ᠠᠯᠳᠠᠨ ᠨᠡᠷᠡᠨ ᠭᠡᠷᠡᠯ᠎ᠢᠶᠠᠨ ᠰᠠᠴᠤᠷᠠᠭᠤᠯᠤᠭ᠍ᠰᠠᠭᠠᠷ ᠡᠬᠡ ᠭᠠᠵᠠᠷ᠎ᠢ ᠢᠪᠡᠭᠡᠨ ᠭᠡᠷᠡᠯᠲᠦᠬᠦᠯᠵᠦ᠍᠂ ᠠᠭᠠᠷ ᠲᠡᠭ᠌ᠷᠢ᠎ᠨᠢ ᠲᠤᠬᠤᠮ᠎ᠤᠨ ᠴᠢᠨᠡᠭᠡ ᠡᠭᠦᠯᠡ ᠦᠭᠡᠢ ᠲᠤᠩᠭᠠᠯᠠᠭ᠍ᠰᠢᠨ ᠴᠡᠯᠮᠡᠭ᠌ᠰᠢᠭ᠌ᠰᠡᠨ ᠪᠠᠶᠠᠨ ᠲᠠᠩᠰᠤᠭ ᠨᠠᠮᠤᠷ᠎ᠤᠨ ᠰᠠᠢᠬᠠᠨ ᠡᠲᠦᠷ ᠪᠠᠢᠯ᠎ᠠ᠃
ᠪᠢ ᠠᠵᠢᠯ ᠡᠴᠡ ᠪᠠᠨ ᠠᠮᠠᠷᠠᠭᠠᠳ ᠨᠡᠯᠢᠶᠡᠳ ᠤᠯᠠᠨ ᠵᠢᠯ ᠪᠤᠯᠵᠦ᠍ ᠪᠤᠢ᠃ ᠣᠮᠪᠣᠯᠤ ᠬᠦᠤ ᠦᠬᠢᠨ᠂ ᠵᠢᠭᠡ ᠣᠮᠪᠣᠯᠦ᠍ ᠦᠬᠢᠨ᠎ᠢᠶᠠᠨ ᠦᠰᠭᠡᠵᠤ ᠲᠤᠷᠨᠢᠭᠤᠯᠣᠭᠠᠳ ᠰᠤᠷᠭᠠᠭᠤᠯᠢ᠎ᠳᠤ ᠣᠷᠣᠭᠤᠯᠵᠦ᠍ ᠪᠢᠴᠢᠭ ᠰᠤᠶᠤᠯ᠎ᠤᠨ ᠮᠦᠷ᠎ᠢ ᠬᠦᠭᠡᠭᠡᠯᠬᠡᠬᠦ ᠭᠡᠵᠦ ᠦᠳᠡᠯᠦᠭᠡ ᠨᠠᠰᠤ ᠪᠠᠨ ᠪᠠᠶᠠᠷ ᠪᠠᠶᠠᠰᠤᠯ ᠲᠠᠢ ᠦᠩᠭᠡᠷᠡᠬᠦᠯᠵᠦ ᠶᠠᠪᠤᠭ᠎ᠠ᠃ ᠬᠦᠭᠡᠷᠤᠬᠦᠨ ᠤᠮᠪᠣᠯᠣᠨᠠᠷ ᠮᠢᠨᠢ ᠴᠤᠪᠤᠭᠤ ᠲᠡᠭ᠌ᠵᠢᠨ ᠪᠡᠶᠡᠷ ᠵᠢᠷᠭᠠᠯ᠎ᠲᠠᠢ᠎ᠪᠠᠷ ᠭᠢᠴᠢᠶᠡᠯ ᠰᠤᠷᠤᠯᠭ᠎ᠠ᠎ᠪᠠᠨ ᠱᠢᠮᠳᠡᠨ ᠰᠤᠷᠤᠯᠴᠠᠵᠤ ᠪᠡᠢᠨ᠎ᠡ᠃ ᠤᠲᠤ ᠪᠠᠭ᠎ᠠ ᠵᠢᠭᠡ ᠣᠮᠪᠤᠯᠤ᠎ᠪᠠᠨ ᠴᠡᠴᠡᠷᠯᠢᠭ᠎ᠲᠤ ᠬᠦᠷᠭᠡᠵᠤ ᠪᠤᠢ᠃
ᠨᠢᠭᠡ ᠦᠳᠡ᠎ᠶ᠋ᠢᠨ ᠬᠤᠢᠨ᠎ᠡ ᠵᠢᠭᠡ ᠣᠮᠪᠤᠯᠤ ᠬᠦᠤ᠎ᠪᠠᠨ ᠲᠤᠰᠭᠤ᠎ᠪᠠᠷ ᠤᠴᠢᠬᠤ᠎ᠳᠤ᠂ ᠴᠡᠴᠡᠷᠯᠢᠭ᠎ᠤᠨ ᠪᠠᠭ᠍ᠰᠢ᠎ᠨᠢ ᠭᠡᠤᠭᠡᠳᠤᠳᠲᠡᠭᠡᠨ 《ᠤᠨᠠᠭ᠍ᠰᠠᠨ ᠱᠢᠷᠦᠢ ᠪᠣᠯ ᠠᠯᠳᠠ ᠶᠤᠮ ᠭᠡᠵᠤ ᠠᠪᠤ ᠮᠢᠨᠢ ᠰᠤᠷᠭᠠᠳᠠᠭ ᠰᠠᠨ᠂ ᠤᠤᠭᠤᠭ᠍ᠰᠠᠨ ᠤᠰᠤ ᠪᠣᠯ ᠷᠡᠱᠢᠶᠠᠨ ᠶᠣᠮ ᠭᠡᠵᠦ᠍ ᠡᠵᠢ ᠮᠢᠨᠢ ᠵᠠᠬᠢᠲᠠᠭ ᠰᠠᠨ᠂ ᠠᠪᠤ᠎ᠶ᠋ᠢᠨ ᠮᠢᠨᠢ ᠰᠤᠷᠭᠠᠯ ᠡᠵᠢ᠎ᠶ᠋ᠢᠨ ᠮᠢᠨᠢ ᠵᠠᠬᠢᠶ᠎ᠠ ᠠᠯᠳᠠ᠎ᠠᠴᠠ ᠴᠤᠬᠠᠭ ᠡᠷᠳᠡᠨᠢ ᠠᠲᠠᠯᠢᠬᠠᠨ》 ᠭᠡᠬᠦ᠌ ᠲᠠᠭᠤᠤ᠎ᠶ᠋ᠢ ᠵᠢᠭᠠᠵᠤ ᠪᠠᠢᠬᠤ᠎ᠶ᠋ᠢ ᠰᠤᠨᠤᠰᠤᠭᠠᠳ ᠪᠢ ᠴᠸ᠋ᠲᠠᠭᠠᠨ ᠭᠢᠩᠱᠢᠯᠠ᠃
ᠤᠲᠤ ᠴᠠᠭ᠎ᠤᠨ ᠪᠠᠭᠠᠴᠤᠳ ᠭᠡᠤᠭᠡᠳ ᠡᠨᠡ ᠰᠠᠢᠬᠠᠨ ᠨᠡᠢᠬᠡᠮ᠎ᠳᠤ ᠲᠦᠷᠦᠵᠦ᠍ ᠦᠰᠦᠨ᠂ ᠨᠡᠢᠬᠡᠮ᠎ᠤᠨ ᠰᠠᠢᠨ ᠰᠠᠢᠬᠠᠨ᠎ᠢ ᠡᠳ᠋ᠯᠡᠵᠦ᠍ ᠪᠠᠢᠨ᠎ᠠ᠂ ᠭᠡᠷ᠎ᠤᠨ᠎ᠢᠶᠠᠨ ᠠᠮᠢᠨ᠎ᠲᠠᠢ᠂ ᠣᠯᠣᠰ ᠤᠷᠤᠨ᠎ᠤ᠎ᠪᠠᠨ ᠢᠷᠡᠭᠡᠲᠦᠢ᠂ ᠶᠤᠰᠤᠲᠠᠢ ᠠᠮᠠᠨ᠎ᠳᠠᠭᠠᠨ ᠬᠢᠪᠡᠯ ᠬᠠᠢᠯᠤᠮᠡᠷ᠂ ᠠᠯᠠᠭᠠᠨ ᠲᠡᠭᠡᠷ᠎ᠡ᠎ᠪᠠᠨ ᠲᠡᠯᠪᠢᠪᠡᠯ ᠪᠦᠮᠪᠤᠷᠢᠮᠡᠷ ᠪᠦᠪᠡᠢᠯᠡᠵᠤ᠂ ᠭᠡᠷ᠎ᠲᠡᠭᠡᠨ ᠠᠯᠢ ᠰᠠᠢᠨ᠎ᠢ᠎ᠨᠢ ᠢᠲᠡᠬᠦᠯᠵᠤ ᠤᠤᠭᠤᠯᠭᠠᠨ ᠭᠠᠲᠠᠭ᠍ᠰᠢ ᠭᠠᠷᠪᠡᠯ ᠮᠠᠱᠢᠨ ᠲᠡᠷᠭᠡᠨ᠎ᠳᠤ ᠰᠠᠭᠤᠯᠭᠠᠨ ᠬᠦᠷᠭᠡᠵᠤ ᠲᠤᠰᠤᠨᠡ᠃ ᠦᠪᠴᠢ ᠪᠡᠶ᠎ᠡ ᠨᠡᠷᠡᠲᠤ ᠬᠤᠪᠴᠠᠰᠤ ᠱᠠᠬᠠᠢ ᠡᠮᠦᠰᠴᠤ᠌᠂ ᠴᠠᠭ ᠯᠠ ᠭᠠᠷᠪᠠᠯ ᠲᠤᠭ᠍ᠯᠠᠭᠠᠮᠤᠨ ᠭᠠᠵᠠᠷ᠂ ᠬᠤᠯᠠ ᠤᠢᠷ᠎ᠡ᠎ᠶ᠋ᠢᠨ ᠵᠢᠭᠤᠯᠴᠢᠯᠠᠯ᠎ᠤᠨ ᠭᠠᠵᠠᠷ᠎ᠢᠶᠠᠷ ᠨᠠᠭᠠᠲᠤᠭᠤᠯᠳᠠᠭ᠃ ᠰᠤᠷᠭᠠᠭᠤᠯᠢ᠎ᠳᠠᠭᠠᠨ ᠪᠣᠯ ᠰᠠᠷᠠᠭᠤᠯ ᠠᠭᠤᠲᠠᠮ ᠭᠢᠴᠢᠶᠠᠯ᠎ᠤᠨ ᠲᠠᠩᠬᠢᠮ᠎ᠳᠤ ᠰᠤᠶᠤᠯ ᠮᠡᠲᠡᠯᠭᠡ᠎ᠲᠠᠢ ᠪᠠᠭ᠍ᠰᠢ ᠨᠡᠷ᠎ᠠᠴᠠ ᠤᠶᠤᠨ᠎ᠤ ᠱᠢᠮ᠎ᠡ᠎ᠶ᠋ᠢ ᠬᠦᠷᠲᠡᠨ᠂ ᠮᠠᠷᠡᠢᠨ ᠰᠤᠷᠤᠯᠴᠠᠵᠤ ᠪᠠᠢᠨ᠎ᠡ᠃ ᠡᠲᠡᠭᠡᠷᠢᠨᠢ ᠪᠠᠭ᠍ᠠᠷᠬᠠᠵᠤ ᠰᠠᠭᠤᠬᠤ᠎ᠳᠠᠭᠠᠨ ᠪᠢ ᠴᠤ᠌ ᠦᠪᠡᠷ᠎ᠤᠨ ᠡᠷᠬᠡ ᠦᠭᠡᠢ ᠪᠠᠭ᠎ᠠ ᠨᠠᠰᠤᠨ᠎ᠤ ᠠᠮᠢᠲᠤᠷᠡᠯ᠎ᠢᠶᠠᠨ ᠰᠠᠨᠠᠭᠠᠯᠵᠠᠯ᠎ᠠ᠃
ᠪᠢ ᠭᠠᠴᠠᠭᠠᠨ᠎ᠤ ᠪᠠᠨ ᠪᠠᠭ᠎ᠠ ᠰᠤᠷᠭᠠᠭᠤᠯᠢ᠎ᠳᠤ ᠤᠷᠤᠬᠤ᠎ᠳᠤ ᠲᠡᠭᠡᠷ᠎ᠡ ᠵᠠᠭᠤᠨ᠎ᠤ ᠵᠢᠷᠠᠭᠠᠳ ᠤᠨ᠎ᠤ ᠡᠬᠢᠨ᠎ᠤ ᠦᠶ᠎ᠡ ᠪᠠᠢᠭ᠍ᠰᠠᠨ᠂ ᠲᠡᠷᠡ ᠦᠶ᠎ᠡ᠎ᠳᠤ ᠣᠯᠣᠰ ᠭᠡᠷ ᠮᠠᠰᠢ ᠶᠠᠲᠠᠭᠤ ᠬᠦᠴᠢᠷᠲᠡᠯᠲᠡᠢ᠂ ᠬᠤᠷᠱᠢᠶᠠᠨ᠎ᠳᠤ ᠬᠤᠲᠠᠯᠲᠤᠵᠤ ᠪᠠᠢᠭ᠎ᠠ ᠪᠦᠰ ᠪᠠᠷᠠᠭ᠎ᠠ᠎ᠨᠢ ᠵᠦᠪᠭᠡᠨ ᠬᠠᠷ᠎ᠡ᠂ ᠬᠦᠬᠡ ᠪᠦᠳᠦᠬᠦᠯᠢᠭ ᠪᠦᠰ ᠪᠤᠶᠤ ᠴᠠᠭᠠᠨ ᠪᠦᠰ᠂ ᠬᠦᠪᠤᠩ ᠵᠡᠷᠭᠡ ᠯᠡ ᠪᠡᠢᠵᠡᠢ᠃ ᠪᠠᠰᠠ ᠭᠡᠲᠤᠨ ᠦᠩᠭᠡ᠎ᠶ᠋ᠢᠨ ᠨᠤᠨᠳᠠᠭ ᠬᠡᠯᠪᠡᠷᠢ᠎ᠶ᠋ᠢᠨ ᠪᠣᠲᠤᠭ ᠬᠤᠲᠠᠯᠲᠤᠲᠠᠭ᠃ ᠮᠢᠨᠤ ᠡᠵᠢ ᠴᠠᠭᠠᠨ ᠪᠦᠰ ᠪᠣᠯᠣᠨ ᠨᠤᠭᠤᠭᠠᠨ ᠦᠩᠭᠡ᠎ᠶ᠋ᠢᠨ ᠪᠣᠲᠤᠭ ᠠᠪᠴᠤ᠌᠂ ᠴᠠᠭᠠᠨ ᠪᠦᠰ᠎ᠢ᠎ᠨᠢ ᠦᠩᠭᠡ ᠤᠷᠤᠭᠤᠯᠤᠭᠠᠳ ᠬᠠᠨᠳᠠᠭᠠᠰᠤ᠂ ᠬᠠᠷ᠎ᠡ ᠪᠦᠰ᠎ᠢᠶᠠᠷ᠎ᠨᠢ ᠦᠮᠦ᠎ᠲᠤ ᠤᠶᠤᠵᠦ᠍ ᠦᠭ᠌ᠲᠡᠭ᠃ ᠴᠠᠭᠠᠰᠤ ᠪᠢᠷ ᠴᠤ᠌ ᠲᠤᠢᠯ᠎ᠤᠨ ᠬᠤᠮᠰᠠ᠂ ᠮᠤᠤᠲᠸᠤ ᠱᠢᠷᠭᠠᠯ ᠦᠩᠭᠡ᠎ᠲᠠᠢ ᠴᠠᠭᠠᠰᠤ᠂ ᠬᠠᠷᠡᠨᠲᠡ ᠪᠠᠢᠭ᠍ᠰᠠᠨ ᠴᠤ᠌ ᠪᠠᠯᠠᠯᠤᠭᠤᠷ ᠪᠠᠢᠬᠤ ᠦᠭᠡᠢ᠃ ᠭᠡᠲᠤᠨ ᠲᠠᠰᠭᠠᠯ ᠪᠢᠷ ᠪᠣᠯᠣᠨ ᠭᠢᠴᠢᠶᠠᠯ᠎ᠤᠨ ᠪᠢᠴᠢᠭ᠎ᠢᠶᠠᠨ ᠲᠦᠷᠪᠡᠯᠵᠢᠨ ᠪᠦᠰᠡᠨ᠎ᠳᠤ ᠪᠠᠭ᠍ᠯᠠᠵᠤ ᠲᠤᠮᠲᠠᠭᠤᠷ᠎ᠢᠶᠠᠨ ᠪᠦᠰᠡᠯᠡᠭᠡᠳ ᠶᠠᠪᠤᠲᠠᠭ ᠮᠦᠷᠲᠡᠭᠡᠨ ᠡᠷᠲᠡ ᠤᠷᠤᠢ᠎ᠶ᠋ᠢᠨ ᠰᠡᠯᠡᠬᠦᠤ᠎ᠳᠡᠭᠡᠨ ᠠᠪᠤ ᠡᠵᠢ᠎ᠳᠡᠭᠡᠨ ᠬᠠᠮᠵᠢᠵᠦ᠍ ᠭᠡᠷ᠎ᠤᠨ ᠠᠵᠢᠯ ᠬᠢᠲᠡᠭ᠃ ᠰᠤᠷᠭᠠᠭᠤᠯᠢ᠎ᠶᠢᠨ ᠦᠳᠡ᠎ᠶ᠋ᠢᠨ ᠬᠤᠭᠤᠯᠠ ᠭᠡᠪᠡᠯ᠂ ᠪᠦᠰ ᠤᠭᠤᠳᠠᠨ᠎ᠳᠤ ᠬᠢᠵᠤ ᠠᠪᠴᠢᠷᠠᠭ᠍ᠰᠠᠨ ᠬᠠᠭᠤᠷᠤᠭ᠍ᠰᠠᠨ ᠠᠮᠤ᠂ ᠨᠠᠷᠢᠮᠤ᠂ ᠱᠢᠰᠢ᠎ᠶ᠋ᠢᠨ ᠪᠤᠳᠠᠭ᠎ᠠ ᠢᠲᠡᠵᠤ᠂ ᠬᠦᠢᠳᠡᠨ ᠤᠰᠤ ᠣᠣᠭᠤᠳᠠᠭ᠃ ᠲᠦᠷᠪᠡᠲᠤᠭᠡᠷ ᠤᠨ ᠪᠣᠯᠬᠤ᠎ᠳᠤ ᠰᠤᠮᠤᠨ᠎ᠤ ᠰᠤᠷᠭᠠᠭᠤᠯᠢ᠎ᠳᠤ ᠰᠤᠷᠣᠯᠴᠠᠵᠤ ᠪᠠᠢᠷᠢ᠎ᠳᠤ ᠰᠠᠭᠤᠪᠡ᠃ ᠮᠠᠨ᠎ᠤ ᠭᠠᠴᠠᠭ᠎ᠠ ᠰᠤᠮᠤᠨ᠎ᠠᠴᠠ᠎ᠪᠠᠨ ᠠᠷᠪᠠᠨ ᠲᠠᠪᠤ ᠵᠢᠷᠭᠤᠭᠠᠨ ᠭᠠᠵᠠᠷ ᠵᠠᠢᠲᠠᠢ᠂ ᠮᠠᠨ᠎ᠤ ᠭᠠᠴᠠᠭᠠᠨ᠎ᠠᠴᠠ ᠲᠠᠪᠤᠨ ᠭᠡᠤᠭᠡᠳ ᠬᠠᠮᠲᠤ ᠰᠤᠷᠤᠯᠴᠠᠳᠠᠭ ᠪᠠᠢᠭ᠍ᠰᠠᠨ᠃ ᠭᠠᠷᠠᠭ᠎ᠤᠨ ᠵᠢᠷᠭᠤᠭᠠᠨ᠎ᠤ ᠦᠲᠡ᠎ᠳᠤ ᠰᠠᠶᠢ ᠰᠤᠷᠭᠠᠭᠤᠯᠢ ᠲᠠᠷᠬᠠᠲᠠᠭ᠂ ᠪᠢᠲᠡ ᠲᠠᠪᠤᠭᠤᠯᠠ᠎ᠪᠠᠨ ᠦᠲᠡ᠎ᠶ᠋ᠢᠨ ᠬᠤᠢᠨ᠎ᠡ ᠪᠤᠯᠪᠠᠯ ᠪᠡᠶᠡᠷ ᠬᠦᠷ ᠲᠠᠢ᠎ᠪᠠᠷ ᠨᠠᠭᠠᠲᠤᠨ ᠠᠯᠬᠤᠭᠠᠳ ᠭᠡᠷ᠎ᠲᠡᠭᠡᠨ ᠬᠠᠷᠢᠲᠠᠭ ᠪᠦᠭᠡᠳ ᠲᠡᠷᠠᠭ᠎ᠠ ᠡᠲᠦᠷ᠎ᠤᠨ ᠬᠢᠨᠢ ᠦᠲᠡ᠎ᠶ᠋ᠢᠨ ᠬᠤᠢᠨ᠎ᠡ᠎ᠨᠢ ᠲᠠᠬᠢᠭᠠᠳ ᠰᠤᠷᠭᠠᠭᠤᠯᠢ᠎ᠳᠠᠭᠠᠨ ᠠᠯᠬᠤᠭᠠᠳ ᠪᠤᠴᠠᠲᠠᠭ᠃ ᠣᠣᠯᠤᠨᠬᠢᠪᠠᠨ ᠪᠤᠲᠤᠪᠡᠯ ᠨᠦᠬᠦᠴᠡᠯ᠎ᠨᠢ ᠤᠪᠤᠭ᠎ᠠ ᠰᠠᠢᠵᠢᠷᠠᠭ᠍ᠰᠠᠨ᠂ ᠴᠠᠭᠠᠨ ᠴᠠᠭᠠᠰᠤᠲᠠᠢ ᠪᠣᠯᠣᠭ᠍ᠰᠠᠨ ᠪᠦᠭᠡᠳ ᠠᠯᠳᠠ ᠠᠯᠳᠠ ᠤᠷᠳᠤ ᠪᠠᠷ ᠬᠤᠳᠠᠯᠲᠤᠨᠡ᠂ ᠨᠢᠭᠡ ᠠᠯᠳᠠ ᠠᠪᠤᠪᠠᠯ ᠲᠤᠮᠲᠠᠭᠤᠷ᠎ᠨᠢ ᠵᠦᠰᠦᠭᠡᠳ ᠭᠤᠴᠢᠨ ᠬᠤᠶᠡᠷ ᠬᠠᠭᠤᠲᠠᠰᠤ᠎ᠲᠠᠢ ᠲᠡᠪᠲᠡᠷ ᠪᠣᠯᠭᠠᠨ ᠦᠲᠡᠭᠡᠷᠯᠡᠵᠦ᠍ ᠲᠠᠰᠭᠠᠯ᠎ᠢᠶᠠᠨ ᠬᠢᠲᠡᠭ᠃ ᠰᠡᠬᠦᠯᠲᠡᠵᠦ᠍ ᠢᠷᠡᠭᠡᠳ ᠬᠤᠷᠱᠢᠶᠡᠨᠳᠤ ᠦᠭᠡᠲᠡᠩ᠂ ᠠᠷᠳᠠᠢ ᠪᠦᠰ ᠭᠡᠬᠦ᠌ ᠮᠡᠲᠤ᠎ᠶ᠋ᠢᠨ ᠨᠡᠯᠢᠶᠡᠳ ᠭᠡᠲᠤᠨ ᠵᠦᠢᠯ᠎ᠤᠨ ᠪᠦᠰ ᠪᠡᠷᠠᠭ᠎ᠠ ᠨᠡᠮᠡᠭ᠌ᠲᠡᠵᠡᠢ᠂ ᠭᠡᠬᠦ᠌᠎ᠳᠤ ᠮᠠᠨᠠᠢᠬᠢᠨ ᠭᠡᠤᠭᠡᠳ ᠤᠯᠠᠨ᠂ ᠭᠡᠷ᠎ᠤᠨ ᠨᠦᠬᠦᠴᠡᠯ ᠪᠡᠷᠤᠭ᠍ᠲᠠᠢ ᠪᠣᠯᠬᠤᠷ ᠠᠪᠴᠤ᠌ ᠲᠡᠢᠯᠬᠦ᠌ ᠦᠭᠡᠢ᠃ ᠢᠲᠡᠵᠤ ᠤᠤᠭᠤᠬᠤ᠎ᠶ᠋ᠢ ᠨᠡᠩ ᠬᠡᠯᠡᠯᠬᠡᠨ ᠦᠭᠡᠢ᠂ ᠭᠡᠲᠡᠰᠤ ᠲᠦᠬᠦᠷᠡᠩ ᠮᠦᠷᠦ᠍ ᠪᠦᠲᠦᠨ ᠪᠣᠯᠪᠡᠯ ᠪᠣᠯᠴᠢᠬᠠᠨ᠎ᠠ᠃ ᠦᠨᠡᠭᠡᠷ ᠴᠦ᠍ ᠰᠠᠢᠨ ᠬᠤᠭᠤᠯᠠ᠎ᠨᠢ ᠰᠠᠭᠠᠭ᠎ᠤᠨ ᠭᠤᠯᠢᠷ᠂ ᠰᠠᠢᠨ ᠤᠨᠤᠭ᠎ᠠ᠎ᠨᠢ ᠰᠡᠭᠠᠷᠡᠯ ᠡᠯᠵᠢᠬᠡ ᠪᠠᠢᠭᠰᠠᠨ᠃
ᠶᠠᠲᠠᠭᠤ ᠪᠣᠯᠪᠡᠴᠤ᠌ ᠮᠠᠨ᠎ᠤ ᠭᠡᠷ᠎ᠤᠨ ᠰᠤᠷᠭᠠᠯ ᠮᠠᠰᠢ ᠴᠢᠩᠭ᠎ᠠ ᠪᠠᠢᠲᠠᠭ᠃ ᠭᠡᠷ᠎ᠲᠡᠭᠡᠨ ᠠᠬᠠᠮᠠᠳ ᠲᠤᠮᠤᠴᠤᠤᠯᠤᠨᠢᠶᠠᠨ ᠡᠮᠦᠨᠡᠬᠦᠷ ᠭᠠᠷᠲᠠᠭ ᠦᠭᠡᠢ᠂ ᠵᠠᠪᠠᠯ ᠠᠷᠤ ᠲᠠᠯ᠎ᠠ᠎ᠪᠠᠷ᠎ᠨᠢ ᠭᠠᠷᠤᠨ᠎ᠡ᠂ ᠴᠠᠢ ᠬᠤᠭᠤᠯᠠ ᠠᠶᠠᠭᠠᠯᠠᠬᠤ᠎ᠳᠤ ᠨᠠᠰᠤᠲᠠᠨ᠎ᠳᠠᠭᠠᠨ ᠤᠷᠢᠳ ᠵᠢᠡᠷ ᠠᠶᠠᠭᠠᠯᠠᠬᠤ ᠶᠤᠮ ᠤᠤ ᠭᠡᠢᠴᠢᠨ ᠵᠤᠴᠢᠨ᠎ᠳᠠᠭᠠᠨ ᠠᠶᠠᠭᠠᠯᠠᠵᠤ᠂ ᠬᠤᠶᠠᠷ ᠭᠠᠷ᠎ᠢᠶᠠᠷ᠎ᠢᠶᠠᠨ ᠪᠡᠷᠢᠨᠠ᠂ ᠦᠪᠡᠷ ᠲᠡᠭᠡᠨ ᠬᠤᠭᠤᠯᠠ ᠢᠳᠡᠵᠦ ᠴᠠᠢ ᠤᠤᠭᠤᠬᠤ᠎ᠳᠠᠭᠠᠨ ᠪᠠᠷᠠᠭᠤᠨ ᠭᠠᠷ᠎ᠤᠨ᠎ᠢᠶᠠᠨ ᠡᠷᠡᠭᠡᠢ ᠬᠤᠷᠤᠭᠤ᠎ᠪᠠᠷ᠎ᠢᠶᠠᠨ ᠠᠶᠠᠭᠠᠨ᠎ᠤ ᠢᠷᠮᠡᠭᠢ ᠬᠦᠩᠭᠡᠨ ᠲᠠᠷᠤᠵᠦ᠍ ᠠᠳᠬᠤᠨ ᠢᠲᠡᠵᠤ ᠤᠤᠭᠤᠨᠡ᠃ ᠪᠡᠷᠢ ᠬᠦᠮᠦᠨ ᠴᠠᠢ ᠬᠤᠭᠤᠯᠠ ᠠᠶᠠᠭᠠᠯᠠᠬᠤ᠎ᠳᠠᠭᠠᠨ ᠬᠠᠳᠠᠮ ᠠᠪᠤ᠎ᠳᠠᠭᠠᠨ ᠱᠢᠭᠤᠳ ᠭᠠᠷᠲᠠᠭᠤᠯᠬᠤ ᠦᠭᠡᠢ ᠱᠢᠷᠡᠭᠡᠨ ᠲᠡᠭᠡᠷ᠎ᠡ᠎ᠨᠢ ᠲᠡᠯᠪᠢᠵᠤ ᠦᠭ᠌ᠬᠦᠨ᠎ᠡ᠃ ᠪᠡᠷᠢ ᠬᠦᠮᠦᠨ ᠬᠠᠳᠠᠮ ᠠᠪᠤ ᠡᠵᠢ ᠵᠢᠴᠢ ᠨᠦᠬᠦᠷ᠎ᠤᠨ᠎ᠢᠶᠠᠨ ᠨᠡᠷ᠎ᠡ᠎ᠶ᠋ᠢ᠎ᠨᠢ ᠴᠡᠭᠡᠷᠯᠡᠨ᠎ᠡ᠃ ᠭᠡᠭᠡᠷ᠎ᠡ ᠭᠠᠲᠠᠨ᠎ᠠ ᠮᠤᠷᠢ ᠤᠨᠤᠭ᠎ᠠ᠎ᠪᠠᠷ ᠶᠠᠪᠤᠵᠦ᠍ ᠪᠠᠢᠬᠤ᠎ᠳᠠᠭᠠᠨ ᠨᠠᠰᠤᠲᠠᠨ ᠲᠤᠮᠤᠭᠠᠳᠠᠨ᠎ᠲᠠᠢ ᠠᠭᠤᠯᠵᠠᠪᠠᠯ ᠮᠤᠷᠢᠨ᠎ᠠᠴᠠ᠎ᠪᠠᠨ ᠪᠠᠭᠤᠵᠤ ᠠᠮᠤᠷ ᠮᠡᠨᠲᠤ ᠠᠰᠠᠭᠤᠨ᠎ᠠ᠃ ᠠᠢᠯ ᠰᠠᠭᠠᠬᠠᠯᠲᠠ᠎ᠶ᠋ᠢᠨ ᠠᠬᠠᠮᠠᠳ᠎ᠤᠨ᠎ᠢᠶᠠᠨ ᠨᠡᠷ᠎ᠡ᠎ᠪᠠᠷ ᠨᠢ ᠲᠠᠭᠤᠲᠠᠬᠤ ᠦᠭᠡᠢ᠂ ᠠᠢᠯ᠎ᠤᠨ ᠠᠪᠤ᠂ ᠠᠢᠯ᠎ᠤᠨ ᠡᠵᠢ ᠭᠡᠵᠦ ᠬᠦᠨᠳᠦᠳᠭᠡᠨ ᠲᠠᠭᠤᠳᠠᠨ᠎ᠠ᠃ ᠬᠤᠯᠣᠭᠠᠨ᠎ᠠ ᠡᠲᠦᠷ ᠭᠠᠲᠠᠭ᠍ᠰᠢᠪᠠᠨ ᠬᠦᠮᠦᠨ᠎ᠳᠤ ᠶᠠᠭᠤᠮ᠎ᠠ ᠦᠭ᠌ᠬᠦ᠎ᠶ᠋ᠢ ᠴᠡᠭᠡᠷᠯᠡᠨ᠎ᠡ᠃ ᠦᠰᠦ ᠵᠠᠰᠠᠬᠤ᠎ᠳᠤ ᠴᠤ᠌ ᠴᠡᠭᠡᠷ᠎ᠲᠠᠢ (ᠪᠡᠷᠰ᠂ ᠮᠣᠷᠢ᠂ ᠮᠣᠭᠠᠢ᠂ ᠯᠣᠣ᠂ ᠲᠠᠣᠯᠠᠢ)᠂ ᠪᠡᠷᠰ ᠡᠲᠦᠷ ᠦᠰᠦ ᠵᠠᠰᠠᠪᠠᠯ ᠶᠡᠯ᠎ᠡ᠎ᠳᠤ ᠤᠨᠡᠨᠡ᠂ ᠮᠣᠷᠢ ᠡᠲᠦᠷ ᠦᠰᠦ ᠵᠠᠰᠠᠪᠠᠯ ᠬᠡᠢᠮᠤᠷᠢ ᠭᠡᠪᠲᠡᠨᠡ᠂ ᠮᠣᠭᠠᠢ᠂ ᠯᠣᠣ ᠡᠲᠦᠷ ᠦᠰᠦ ᠵᠠᠰᠠᠪᠠᠯ ᠨᠢᠯᠪᠣᠰᠤ ᠲᠠᠰᠤᠷᠠᠬᠤ ᠦᠭᠡᠢ᠂ ᠲᠡᠤᠯᠡᠢ ᠡᠲᠦᠷ ᠦᠰᠦ ᠵᠠᠰᠠᠪᠠᠯ ᠦᠰᠦ ᠴᠠᠢᠨᠡ ᠭᠡᠲᠡᠭ᠃ ᠬᠤᠪᠴᠠᠰᠤ ᠡᠰᠭᠡᠬᠦ᠌ᠳᠡᠭᠡᠨ ᠴᠤ᠌ ᠴᠡᠭᠡᠷ᠎ᠲᠠᠢ᠂ ᠬᠤᠯᠣᠭᠠᠨ᠎ᠠ᠂ ᠮᠣᠷᠢ᠂ ᠪᠡᠴᠢ᠂ ᠲᠡᠬᠢᠶ᠎ᠡ ᠡᠲᠦᠷ᠎ᠲᠤ ᠬᠤᠪᠴᠠᠰᠤ ᠡᠰᠭᠡᠪᠡᠯ ᠬᠠᠨᠴᠤᠢ᠂ ᠬᠤᠷᠮᠦᠢ᠎ᠪᠠᠨ ᠭᠠᠯᠳᠤ ᠱᠢᠲᠠᠭᠠᠴᠢᠬᠠᠨᠠ ᠭᠡᠲᠡᠭ᠃ ᠮᠦᠨ ᠴᠤ᠌ ᠭᠠᠯ ᠡᠲᠦᠷ ᠭᠡᠷ᠎ᠤᠨ᠎ᠢᠶᠠᠨ ᠤᠲᠤᠭ᠎ᠠ ᠲᠤᠭᠤᠰᠤ᠎ᠶ᠋ᠢ ᠬᠦᠪᠢᠵᠦ᠍ ᠱᠦᠬᠦᠷᠲᠡᠬᠦ᠌ ᠦᠭᠡᠢ᠂ ᠤᠷᠤᠢ ᠪᠦᠷᠦᠢ ᠪᠣᠯᠪᠡᠯ ᠵᠢᠭᠠᠯ ᠭᠡᠤᠭᠡᠳ᠎ᠢᠶᠠᠨ ᠭᠠᠲᠠᠭ᠍ᠰᠢ ᠭᠠᠷᠭᠠᠬᠤ ᠦᠭᠡᠢ᠂ ᠵᠠᠪᠠᠯ ᠭᠠᠷᠬᠤ ᠴᠢᠬᠤᠯᠠᠲᠠᠢ ᠪᠣᠯ ᠮᠠᠩᠨᠠᠢ᠎ᠶ᠋ᠢᠨ ᠬᠢᠨᠢ ᠲᠤᠮᠲᠠ᠎ᠨᠢ ᠬᠦ᠋ ᠰᠠᠭᠤᠯᠭᠠᠨ᠎ᠠ᠃ ᠡᠬᠦᠨ᠎ᠢ ᠪᠤᠷᠬᠠᠨ ᠰᠠᠭᠤᠯᠭᠠᠵᠤ ᠪᠠᠢᠨ᠎ᠡ ᠭᠡᠲᠡᠭ᠂ ᠤᠷᠤᠢ ᠪᠦᠷᠤᠢᠪᠠᠷ ᠠᠮᠠᠨ᠎ᠳᠠᠭᠠᠨ ᠶᠠᠭᠤᠮ᠎ᠠ ᠵᠠᠵᠢᠯᠵᠤ ᠭᠠᠷᠴᠤ᠌ ᠪᠣᠯᠬᠤ ᠦᠭᠡᠢ᠂ ᠴᠢᠳᠬᠦᠷ ᠲᠤᠯᠢᠶᠡᠨᠡ ᠭᠡᠲᠡᠭ᠃ ᠰᠦᠨᠢ ᠤᠷᠤᠢ᠎ᠳᠠᠭᠠᠨ ᠭᠡᠤᠭᠡᠳ᠎ᠤᠨ ᠨᠡᠷ᠎ᠡ᠎ᠶ᠋ᠢ ᠲᠤᠷᠡᠳᠴᠤ᠌ ᠪᠣᠯᠬᠤ ᠦᠭᠡᠢ᠃ ᠬᠦᠤ᠎ᠪᠠᠨ ᠰᠤᠷᠭᠠᠪᠠᠯ ᠬᠦᠮᠦᠨ᠎ᠤ ᠲᠤᠮᠳᠠ᠂ ᠦᠬᠢᠨ᠎ᠢᠶᠠᠨ ᠰᠤᠷᠭᠠᠪᠠᠯ ᠬᠦᠮᠦᠨ᠎ᠤ ᠲᠠᠯᠳᠠ ᠭᠡᠲᠡᠭ᠃ ᠬᠦᠤ ᠬᠦᠮᠦᠨ ᠭᠠᠯᠵᠠᠭᠤᠷᠠᠬᠤ ᠦᠭᠡᠢ ᠪᠣᠯ ᠠᠯᠢᠶ᠎ᠠ᠎ᠨᠢ ᠰᠠᠢᠨ᠂ ᠦᠬᠢᠨ ᠬᠦᠮᠦᠨ ᠶᠠᠪᠠᠷᠠᠬᠤ ᠦᠭᠡᠢ ᠪᠣᠯ ᠲᠤᠭᠤᠢ᠎ᠨᠢ ᠰᠠᠢᠨ ᠭᠡᠲᠡᠭ᠃ ᠦᠭᠡ ᠵᠤᠭᠤᠭ ᠶᠡᠷᠢᠯᠴᠠᠬᠤ᠎ᠳᠠᠭᠠᠨ ᠲᠡᠭᠡᠷ᠎ᠡ ᠲᠠᠭᠤᠨ᠎ᠢᠶᠠᠷ ᠲᠤᠤᠭᠠᠷᠴᠤ᠌ ᠪᠣᠯᠬᠤ ᠦᠭᠡᠢ᠂ ᠲᠠᠷᠤᠤ ᠪᠤᠯᠭᠤᠮᠵᠢᠳᠠᠢ ᠪᠠᠢᠬᠤ ᠭᠡᠷᠡᠭ᠌ᠲᠡᠢ᠃ ᠬᠦᠮᠦᠨ᠎ᠳᠤ ᠬᠠᠷᠢᠶᠠᠭ᠍ᠳᠠᠪᠠᠯ ᠴᠤᠬᠢᠭ᠍ᠰᠠᠨ ᠦᠭᠡᠢ ᠴᠢᠨᠢ ᠪᠠᠭ᠎ᠠ ᠭᠡᠷᠡᠭ᠂ ᠬᠦᠮᠦᠨ᠎ᠳᠤ ᠴᠤᠬᠢᠭ᠍ᠳᠠᠪᠠᠯ ᠠᠯᠠᠭ᠍ᠰᠠᠨ ᠦᠭᠡᠢ ᠴᠢᠨᠢ ᠪᠠᠭ᠎ᠠ ᠭᠡᠷᠡᠭ ᠭᠡᠵᠤ ᠪᠤᠲᠤ᠌ ᠭᠡᠵᠦ ᠰᠤᠷᠭᠠᠳᠠᠭ᠃ ᠡᠷ᠎ᠡ ᠬᠦᠮᠦᠨ ᠲᠤᠭ ᠴᠤ᠌ ᠪᠡᠷᠢᠨᠡ ᠲᠤᠭᠤᠯ ᠴᠤ᠌ ᠬᠠᠷᠢᠭᠤᠯᠤᠨᠡ ᠭᠡᠲᠡᠭ᠃ ᠬᠠᠭᠠᠯᠭ᠎ᠠ ᠡᠬᠦᠲᠡᠨᠤ ᠬᠠᠪᠲᠠᠰᠤᠨ ᠲᠡᠭᠡᠷ᠎ᠡ ᠵᠤᠭ᠍ᠰᠤᠵᠤ ᠭᠢᠰᠭᠢᠵᠦ᠍ ᠪᠣᠯᠬᠤ ᠦᠭᠡᠢ ᠭᠡᠬᠦ᠌ ᠮᠡᠲᠦᠴᠢᠯᠡᠨ ᠣᠯᠠᠨ ᠠᠷᠪᠢᠨ ᠶᠤᠰᠤ ᠰᠤᠷᠭᠠᠯ ᠪᠠᠢᠲᠠᠭ᠃
ᠡᠢᠮᠦᠷᠬᠦᠦ ᠤᠯᠠᠮᠵᠢᠯᠠᠯᠳᠤ ᠭᠡᠷ᠎ᠤᠨ ᠰᠤᠷᠭᠠᠯ᠂ ᠰᠠᠢᠬᠠᠨ ᠵᠠᠩ ᠵᠠᠩᠱᠢᠯ ᠶᠤᠰᠤ ᠰᠤᠷᠲᠠᠬᠤᠨ᠎ᠢᠶᠠᠨ ᠦᠷ᠎ᠡ ᠬᠤᠢᠴᠢᠰ᠎ᠲᠠᠭᠠᠨ ᠦᠪᠯᠡᠨ ᠣᠯᠠᠮᠵᠢᠯᠠᠵᠦ᠍᠂ ᠦᠶ᠎ᠡ᠎ᠶ᠋ᠢᠨ ᠦᠶ᠎ᠡ᠎ᠳᠡᠭᠡᠨ ᠵᠠᠯᠭᠠᠮᠵᠢᠯᠠᠨ ᠰᠤᠷᠭᠠᠬᠤ ᠪᠣᠯᠣᠭᠠᠰᠠᠢ᠃