠭ᠍ᠳᠠᠵᠠᠢ᠃
ᠤᠯᠠᠮᠵᠢᠯᠠᠯᠲᠤ ᠳᠠᠭᠤᠤ ᠬᠥᠭ᠌ᠵᠢᠮ᠎ᠤᠨ ᠲᠥᠷᠥᠯ᠎ᠤᠨ ᠪᠣᠳᠠᠰ᠎ᠤᠨ ᠪᠤᠰᠤ ᠰᠣᠶᠣᠯ᠎ᠤᠨ ᠥᠪ ᠥᠩᠭᠡ ᠢᠯᠭᠠᠷᠠᠵᠤ᠂ ᠬᠡᠪ ᠨᠠᠮᠪᠠ᠎ᠨᠢ ᠤᠯᠠᠨ ᠡᠴᠡ ᠤᠨᠴᠠᠯᠠᠭᠳᠠᠨ᠎ᠠ᠃ ᠤᠯᠠᠭᠠᠨᠬᠠᠳᠠ᠎ᠶ᠋ᠢᠨ ᠢᠷᠠᠭᠤ ᠬᠥᠭ᠌ᠵᠢᠮ᠎ᠤᠨ ᠲᠥᠪ ᠶᠡᠬᠡᠮᠰᠦᠭ᠂ ᠵᠤᠤ ᠤᠳᠠ᠎ᠶ᠋ᠢᠨ ᠤᠷᠲᠤ ᠪᠤᠭᠤᠨᠢ ᠠᠷᠠᠳ᠎ᠤᠨ ᠳᠠᠭᠤᠤ᠎ᠨᠢ ᠪᠦᠷ ᠣᠯᠠᠨ ᠶᠠᠩᠵᠤᠴᠢᠯᠠᠭᠰᠠᠨ ᠳᠠᠭᠤᠤ ᠬᠥᠭ᠌ᠵᠢᠮ᠎ᠤᠨ ᠳᠦᠷᠰᠦ ᠪᠠᠢᠳᠠᠯ᠎ᠢ ᠢᠯᠡᠷᠡᠭᠦᠯᠦᠭᠰᠡᠨ ᠪᠠᠢᠳᠠᠭ᠃ ᠠᠷᠤ ᠬᠤᠷᠴᠢᠨ ᠬᠤᠱᠢᠭᠤᠨ᠎ᠳᠤ ᠤᠯᠠᠮᠵᠢᠯᠠᠭ᠍ᠳᠠᠭ᠍ᠰᠠᠨ ᠮᠣᠩᠭᠤᠯ ᠬᠠᠭᠠᠨ ᠣᠷᠳᠣᠨ᠎ᠤ ᠳᠠᠭᠤᠤ ᠬᠥᠭ᠌ᠵᠢᠮ᠎ᠨᠢ ᠨᠢᠭᠡᠨᠲᠡ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ ᠵᠦᠢᠯ᠎ᠤᠨ ᠨᠡᠷᠡᠰ᠎ᠲᠤ ᠵᠢᠭ᠍ᠰᠠᠭᠠᠭ᠍ᠳᠠᠪᠠ᠃
ᠣᠩᠨᠢᠭᠤᠳ ᠮᠣᠩᠭᠤᠯ ᠦᠨᠳᠦᠰᠦᠲᠡᠨ᠎ᠤ ᠶᠠᠩᠭᠠᠷ ᠵᠡᠷᠭᠡ ᠤᠯᠠᠮᠵᠢᠯᠠᠯᠲᠤ ᠪᠥᠵᠢᠭ᠎ᠤᠨ ᠲᠥᠷᠥᠯ᠎ᠤᠨ ᠪᠣᠳᠠᠰ᠎ᠤᠨ ᠪᠤᠰᠤ ᠰᠣᠶᠣᠯ᠎ᠤᠨ ᠥᠪ ᠪᠣᠯ ᠤᠯᠠᠭᠠᠨᠬᠠᠳᠠ᠎ᠶ᠋ᠢᠨ ᠣᠷᠣᠨ ᠨᠤᠲᠤᠭ᠎ᠤᠨ ᠰᠣᠶᠣᠯ᠎ᠤᠨ ᠤᠯᠠᠮᠵᠢᠯᠠᠯ᠂ ᠠᠮᠢᠳᠤᠷᠠᠯ᠎ᠤᠨ ᠵᠠᠩ ᠳᠠᠳᠭᠠᠯ᠂ ᠠᠷᠠᠳ ᠲᠦᠮᠡᠨ᠎ᠤ ᠣᠶᠤᠨ ᠰᠠᠨᠠᠭᠠᠨ᠎ᠤ ᠳᠦᠷᠰᠦ ᠪᠠᠢᠳᠠᠯ᠎ᠤᠨ ᠴᠢᠬᠤᠯᠠ ᠢᠯᠡᠷᠡᠯ ᠪᠠ ᠣᠬᠢ ᠲᠠᠯᠠᠰᠳᠤ ᠪᠣᠯᠤᠨ᠎ᠠ᠃
ᠤᠯᠠᠮᠵᠢᠯᠠᠯᠲᠤ ᠰᠢ ᠵᠦᠴᠦᠭᠡ᠎ᠶ᠋ᠢᠨ ᠤᠷᠠᠯᠢᠭ᠎ᠤᠨ ᠰᠠᠭᠤᠷᠢ ᠭᠦᠨ ᠪᠠᠢᠵᠤ᠂ ᠪᠠᠭᠠᠷᠢᠨ ᠵᠡᠭᠦᠨ ᠬᠤᠱᠢᠭᠤᠨ᠎ᠳᠤ ᠤᠯᠠᠮᠵᠢᠯᠠᠭ᠍ᠳᠠᠭ᠍ᠰᠠᠨ ᠰᠡᠭᠦᠳᠡᠷ ᠰᠢᠨ᠎ᠢ ᠬᠠᠪᠲᠠᠭᠠᠶ᠎ᠶ᠋ᠢᠨ ᠰᠡᠢᠯᠦᠮᠡᠯ᠂ ᠪᠤᠳᠤᠭ᠍ᠲᠤ ᠵᠢᠷᠤᠭ᠂ ᠤᠳᠭ᠎ᠠ ᠵᠣᠬᠢᠶᠠᠯ᠂ ᠲᠠᠢᠰᠠᠨ᠎ᠤ ᠤᠷᠠᠨ ᠵᠢᠷᠤᠭ᠂ ᠳᠠᠭᠤᠤ ᠬᠥᠭ᠌ᠵᠢᠮ᠎ᠢ ᠲᠥᠪᠯᠡᠷᠡᠭᠦᠯᠵᠦ᠂ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ ᠵᠦᠢᠯ᠎ᠤᠨ ᠨᠡᠷᠡᠰ᠎ᠲᠤ ᠵᠢᠭ᠍ᠰᠠᠭᠠᠭ᠍ᠳᠠᠵᠠᠢ᠃
ᠳᠠᠭᠤᠷᠢᠯᠢᠭ᠎ᠤᠨ ᠲᠥᠷᠥᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠨᠢ ᠭᠤᠣᠯᠳᠠᠭᠤ ᠠᠷᠤ ᠬᠤᠷᠴᠢᠨ ᠬᠤᠱᠢᠭᠤ᠂ ᠪᠠᠭᠠᠷᠢᠨ ᠪᠠᠷᠠᠭᠤᠨ ᠬᠤᠱᠢᠭᠤ ᠵᠢᠴᠢ ᠯᠢᠨᠰᠢ ᠱᠢᠶᠠᠨ᠎ᠳᠤ ᠤᠯᠠᠮᠵᠢᠯᠠᠭ᠍ᠳᠠᠨ ᠲᠡᠯᠬᠡᠷᠡᠵᠤ ᠪᠠᠢᠳᠠᠭ᠃ ᠠᠷᠤ ᠬᠤᠷᠴᠢᠨ ᠬᠤᠱᠢᠭᠤᠨ᠎ᠤ ᠬᠤᠭᠤᠷ᠎ᠤᠨ ᠦᠯᠢᠭᠡᠷ᠂ ᠪᠠᠭᠠᠷᠢᠨ ᠪᠠᠷᠠᠭᠤᠨ ᠬᠤᠱᠢᠭᠤᠨ᠎ᠤ ᠲᠠᠭᠠᠷᠢᠯᠴᠠᠭ᠎ᠠ᠂ ᠯᠢᠨᠰᠢᠰᠢᠶᠠᠨᠤ ᠶᠠᠪᠠᠭᠠᠨ ᠦᠯᠢᠭᠡᠷ ᠵᠡᠷᠭᠡ ᠳᠠᠭᠤᠷᠢᠯᠢᠭ᠎ᠤᠨ ᠬᠡᠯᠪᠡᠷᠢ᠎ᠨᠢ ᠭᠤᠤᠯ ᠰᠡᠳᠦᠪ ᠪᠠᠶᠠᠯᠢᠭ᠂ ᠠᠢᠵᠠᠮ ᠴᠤᠬᠢᠯᠭ᠎ᠠ ᠲᠦᠷᠭᠡᠨ ᠪᠠᠢᠵᠤ᠂ ᠣᠯᠠᠨ ᠶᠠᠩᠵᠤ᠎ᠶ᠋ᠢᠨ ᠤᠷᠠᠯᠢᠭ᠎ᠤᠨ ᠢᠯᠡᠷᠡᠯ᠎ᠢᠶᠠᠷ᠎ᠢᠶᠠᠨ ᠣᠯᠠᠨ ᠲᠦᠮᠡᠨ᠎ᠤ ᠰᠣᠶᠣᠯ᠎ᠤᠨ ᠠᠮᠢᠳᠤᠷᠠᠯ᠎ᠢ ᠲᠡᠭᠦᠯᠳᠡᠷᠵᠢᠭᠦᠯᠵᠦ ᠪᠠᠢᠨ᠎ᠠ᠃
ᠤᠯᠠᠮᠵᠢᠯᠠᠯᠲᠤ ᠪᠡᠶ᠎ᠡ᠎ᠶ᠋ᠢᠨ ᠲᠠᠮᠢᠷ᠂ ᠲᠣᠭ᠍ᠯᠠᠭᠠᠮ ᠪᠠ ᠼᠢᠷᠺ᠎ᠤᠨ ᠲᠥᠷᠥᠯ᠎ᠤᠨ ᠪᠣᠳᠠᠰ᠎ᠤᠨ ᠪᠤᠰᠤ ᠰᠣᠶᠣᠯ᠎ᠤᠨ ᠥᠪ ᠡᠯᠪᠡᠭ ᠪᠠᠶᠠᠯᠢᠭ ᠪᠠᠢᠵᠤ᠂ ᠥᠷᠢᠰᠥᠯᠳᠦᠬᠦ ᠴᠢᠨᠠᠷ ᠪᠠ ᠵᠤᠭ᠎ᠠ ᠴᠡᠩᠭᠡᠯ᠎ᠤᠨ ᠴᠢᠨᠠᠷᠲᠠᠢ ᠪᠠᠢᠳᠠᠭ᠃ ᠰᠠᠷᠠᠨ ᠫᠠᠢ ᠬᠠᠷᠪᠤᠬᠤ᠂ ᠠᠷᠤ ᠬᠤᠷᠴᠢᠨ᠎ᠤ ᠪᠦᠬᠡ᠂ ᠪᠠᠭᠠᠷᠢᠨ᠎ᠤ ᠨᠠᠮᠨᠠᠭ᠎ᠠ ᠵᠡᠷᠭᠡ᠎ᠨᠢ ᠤᠯᠠᠮᠵᠢᠯᠠᠯᠲᠤ ᠰᠣᠶᠣᠯ᠎ᠤᠨ ᠣᠨᠴᠠᠯᠢᠭ᠎ᠢ ᠬᠠᠷᠠᠭᠤᠯᠵᠤ᠂ ᠫᠠᠷᠵᠠᠢ᠂ ᠮᠥᠰᠥᠨ ᠳᠡᠭᠡᠷᠡᠬᠢ ᠠᠷᠭᠠᠢ ᠵᠡᠷᠭᠡ ᠲᠥᠷᠥᠯ ᠵᠦᠢᠯ᠎ᠨᠢ ᠠᠷᠠᠳ ᠣᠯᠠᠨ᠎ᠤ ᠣᠶᠤᠨ ᠤᠬᠠᠭᠠᠨ ᠪᠡᠶ᠎ᠡ ᠮᠠᠬᠠᠪᠣᠳ᠎ᠤᠨ ᠡᠷᠡᠭᠦᠯ ᠬᠥᠭ᠌ᠵᠢᠯᠲᠡ᠎ᠶ᠋ᠢ ᠠᠬᠢᠭᠤᠯᠵᠤ ᠪᠠᠢᠳᠠᠭ᠃
ᠤᠯᠠᠮᠵᠢᠯᠠᠯᠲᠤ ᠤᠷᠠᠨ ᠵᠢᠷᠤᠭ᠎ᠤᠨ ᠲᠥᠷᠥᠯ᠎ᠤᠨ ᠪᠣᠳᠠᠰ᠎ᠤᠨ ᠪᠤᠰᠤ ᠰᠣᠶᠣᠯ᠎ᠤᠨ ᠥᠪ ᠲᠠᠰᠤᠷᠠᠯᠲᠠ ᠥᠬᠡᠶ ᠬᠦᠭᠵᠢᠵᠦ᠂ ᠲᠡᠦᠬᠡ᠎ᠶ᠋ᠢᠨ ᠬᠤᠪᠢᠷᠠᠯᠲᠠ ᠬᠢᠭᠡᠳ ᠭᠠᠵᠠᠷ ᠣᠷᠣᠨ᠎ᠤ ᠰᠣᠶᠣᠯ᠎ᠤᠨ ᠣᠯᠠᠨ ᠡᠱᠢᠲᠦ ᠳᠦᠷᠰᠦ ᠪᠠᠢᠳᠠᠯ᠎ᠢ ᠠᠮᠢᠳᠤᠯᠢᠭ᠎ᠢᠶᠠᠷ ᠲᠡᠮᠳᠡᠭ᠌ᠯᠡᠵᠦ᠍ ᠪᠠᠢᠳᠠᠭ᠃ ᠤᠷᠠᠨ ᠭᠤᠢᠳᠠ ᠬᠠᠰ ᠰᠡᠢᠯᠦᠮᠡᠯ᠂ ᠠᠮᠢᠳᠤᠯᠢᠭ ᠰᠠᠢᠬᠠᠨ ᠴᠠᠭᠠᠰᠤᠨ ᠬᠠᠢᠴᠢᠯᠠᠮᠠᠯ ᠵᠡᠷᠭᠡ᠎ᠨᠢ ᠴᠥᠮ ᠤᠷᠠᠨ ᠨᠠᠷᠢᠯᠢᠭ ᠪᠠ ᠥᠪᠡᠷᠮᠢᠴᠡ ᠭᠤᠸ᠎ᠠ ᠵᠦᠶᠪᠠᠷᠢᠶᠠᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠭᠠᠷᠮᠠᠭᠠᠶ ᠪᠦᠲᠦᠭᠡᠯᠴᠢ ᠬᠦᠴᠦᠨ ᠪᠠ ᠭᠤᠸ᠎ᠠ ᠲᠠᠭᠠᠱᠢᠶᠠᠯ᠎ᠤᠨ ᠬᠥᠭᠡᠭᠡᠴᠡᠯᠳᠦᠯ᠎ᠢ ᠢᠯᠡᠷᠡᠭᠦᠯᠵᠠᠢ᠃ 2021 ᠣᠨ᠎ᠳᠤ᠂ ᠪᠠᠭᠠᠷᠢᠨ ᠲᠠᠨᠢᠬᠢᠷ᠎ᠤᠨ ᠰᠡᠢᠯᠦᠮᠡᠯ ᠨᠢ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ ᠵᠦᠢᠯ᠎ᠤᠨ ᠨᠡᠷᠡᠰ᠎ᠲᠤ ᠵᠢᠭ᠍ᠰᠠᠭᠠᠭ᠍ᠳᠠᠪᠠ᠃
ᠮᠣᠩᠭᠤᠯ ᠭᠡᠷ ᠵᠤᠬᠢᠶᠠᠬᠤ᠂ ᠡᠮᠡᠭᠡᠯ ᠤᠷᠠᠯᠠᠬᠤ ᠵᠡᠷᠭᠡ ᠤᠷ᠎ᠠ ᠮᠡᠷᠭᠡᠵᠢᠯ᠎ᠨᠢ ᠴᠥᠮ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠭᠴᠢᠳ ᠤ᠋ᠨ ᠤᠷᠠᠨ ᠳᠠᠷᠬᠠᠨ᠎ᠤ ᠵᠣᠷᠢᠭ ᠰᠠᠨᠠᠭ᠎ᠠ᠎ᠶ᠋ᠢ ᠬᠠᠷᠠᠭᠤᠯᠵᠦ᠂ 2008 ᠣᠨ᠎ᠳᠤ᠂ ᠠᠷᠤ ᠬᠤᠷᠴᠢᠨ ᠬᠤᠱᠢᠭᠤᠨ᠎ᠤ ᠮᠣᠩᠭᠤᠯ ᠬᠠᠰᠠᠭ ᠲᠡᠷᠭᠡ ᠦᠢᠯᠡᠳᠬᠦ᠌ ᠤᠷ᠎ᠠ ᠮᠡᠷᠭᠡᠵᠢᠯ ᠨᠢ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ ᠵᠦᠢᠯ᠎ᠤᠨ ᠨᠡᠷᠡᠰ᠎ᠲᠤ ᠵᠢᠭᠰᠠᠭᠠᠭᠳᠠᠵᠠᠢ᠃ ᠬᠢᠲᠠᠳ ᠮᠣᠩᠭᠤᠯ ᠡᠮᠨᠡᠯᠭᠡ᠎ᠶ᠋ᠢᠨ ᠵᠠᠰᠠᠯ᠂ ᠴᠧᠨ ᠣᠪᠣᠭ᠍ᠲᠤ᠎ᠶ᠋ᠢᠨ ᠶᠠᠰᠤᠨ᠎ᠤ ᠪᠡᠷᠳᠡᠯᠢ ᠵᠠᠰᠠᠬᠤ ᠠᠷᠭ᠎ᠠ ᠨᠢ ᠨᠠᠷᠢᠯᠢᠭ ᠡᠮᠴᠢᠯᠡᠭᠡᠨ᠎ᠤ ᠮᠡᠷᠭᠡᠵᠢᠯ᠎ᠢᠶᠠᠷ ᠨᠡᠢᠭᠡᠮ᠎ᠤᠨ ᠡᠯ᠎ᠡ ᠡᠲᠡᠭᠡᠳ᠎ᠤᠨ ᠭᠦᠢᠴᠡᠳ ᠨᠤᠲᠠᠯᠠᠯᠲᠠ᠎ᠶ᠋ᠢ ᠣᠯᠵᠠᠶ᠃ ᠠᠳᠠᠯᠢ ᠪᠤᠰᠤ ᠤᠯᠠᠮᠵᠢᠯᠠᠯᠲᠤ ᠡᠮ ᠡᠮᠨᠡᠯᠭᠡ᠎ᠶ᠋ᠢᠨ ᠲᠥᠷᠥᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ ᠵᠦᠢᠯ᠎ᠨᠢ ᠡᠮᠴᠢᠯᠡᠭᠡᠨ᠎ᠤ ᠬᠦᠷᠢᠶᠡᠨ᠎ᠳᠤ ᠴᠢᠬᠤᠯᠠ ᠦᠢᠯᠡᠳᠦᠯ ᠦᠵᠡᠭᠦᠯᠵᠦ᠍᠂ ᠠᠷᠠᠳ ᠣᠯᠠᠨ᠎ᠤ ᠡᠷᠡᠭᠦᠯ ᠮᠡᠨᠳᠦ᠍᠎ᠶ᠋ᠢ ᠬᠠᠮᠠᠭᠠᠯᠠᠵᠤ ᠪᠠᠢᠨ᠎ᠠ᠃ ᠥᠨᠢ ᠤᠳᠠᠭᠠᠨ ᠤᠯᠠᠮᠵᠢᠯᠠᠯ᠎ᠲᠠᠢ ᠨᠡᠭᠦᠳᠡᠯ ᠮᠠᠯᠵᠢᠯ᠎ᠤᠨ ᠶᠣᠰᠣ ᠵᠠᠩᠱᠢᠯ ᠪᠣᠯᠤᠨ ᠬᠠᠭᠤᠷᠠᠢ ᠲᠠᠷᠢᠶᠠᠯᠠᠩ᠎ᠤᠨ ᠶᠣᠰᠣ ᠵᠠᠩᠱᠢᠯ᠂ ᠤᠯᠠᠮᠵᠢᠯᠠᠯᠲᠤ ᠬᠤᠷᠢᠮ᠎ᠤᠨ ᠶᠣᠰᠣ ᠵᠠᠩᠱᠢᠯ ᠵᠡᠷᠭᠡ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠦᠷᠦᠯ ᠵᠦᠢᠯ᠎ᠨᠢ ᠰᠣᠶᠣᠯ᠎ᠤᠨ ᠦᠨᠦᠷ ᠠᠮᠲᠠ᠎ᠪᠠᠷ ᠪᠢᠯᠬᠠᠮ᠎ᠠ᠂ ᠤᠯᠠᠨ ᠨᠡᠢᠲᠡ᠎ᠪᠠᠷ᠎ᠢᠶᠠᠨ ᠣᠷᠣᠯᠴᠠᠬᠤ ᠴᠢᠨᠠᠷ᠎ᠢᠶᠠᠷ ᠴᠢᠩᠭ᠎ᠠ ᠪᠠᠢᠵᠤ᠂ ᠤᠯᠠᠭᠠᠨᠬᠠᠳᠠ᠎ᠶ᠋ᠢᠨ ᠪᠠᠶᠠᠯᠢᠭ ᠰᠠᠢᠬᠠᠨ ᠵᠠᠩ ᠦᠢᠯᠡ᠎ᠶ᠋ᠢᠨ ᠰᠣᠶᠣᠯ᠎ᠤᠨ ᠠᠵᠢᠯᠯᠠᠭ᠎ᠠ᠎ᠶ᠋ᠢ ᠳᠡᠯᠭᠡᠨ ᠦᠵᠡᠭᠦᠯᠵᠦ᠍ ᠪᠤᠢ᠃