ᠰᠡᠳᠭᠢᠯ᠎ᠤᠨ ᠬᠡᠷᠡᠯ
2025-11-12 10:36:05
ᠵᠣᠬᠢᠶᠠᠭ᠍ᠴᠢ᠄
ᠲᠦᠮᠡᠳ ᠶᠦᠩᠷᠣᠩᠪᠠᠯ
ᠣᠩᠱᠢᠭ᠍ᠰᠠᠨ ᠣᠳᠠᠭ᠎ᠠ᠄
★★★☆☆

ᠪᠠᠭ᠎ᠠ ᠪᠠᠢᠬᠤ᠎ᠳᠤ ᠮᠠᠨᠠᠢᠬᠢ ᠪᠠᠷᠠᠭᠤᠨ ᠱᠢᠯᠢ᠎ᠶ᠋ᠢᠨ ᠡᠩᠬᠡᠷ᠎ᠲᠤ ᠨᠣᠳᠣᠭ᠍ᠯᠠᠳᠠᠭ᠃ ᠬᠡᠳᠣᠨ ᠠᠬ᠎ᠠ ᠡᠭᠡᠴᠢ ᠮᠢᠨᠢ ᠰᠣᠷᠭᠠᠭᠤᠯᠢ᠎ᠳᠤ ᠶᠠᠪᠣᠭᠠᠳ ᠪᠠᠭ᠎ᠠ ᠡᠭᠡᠴᠢ ᠪᠢᠳᠠ ᠬᠤᠶᠠᠭᠤᠯᠠ ᠭᠡᠷ᠎ᠲᠡᠭᠡᠨ ᠦᠯᠡᠳᠡᠵᠦ᠍᠂ ᠠᠪᠤ ᠡᠵᠢ᠂ ᠡᠮᠡᠭᠡ᠎ᠲᠠᠢ᠎ᠪᠠᠨ ᠡᠳᠣᠷ ᠬᠤᠨᠤᠭ ᠦᠩᠬᠡᠷᠡᠭᠡᠨ᠂ ᠬᠡᠷ᠎ᠤᠨ ᠣᠷᠴᠢᠮ᠎ᠤᠨ ᠪᠣᠳᠣᠭ᠍ᠳᠣ ᠬᠠᠳᠠ᠎ᠶ᠋ᠢ ᠱᠢᠯᠦᠰᠣ᠎ᠪᠠᠷ᠎ᠢᠶᠠᠨ ᠨᠣᠷᠭᠠᠨ ᠨᠢᠳᠣ ᠬᠦᠮᠦᠰᠭᠡ᠎ᠪᠠᠨ ᠭᠤᠶᠣᠯᠠᠨ ᠪᠣᠳᠠᠩ ᠳᠣᠭᠤᠰᠣ ᠡᠷᠬᠢᠬᠦᠯᠦᠨ ᠡᠳᠣᠷᠵᠢᠨ ᠪᠣᠬᠢᠯᠠᠵᠦ᠍ ᠪᠠᠢᠭ᠍ᠰᠠᠨ ᠴᠠᠭ ᠳ᠋ᠠ᠃

ᠮᠠᠨᠠᠢᠬᠢ ᠲᠡᠷᠡ ᠦᠶ᠎ᠡ ᠢᠮᠠᠭ᠎ᠠ ᠬᠠᠷᠢᠭᠤᠯᠳᠠᠭ ᠠᠢᠯ ᠪᠠᠢᠭ᠍ᠰᠠᠨ ᠪᠣᠯᠬᠤᠷ ᠦᠷᠯᠦᠬᠡ ᠪᠣᠯᠣᠭ᠍ᠰᠠᠭᠠᠷ ᠡᠵᠢ ᠮᠢᠨᠢ ᠪᠢᠳᠠ ᠬᠡᠳᠦᠬᠦᠯᠡ᠎ᠶ᠋ᠢᠨ ᠭᠤᠣᠯ᠎ᠢ ᠨᠣᠷᠭᠠᠮᠠᠭ᠍ᠴᠠ ᠯᠠ ᠢᠮᠠᠭᠠᠨ᠎ᠳᠠᠭᠠᠨ ᠶᠠᠪᠣᠴᠢᠬᠠᠳᠠᠭ᠃ ᠦᠳᠡᠰᠢ᠎ᠨᠢ ᠬᠠᠶᠠ᠎ᠳᠠᠭᠠᠨ ᠡᠵᠢ ᠮᠢᠨᠢ ᠳᠣᠰᠣᠨ ᠳ᠋ᠧᠩ᠎ᠤᠨ ᠪᠦᠳᠡᠬᠢ ᠬᠡᠷᠡᠯ᠎ᠳᠤ ᠵᠣᠯᠤᠭ ᠳᠣᠣᠴᠢᠬᠤ᠎ᠶ᠋ᠢᠨ ᠬᠠᠵᠠᠭᠤ᠎ᠪᠠᠷ ᠪᠢᠳᠠᠨ᠎ᠳᠤ ᠦᠯᠢᠬᠡᠷ ᠶᠡᠷᠢᠨ᠎ᠡ᠃

— ᠤᠵᠠᠭᠤᠷ᠎ᠲᠤ ᠪᠠᠢᠵᠦ᠍ ᠬᠡᠨ᠎ᠡ᠂ ᠨᠢᠬᠡ ᠠᠢᠯ ᠭᠤᠷᠪᠠᠨ ᠬᠡᠣᠬᠡᠨ᠎ᠲᠠᠢ ᠬᠡᠨ᠎ᠡ᠂ ᠳᠡᠭᠡᠭᠡᠳ ᠡᠵᠢ᠎ᠨᠢ ᠦᠷᠯᠦᠬᠡ ᠪᠣᠯᠣᠭ᠍ᠰᠠᠭᠠᠷ ᠢᠮᠠᠭ᠎ᠠ᠎ᠪᠠᠨ ᠬᠠᠷᠢᠭᠤᠯᠬᠤ᠎ᠪᠠᠷ ᠶᠠᠪᠣᠳᠠᠭ ᠬᠡᠨ᠎ᠡ ᠬᠡᠳ ᠡᠬᠢᠯᠡᠬᠦ᠌᠎ᠳᠤ ᠮᠠᠨᠠᠢᠬᠢᠨ ᠴᠦ᠍ ᠴᠡᠴᠡᠭ᠂ ᠭᠤᠸ᠎ᠠ᠂ ᠳᠣᠶᠠᠭ᠎ᠠ ᠬᠡᠬᠦ᠌ ᠭᠤᠷᠪᠠᠨ ᠬᠡᠣᠬᠡᠨ᠎ᠲᠠᠢ ᠪᠣᠯᠬᠤᠷ ᠶᠠᠭ ᠯᠠ ᠮᠠᠨ᠎ᠤ ᠬᠡᠷ᠎ᠤᠨ ᠦᠯᠢᠬᠡᠷ᠎ᠢ ᠶᠠᠷᠢᠵᠦ᠍ ᠪᠠᠢᠬᠤ ᠱᠢᠬ᠂ ᠨᠠᠩ ᠴᠦ᠍ ᠢᠮᠠᠭ᠎ᠠ ᠬᠠᠷᠢᠭᠤᠯᠵᠦ᠍ ᠪᠠᠢᠬᠤ᠎ᠨᠢ ᠴᠦ᠍ ᠠᠳᠠᠯᠢᠬᠠᠨ᠂ ᠡᠬᠡᠴᠢ ᠪᠢᠳᠠ ᠬᠤᠶᠠᠷ ᠡᠷᠡᠣ᠎ᠪᠠᠨ ᠳᠣᠯᠣᠨ ᠳᠣᠷᠠᠳᠠᠢ ᠰᠣᠨᠣᠰᠣᠨ᠎ᠠ᠃

— ᠨᠢᠬᠡᠨ ᠡᠳᠣᠷ ᠡᠵᠢ᠎ᠨᠢ ᠢᠮᠠᠭᠠᠨ᠎ᠠᠴᠠ᠎ᠪᠠᠨ ᠬᠠᠷᠢᠭᠠᠳ ᠢᠷᠡᠬᠦ᠌᠎ᠳᠤ ᠪᠦᠳᠦᠨ ᠪᠠᠶ᠎ᠠ ᠦᠨᠡᠰᠣ᠎ᠲᠠᠢ ᠬᠠᠷᠢᠵᠦ ᠢᠷᠡᠬᠦ᠎ᠳᠤ ᠶᠡᠭᠡ ᠡᠬᠡᠴᠢ᠎ᠨᠢ᠄

— ᠲᠠ ᠮᠠᠨ᠎ᠤ ᠡᠵᠢ ᠪᠢᠰᠢ ᠪᠠᠢᠨ᠎ᠠ᠂ ᠡᠵᠢ ᠮᠢᠨᠢ ᠶᠡᠷᠣ᠎ᠠᠴᠠ ᠪᠦᠳᠦᠨ ᠪᠠᠶ᠎ᠠ ᠦᠨᠡᠰᠣ᠎ᠲᠠᠢ ᠢᠷᠡᠳᠡᠭ ᠦᠬᠡᠢ ᠭᠡᠳ ᠣᠷᠣᠭᠤᠯᠣᠭ᠍ᠰᠠᠨ ᠦᠬᠡᠢ᠂ ᠬᠤᠶᠠᠳᠣᠭᠠᠷ ᠡᠬᠡᠴᠢ᠎ᠨᠢ ᠡᠵᠢ ᠮᠢᠨᠢ ᠮᠠᠩᠨᠠᠢ ᠳᠡᠭᠡᠷ᠎ᠡ᠎ᠪᠠᠨ ᠮᠡᠩᠬᠡ᠎ᠲᠠᠢ᠂ ᠴᠢ ᠪᠢᠳᠠᠨ᠎ᠤ ᠡᠵᠢ ᠪᠢᠰᠢ ᠪᠠᠢᠨ᠎ᠠ ᠬᠡᠳ ᠮᠦᠨᠴᠤ ᠣᠷᠣᠭᠤᠯᠣᠭ᠍ᠰᠠᠨ ᠦᠬᠡᠢ ᠬᠡᠨ᠎ᠡ᠃  ᠡᠵᠢ᠎ᠨᠢ ᠪᠣᠯᠵᠦ᠍ ᠬᠤᠪᠢᠯᠣᠭᠠᠳ ᠢᠷᠡᠭ᠌ᠰᠡᠨ ᠮᠠᠩᠭᠤᠰ ᠡᠮᠡᠬᠡᠨ᠄

— ᠮᠢᠨᠣ ᠪᠠᠭ᠎ᠠ ᠬᠡᠣᠬᠡᠨ ᠡᠬᠦᠳᠡ᠎ᠪᠠᠨ ᠨᠡᠬᠡᠬᠡᠴᠢᠬᠡ᠂ ᠪᠢ ᠡᠵᠢ᠎ᠨᠢ ᠪᠠᠢᠨ᠎ᠠ ᠱᠢᠤ᠂ ᠲᠦᠩᠬᠡᠵᠢ ᠦᠨᠡᠰᠣᠨ ᠳᠡᠭᠡᠷ᠎ᠡ ᠣᠨᠠᠴᠢᠬᠠᠯ᠎ᠠ ᠬᠡᠬᠦ᠌᠎ᠳᠤ ᠪᠠᠭ᠎ᠠ ᠬᠡᠤᠬᠡᠨ᠎ᠨᠢ 《ᠡᠵᠢ ᠮᠢᠨᠢ ᠮᠦᠨ ᠪᠠᠢᠨ᠎ᠠ》 ᠬᠡᠳ ᠡᠬᠦᠳᠡ᠎ᠪᠠᠨ ᠨᠡᠬᠡᠭᠡᠬᠡᠳ ᠣᠷᠣᠭᠤᠯᠴᠢᠬᠠᠵᠦ᠍ ᠬᠡᠨ᠎ᠡ ᠭᠡᠳ ᠶᠠᠷᠢᠬᠤ᠎ᠳᠤ ᠪᠢ ᠬᠡᠷ᠎ᠤᠨ ᠵᠡᠬᠦᠨ ᠡᠮᠣᠨ᠎ᠡ ᠪᠠᠢᠳᠠᠭ ᠦᠨᠡᠰᠣᠨ ᠣᠪᠣᠭ᠎ᠠ᠎ᠶ᠋ᠢ ᠳᠡᠰᠭᠡᠯ ᠦᠬᠡᠢ ᠰᠠᠨᠠᠭᠠᠳ ᠳᠣᠳᠣᠷ᠎ᠠ ᠰᠡᠷᠢᠬᠦᠤ ᠣᠷᠬᠢᠭᠠᠳ ᠶᠠᠪᠣᠴᠢᠬᠠᠳᠠᠭ᠃

ᠬᠠᠷ᠎ᠠ ᠱᠢᠪᠠᠭ᠎ᠤᠨ ᠪᠠᠯᠠᠷ᠎ᠲᠤ ᠡᠳᠣᠷᠵᠢᠨ ᠢᠮᠠᠭ᠎ᠠ ᠬᠤᠨᠢ᠂ ᠲᠦᠯᠡᠭᠡ ᠲᠦᠯᠡᠰᠢ᠎ᠲᠠᠢ᠎ᠪᠠᠨ ᠵᠣᠳᠣᠯᠳᠣᠭ᠍ᠰᠠᠨ ᠡᠵᠢ ᠮᠢᠨᠢ ᠦᠪᠡᠷ᠎ᠤᠨ ᠴᠡᠭᠡᠵᠢᠨ ᠳᠣᠳᠣᠷ᠎ᠠ᠎ᠪᠠᠨ ᠪᠠᠢᠭ᠎ᠠ ᠳᠡᠬᠡᠳᠣ᠎ᠠᠴᠠ ᠣᠯᠠᠮᠵᠢᠯᠠᠭ᠍ᠰᠠᠨ ᠦᠯᠢᠬᠡᠷ ᠳᠣᠮᠤᠭ᠎ᠢ ᠪᠢᠳᠠᠨ᠎ᠳᠤ ᠶᠠᠷᠢᠵᠦ᠍᠂ ᠨᠢᠯᠬ᠎ᠠ ᠪᠠᠭ᠎ᠠ ᠪᠢᠳᠠᠨ᠎ᠤ ᠬᠡᠬᠦᠳᠡᠭ ᠴᠡᠬᠡᠵᠢ᠎ᠶ᠋ᠢ ᠢᠩᠬᠢᠵᠦ᠍ ᠯᠠ ᠢᠳᠡᠭ ᠢᠳᠡᠭ᠎ᠢᠶᠠᠷ ᠬᠡᠬᠡ ᠣᠷᠣᠭᠤᠯᠣᠭ᠍ᠰᠠᠨ ᠶᠤᠮ᠃ ᠡᠵᠢ ᠮᠢᠨᠢ ᠦᠮᠦᠳᠣᠨ ᠱᠢᠷᠬᠤᠨᠠᠭ᠎ᠢᠶᠠᠨ ᠳᠡᠭᠡᠭ᠌ᠰᠢ ᠱᠢᠭᠤᠨ᠂ ᠭᠤᠷᠪᠠᠨ ᠡᠷᠴᠢᠮ ᠣᠯᠣᠰᠣᠨ ᠣᠳᠠᠰᠣ᠎ᠶ᠋ᠢ ᠱᠢᠯᠦᠰᠣ᠎ᠪᠠᠷ᠎ᠢᠶᠠᠨ ᠨᠤᠷᠭᠠᠭᠠᠳ ᠲᠠᠮᠣᠵᠦ᠍ ᠳᠠᠮᠣᠭ᠍ᠰᠠᠨ᠎ᠢᠶᠠᠨ ᠦᠷᠬᠦᠯᠵᠢᠯᠡᠨ ᠦᠯᠢᠬᠡᠷ᠎ᠢᠶᠠᠨ ᠶᠠᠷᠢᠨ᠎ᠠ᠃

— ᠳᠡᠬᠡᠬᠡᠳ ᠰᠠᠶᠢᠬᠢ ᠡᠵᠢ᠎ᠨᠢ ᠡᠳᠣᠷ ᠪᠣᠯᠪᠠᠯ ᠭᠤᠷᠪᠠᠨ ᠬᠡᠣᠬᠡᠨ᠎ᠢᠶᠠᠨ ᠵᠠᠷᠣᠵᠦ᠍ ᠳᠠᠮᠨᠠᠭᠤᠷ ᠳᠠᠮᠨᠠᠭᠤᠷ ᠬᠠᠳᠠᠭᠠᠭ᠍ᠰᠠᠨ ᠮᠢᠬ᠎ᠠ ᠬᠦᠰᠭᠦᠯᠡᠬᠦᠯᠵᠦ᠂ ᠳᠠᠢᠯᠠᠭᠤᠷ ᠳᠠᠢᠯᠠᠭᠤᠷ ᠣᠰᠣ ᠳᠠᠮᠨᠠᠭᠤᠯᠣᠨ᠂ ᠠᠮᠣᠨ ᠳᠣᠭᠤᠭ᠎ᠠ ᠲᠦᠬᠦᠷᠡᠩ ᠪᠣᠳᠠᠭ᠎ᠠ ᠴᠢᠨᠠᠭᠤᠯᠳᠠᠭ ᠬᠡᠨ᠎ᠡ᠃ ᠶᠡᠭᠡ ᠬᠤᠶᠠᠷ ᠡᠭᠡᠴᠢ᠎ᠨᠢ ᠲᠡᠢᠮᠣ ᠶᠡᠭᠡ ᠪᠣᠳᠠᠭ᠎ᠠ ᠢᠳᠡᠵᠦ᠍ ᠪᠠᠷᠠᠳᠠᠭ ᠶᠣᠮ ᠤᠤ? ᠬᠡᠬᠦ᠌᠎ᠳᠤ᠂

— ᠪᠠᠷᠠᠯ ᠦᠬᠡᠢ ᠶᠠᠭᠠᠬᠢᠬᠤᠪ ᠬᠡᠳ ᠪᠣᠳᠠᠭ᠎ᠠ ᠪᠣᠯᠬᠤ᠎ᠶ᠋ᠢ ᠬᠦᠯᠢᠶᠡᠵᠦ᠍ ᠶᠠᠳᠠᠨ ᠱᠢᠯᠦᠰᠣ ᠣᠰᠣ᠎ᠪᠠᠨ ᠰᠠᠪᠢᠷᠠᠭᠤᠯᠣᠨ᠂ ᠠᠷᠵᠠᠭᠠᠷ ᠰᠣᠶᠤᠭ᠎ᠠ᠎ᠪᠠᠨ ᠰᠡᠷᠡᠢᠯᠬᠡᠵᠦ᠍᠂ ᠠᠭᠤᠢ ᠮᠡᠳᠣ ᠠᠮᠠ ᠣᠷᠣᠭᠤ᠎ᠪᠠᠨ ᠱᠢᠨᠠᠭ᠎ᠠ ᠱᠢᠨᠠᠭ᠎ᠠ᠎ᠪᠠᠷ ᠴᠢᠳᠭᠤᠭᠠᠳ ᠬᠤᠷᠣᠮᠬᠠᠨ ᠵᠠᠭᠤᠷ᠎ᠠ ᠪᠠᠷᠠᠴᠢᠬᠠᠳᠠᠭ ᠬᠡᠨ᠎ᠡ᠃

《ᠦᠬᠡᠨ ᠳᠣᠳᠣᠷ᠎ᠠ ᠦᠬᠡ᠂ ᠦᠨᠢᠶᠡᠨ ᠳᠣᠳᠣᠷ᠎ᠠ ᠳᠣᠭᠤᠯ》 ᠬᠡᠳᠡᠭ᠎ᠢᠶᠠᠷ ᠦᠨᠡᠨ᠎ᠳᠡᠭᠡᠨ ᠮᠠᠩᠭᠤᠰ᠎ᠤᠨ ᠠᠷᠵᠠᠭᠠᠷ ᠰᠣᠶᠤᠭ᠎ᠠ᠂ ᠠᠭᠤᠢ ᠮᠡᠳᠣ ᠠᠮᠠ᠎ᠶ᠋ᠢ ᠪᠣᠳᠣᠮᠠᠭ᠍ᠴᠠ ᠠᠢᠳᠠᠰ ᠬᠦᠷᠴᠦ᠍᠂ ᠬᠤᠭᠤᠯᠠ ᠪᠣᠳᠠᠭ᠎ᠠ ᠢᠳᠡᠬᠦ᠌ ᠪᠣᠯᠣᠭ᠍ᠰᠠᠭᠠᠷ ᠪᠠᠭ᠎ᠠ ᠪᠠᠭ᠎ᠠ ᠡᠮᠬᠦᠨ᠂ ᠰᠠᠮ ᠰᠠᠮ ᠳᠣᠣᠭᠠᠷᠳᠠᠭ᠎ᠨᠢ ᠣᠳᠠᠭᠠᠨ᠎ᠳᠠᠭᠠᠨ ᠶᠣᠰᠣ ᠪᠢᠰᠢ ᠵᠠᠩᠱᠢᠯ ᠪᠣᠯᠴᠢᠬᠠᠭ᠍ᠰᠠᠨ᠎ᠢ ᠪᠣᠳᠣᠬᠤᠯᠠᠷ ᠦᠯᠢᠬᠡᠷ᠎ᠨᠢ ᠬᠡᠮ᠎ᠢ ᠡᠮᠨᠡᠬᠦ᠌ ᠳᠣᠮ ᠪᠠᠢᠬᠰᠠᠨ ᠪᠠᠢᠵᠠᠢ᠃

ᠬᠡᠳᠣᠨ ᠵᠢᠯ᠎ᠤᠨ ᠳᠠᠷᠠᠭ᠎ᠠ ᠮᠠᠨᠠᠢᠬᠢ ᠵᠠᠬᠦᠨᠰᠢ ᠪᠠᠭᠤᠨ ᠮᠠᠩᠬ᠎ᠠ ᠳᠠᠯᠠᠩ ᠲᠡᠷᠡᠯᠡᠨ᠂ ᠨᠣᠭᠤ ᠳᠠᠯ᠎ᠠ ᠢᠰᠭᠦᠯᠵᠦ᠍᠂ ᠭᠤᠣᠯ ᠭᠤᠷᠤᠬ᠎ᠠ ᠬᠠᠷᠠᠭᠤᠯᠳᠠᠭ᠍ᠰᠠᠨ ᠱᠢᠷ᠎ᠠ ᠳᠠᠯ᠎ᠠ ᠬᠡᠰᠡᠨ ᠰᠠᠢᠬᠠᠨ ᠭᠠᠵᠠᠷ ᠨᠣᠳᠣᠭ᠍ᠰᠢᠵᠦ᠍ ᠪᠢᠯᠡ᠃ ᠭᠠᠯᠠᠭᠤᠳᠣ ᠰᠣᠮᠣ ᠮᠠᠨ᠎ᠤ ᠡᠮᠣᠨ᠎ᠡ ᠵᠦᠭ᠎ᠲᠤ ᠳᠠᠪᠣᠨ ᠭᠠᠵᠠᠷ᠎ᠤᠨ ᠦᠵᠦᠬᠦᠷ᠎ᠲᠤ ᠪᠠᠢᠷᠢᠱᠢᠵᠦ᠍᠂ ᠰᠣᠮᠣᠨ᠎ᠤ ᠣᠷᠣᠢ᠎ᠨᠢ ᠠᠵᠦ᠍ ᠠᠬᠤᠢ᠂ ᠠᠷᠠᠯᠵᠢᠶ᠎ᠠ ᠮᠠᠢᠮᠠᠢ᠂ ᠰᠣᠶᠣᠯ ᠣᠷᠠᠯᠢᠭ᠂ ᠬᠦᠮᠦᠨ ᠵᠤᠨ ᠬᠦᠷᠦᠯᠡᠭ᠌ᠰᠡᠨ ᠬᠤᠳᠠ ᠭᠠᠵᠠᠷ᠎ᠤᠨ ᠲᠦᠷᠦᠭ᠌ᠳᠡᠯ᠎ᠢ ᠦᠭ᠌ᠴᠦ᠂ ᠰᠣᠮᠣᠨ᠎ᠳᠤ ᠶᠠᠪᠣᠬᠤ᠎ᠨᠢ ᠳᠣᠩ ᠪᠠᠶᠠᠷ᠎ᠲᠠᠢ ᠣᠴᠢᠷ ᠪᠠᠢᠵᠦ᠍ ᠪᠢᠯᠠ᠃ ᠲᠦᠮᠡᠨ ᠶᠠᠭᠠᠷᠠᠣ ᠠᠵᠢᠯ᠎ᠤᠨ ᠴᠢᠯᠦᠬᠡ᠎ᠪᠠᠨ ᠵᠠᠢᠴᠢᠯᠠᠨ ᠠᠪᠤ ᠮᠢᠨᠢ ᠬᠠᠶᠠ ᠰᠣᠮᠣᠨ᠎ᠳᠤ ᠶᠠᠪᠣᠨ᠎ᠠ᠃ ᠳᠡᠬᠡᠬᠦ᠌᠎ᠳᠤᠨᠢ ᠬᠠᠮᠤᠭ᠎ᠤᠨ ᠪᠠᠭ᠎ᠠ ᠬᠠᠮᠠᠷ᠎ᠤᠨ ᠦᠵᠦᠬᠦᠷ ᠨᠠᠮᠠᠶ᠋ᠢ ᠳᠠᠭᠠᠭᠤᠯᠣᠨ᠎ᠠ᠃ ᠵᠠᠷᠢᠮ᠎ᠳᠠᠭᠠᠨ ᠬᠠᠯᠳᠠᠷ ᠯᠠᠭᠤᠰᠠᠨ ᠬᠠᠰᠠᠭ᠎ᠢᠶᠠᠨ ᠬᠦᠯᠵᠦ᠍᠂ ᠵᠠᠷᠢᠮ᠎ᠳᠠᠭᠠᠨ ᠬᠠᠷ᠎ᠠ ᠬᠠᠯᠵᠠᠨ ᠮᠣᠷᠢᠨ᠎ᠳᠠᠭᠠᠨ ᠱᠢᠷᠢᠳᠡᠭ᠎ᠢᠶᠠᠨ ᠳᠣᠬᠤᠨ ᠳᠡᠭᠡᠷ᠎ᠡ᠎ᠨᠢ ᠣᠯᠠᠭᠠᠨ ᠡᠷᠢᠶᠡᠨ ᠳᠠᠩᠰᠠ᠎ᠪᠠᠨ ᠳᠣᠬᠤᠭᠠᠳ ᠨᠠᠮᠠᠶ᠋ᠢ ᠡᠮᠣᠨ᠎ᠡ᠎ᠪᠠᠨ ᠰᠣᠨᠳᠠᠯᠠᠭᠤᠯᠣᠭᠠᠳ ᠬᠠᠢᠷᠴᠠᠭ ᠵᠢᠷᠤᠭ᠎ᠠ᠎ᠪᠠᠷ ᠰᠡᠮᠡᠷᠡᠬᠦᠯᠴᠢᠬᠡᠨ᠎ᠡ᠃ ᠰᠣᠮᠣᠨ᠎ᠤ ᠬᠤᠢᠳᠣ ᠳᠠᠯ᠎ᠠ᠎ᠠᠴᠠ ᠣᠷᠣᠭᠠᠳ ᠳᠠᠮᠠᠢ ᠶᠠᠪᠣᠯ ᠦᠬᠡᠢ ᠵᠠᠮ᠎ᠤᠨ ᠪᠠᠷᠠᠭᠤᠨ ᠳᠠᠯ᠎ᠠ᠎ᠳᠤ ᠱᠢᠣᠳᠠᠨ ᠰᠠᠯᠪᠣᠷᠢ ᠪᠠᠢᠷᠢᠯᠠᠵᠦ᠍ ᠪᠠᠢᠳᠠᠭ᠃ ᠲᠡᠷᠡ ᠦᠶ᠎ᠡ᠎ᠳᠤ ᠨᠠᠳᠠᠳᠣ ᠦᠭ᠌ᠬᠦᠭ᠌ᠰᠡᠨ ᠬᠠᠮᠤᠭ᠎ᠤᠨ ᠬᠦᠨ ᠰᠠᠭᠤᠭ᠍ᠳᠠᠯ ᠪᠣᠯ ᠳᠡᠨᠳᠡᠬᠢ᠎ᠶ᠋ᠢᠨ ᠠᠯᠢᠪᠠ ᠪᠦᠬᠦᠨ ᠬᠦᠨ ᠨᠣᠭᠤᠭᠠᠨ ᠦᠩᠬᠡ᠎ᠲᠠᠢ ᠪᠠᠢᠳᠠᠭ᠃ ᠬᠦᠨ ᠨᠣᠭᠤᠭᠠᠨ ᠦᠩᠬᠡᠳᠡᠢ ᠫᠠᠢᠵᠠ᠂ ᠬᠦᠨ ᠨᠣᠭᠤᠭᠠᠨ ᠦᠩᠬᠡᠳᠡᠢ ᠡᠬᠦᠳᠡ ᠴᠣᠩᠬᠤ᠂ ᠱᠢᠷ᠎ᠠ ᠪᠢᠴᠢᠭ᠎ᠲᠠᠢ ᠬᠦᠨ ᠨᠣᠭᠤᠭᠠᠨ ᠳᠠᠯᠢᠩ ᠭᠠᠨᠵᠣᠭᠠᠯᠠᠭ᠍ᠰᠠᠨ ᠬᠦᠨ ᠨᠣᠭᠤᠭᠠᠨ ᠦᠩᠬᠡᠳᠡᠢ ᠳᠣᠭᠤᠢ ᠳᠡᠷᠭᠡ᠂ ᠬᠦᠮᠦᠨ᠎ᠤ ᠬᠢᠷᠢ ᠪᠦᠳᠦᠬᠦᠨ ᠬᠦᠨ ᠨᠣᠭᠤᠭᠠᠨ ᠦᠩᠬᠡᠳᠡᠢ ᠵᠠᠬᠢᠳᠠᠯ ᠬᠢᠳᠡᠭ ᠶᠣᠮ ᠤᠤ? ᠶᠠᠭᠤ ᠬᠢᠳᠡᠭ ᠶᠣᠮ ᠪᠣᠣ ᠮᠡᠳᠡ ᠳᠡᠮᠣᠷ ᠲᠦᠩᠰᠡ ᠁ ᠬᠡᠳ ᠯᠠ ᠠᠯᠢᠪᠠ ᠪᠦᠬᠦᠨ᠎ᠨᠢ ᠮᠢᠨᠤ ᠨᠢᠳᠣ᠎ᠶ᠋ᠢ ᠰᠣᠷᠢᠨᠵᠢᠨ ᠮᠡᠳᠣ ᠳᠠᠳᠠᠳᠠᠭ᠂ ᠰᠠᠯᠪᠣᠷᠢ᠎ᠶ᠋ᠢᠨ ᠬᠡᠷ᠎ᠨᠢ ᠳᠣᠮᠳᠠ᠎ᠪᠠᠨ ᠬᠤᠩᠬᠢᠯ᠎ᠲᠠᠢ ᠵᠡᠬᠦᠨ ᠪᠠᠷᠠᠭᠤᠨ ᠬᠤᠶᠠᠷ ᠦᠷᠦᠬᠡ᠎ᠲᠠᠢ ᠪᠠᠢᠳᠠᠭ᠂ ᠵᠡᠬᠦᠨ ᠦᠷᠦᠬᠡᠨ᠎ᠳᠤᠨᠢ ᠣᠷᠣᠬᠤ᠎ᠳᠤ ᠠᠷᠪᠢᠨ ᠬᠡᠭ᠌ᠴᠢ᠎ᠶ᠋ᠢᠨ ᠣᠳᠠᠰᠣ ᠬᠢᠯᠭᠠᠰᠣ ᠵᠠᠯᠭᠠᠭ᠍ᠰᠠᠨ ᠦᠨᠳᠣᠷ ᠠᠪᠳᠠᠷ᠎ᠠ᠎ᠨᠢ ᠶᠡᠭᠡ ᠯᠠ ᠱᠢᠨᠵᠢᠯᠡᠬᠦ᠌ ᠣᠬᠠᠭᠠᠨᠴᠢ ᠰᠠᠨᠠᠭ᠍ᠳᠠᠭᠤᠯᠣᠨ᠎ᠠ᠃ ᠬᠠᠶᠠ᠎ᠳᠠᠭᠠᠨ ᠠᠪᠤ ᠮᠢᠨᠢ ᠶᠡᠭᠡ ᠰᠣᠷᠭᠠᠭᠤᠯᠢ᠎ᠳᠤ ᠰᠣᠷᠴᠦ᠍ ᠪᠠᠢᠭ᠎ᠠ ᠠᠬ᠎ᠠ᠎ᠳᠤ ᠳ᠋ᠢᠶᠠᠨᠪᠣᠣ ᠢᠯᠡᠬᠡᠬᠦ᠌ ᠬᠡᠬᠦ᠌᠎ᠳᠤ ᠱᠢᠣᠳᠠᠨᠴᠢ ᠠᠬ᠎ᠠ ᠦᠨᠳᠣᠷ ᠠᠪᠳᠠᠷ᠎ᠠ᠎ᠶ᠋ᠢᠨ ᠡᠮᠣᠨ᠎ᠡ ᠰᠠᠭᠤᠵᠦ᠍ ᠴᠢᠬᠢᠨ᠎ᠳᠡᠭᠡᠨ ᠳᠣᠮᠣ ᠮᠦᠬᠦ᠌ ᠱᠢᠭ ᠣᠭ᠍ᠯᠠᠭᠤᠷᠭ᠎ᠠ ᠣᠭ᠍ᠯᠠᠵᠦ᠍᠂ ᠦᠨᠦᠬᠢ ᠳᠣᠯᠣᠭᠠᠢ᠎ᠳᠤᠨᠢ ᠳᠠᠮᠣᠷ ᠱᠣᠭᠤᠭ᠍ᠰᠠᠨ ᠣᠳᠠᠰᠣ᠎ᠶ᠋ᠢ ᠦᠨᠳᠣᠷ ᠠᠪᠳᠠᠷᠠᠨ᠎ᠳᠡᠬᠢ ᠵᠢᠵᠢᠭ᠌ᠬᠡᠨ ᠨᠦᠬᠡᠨ᠎ᠳᠤ ᠬᠠᠶᠠ ᠱᠢᠷᠭᠤᠭᠤᠯᠣᠨ ᠬᠠᠶᠠ ᠰᠣᠭᠤᠯᠵᠦ᠍ ᠪᠠᠷᠠᠭᠤᠨ ᠭᠠᠷ᠎ᠲᠠᠭᠠᠨ ᠡᠷᠳᠡᠭᠡᠷ ᠪᠠᠷᠢᠪᠴᠢ ᠪᠠᠷᠢᠭᠠᠳ 《ᠳ᠋ᠠᠯ ᠳ᠋ᠠᠯ》 ᠎ᠬᠢᠨ ᠳᠠᠷᠣᠬᠤ᠎ᠨᠢ ᠳᠣᠩ ᠯᠠ ᠭᠠᠢᠬᠠᠮᠱᠢᠭ᠍ᠳᠠᠢ ᠪᠦᠭᠡᠳ ᠨᠢᠭᠤᠴᠠᠭᠠᠢ ᠰᠠᠨᠠᠭ᠍ᠳᠠᠵᠦ᠍ ᠪᠠᠢᠯ᠎ᠠ᠃ ᠪᠠᠷᠤᠭ ᠯᠠ ᠣᠴᠢᠬᠤ᠎ᠶ᠋ᠢᠨ ᠪᠣᠯᠭᠠᠨ ᠱᠢᠣᠳᠠᠨᠴᠢ ᠠᠬ᠎ᠠ ᠳᠡᠯᠡᠢ᠎ᠠᠴᠠ ᠳᠡᠬᠦᠵᠢᠯᠡᠭ᠌ᠰᠡᠨ ᠲᠦᠯᠬᠢᠬᠦᠷ᠎ᠢᠶᠠᠨ ᠱᠣᠷᠴᠢᠬᠢᠨᠠᠭᠤᠯᠣᠨ ᠪᠠᠢᠵᠦ᠍ ᠪᠠᠷᠠᠭᠤᠨ ᠦᠷᠦᠬᠡᠨ᠎ᠤ ᠣᠨᠢᠰᠣ᠎ᠶ᠋ᠢ ᠨᠡᠬᠡᠬᠡᠬᠦ᠌᠎ᠳᠤ ᠳᠣᠳᠣᠷ᠎ᠠ᠎ᠨᠢ ᠨᠢᠬᠡ ᠠᠯᠪᠠᠨ ᠱᠢᠷᠡᠭᠡ ᠪᠠᠢᠳᠠᠭ᠃ ᠲᠡᠷᠡ ᠱᠢᠷᠡᠭᠡᠨ ᠱᠢᠷᠭᠣᠭᠤᠣᠯ᠎ᠠᠴᠠ ᠨᠢᠬᠡᠨ ᠳᠡᠪᠳᠡᠷ ᠭᠠᠷᠭᠠᠨ ᠬᠡᠳᠣᠨ ᠶᠠᠭᠤᠮ᠎ᠠ ᠡᠷᠢᠶᠡᠴᠢᠬᠡᠳ ᠳᠠᠷᠠᠭ᠎ᠠ᠎ᠨᠢ ᠴᠠᠭᠠᠨ᠎ᠠ ᠮᠣᠬᠤᠷ᠎ᠲᠤ ᠬᠦᠷᠴᠦ᠍ ᠬᠡᠳᠣᠨ ᠳᠡᠪᠳᠡᠷ ᠠᠪᠣᠭᠠᠳ ᠠᠪᠤ᠎ᠳᠤ ᠦᠭ᠌ᠳᠡᠭ᠃ ᠳᠡᠳᠡᠭᠡᠷ ᠳᠡᠪᠳᠡᠷ᠎ᠤᠳ᠎ᠨᠢ ᠪᠣᠯ ᠠᠪᠤ᠎ᠶ᠋ᠢᠨ ᠵᠠᠬᠢᠶᠠᠯᠠᠭ᠍ᠰᠠᠨ ᠰᠡᠳᠬᠦᠯ᠎ᠤᠳ ᠪᠢᠯᠡ᠃ ᠠᠪᠤ ᠵᠠᠬᠢᠶᠠᠯᠠᠯ᠎ᠠ ᠬᠡᠵᠦ᠍ ᠳ᠋ᠠ᠂ ᠦᠨᠡᠨ᠎ᠳᠡᠭᠡᠨ ᠬᠡᠣᠬᠡᠳ᠎ᠤᠳ᠎ᠤᠨ᠎ᠢᠶᠠᠨ ᠨᠢᠳᠣ᠎ᠶ᠋ᠢ ᠨᠡᠬᠡᠬᠡᠨ ᠭᠠᠳᠠᠨ᠎ᠠ ᠳᠣᠳᠣᠨ᠎ᠠ᠎ᠶ᠋ᠢᠨ ᠰᠣᠨᠢᠨ᠎ᠢ ᠦᠵᠡᠬᠦᠯᠬᠦ᠌ ᠬᠡᠰᠡᠨ ᠪᠠᠢᠯᠬᠦᠢ᠂ ᠳᠡᠳᠡᠭᠡᠷ᠎ᠤᠨ ᠳᠣᠮᠳᠠ᠎ᠠᠴᠠ ᠮᠢᠨᠣ ᠬᠠᠮᠤᠭ᠎ᠤᠨ ᠦᠵᠡᠬᠦ᠌ ᠳᠣᠷᠠᠳᠠᠢ ᠰᠡᠳᠬᠦᠯ᠎ᠨᠢ ᠪᠣᠯ ᠬᠡᠷᠡᠯ ᠵᠢᠷᠤᠭ᠎ᠢᠶᠠᠷ ᠪᠦᠷᠢᠯᠳᠦᠭ᠌ᠰᠡᠨ᠂ ᠱᠢᠨᠡᠷᠬᠦᠣ ᠮᠠᠶᠢᠭ᠎ᠤᠨ ᠬᠤᠪᠴᠠᠰᠣ ᠬᠤᠨᠠᠷ᠎ᠲᠠᠢ᠂ ᠬᠡᠵᠢᠬᠡ ᠦᠰᠦ᠎ᠪᠠᠨ ᠦᠷᠪᠦᠢᠯᠬᠡᠵᠦ᠍ ᠲᠠᠩᠨᠠᠭ᠍ᠰᠠᠨ ᠭᠤᠶᠣ ᠬᠡᠣᠬᠡᠨᠴᠣᠳ ᠪᠠ ᠭᠡᠳᠣᠷᠠᠬᠦᠯᠵᠦ᠍ ᠬᠡᠯᠡᠪᠡᠯ ᠳᠣᠬᠤᠢ ᠬᠢᠷᠢ ᠦᠷᠬᠡᠨ ᠱᠢᠷᠬᠤᠨᠠᠭ᠎ᠲᠠᠢ ᠯᠠᠪᠠ ᠦᠮᠦᠳᠣ ᠡᠮᠦᠰᠦᠭᠰᠡᠨ ᠵᠠᠯᠠᠭᠤᠴᠣᠳ᠎ᠤᠨ ᠰᠡᠬᠦᠳᠡᠷ ᠵᠢᠷᠤᠭ᠎ᠲᠠᠢ 《ᠮᠦᠩᠬᠦᠨ ᠬᠦᠱᠢᠬᠡ》 ᠰᠡᠳᠬᠦᠯ ᠪᠢᠯᠡ᠃ ᠬᠤᠷᠠᠭ᠎ᠠ ᠬᠠᠷᠢᠭᠤᠯᠣᠭ᠍ᠰᠠᠨ ᠴᠦ᠍ ᠲᠡᠷᠡ᠂ ᠭᠠᠯ ᠲᠦᠯᠡᠭ᠌ᠰᠡᠨ ᠴᠦ᠍ ᠲᠡᠷᠡ ᠦᠨᠦᠬᠢ ᠳᠡᠪᠳᠡᠷ᠎ᠢᠶᠠᠨ ᠪᠠᠷᠢᠭᠠᠳ ᠶᠠᠬᠡᠯ᠎ᠠ ᠰᠣᠭ᠍ᠳᠣᠭᠤᠷᠠᠳᠠᠭ ᠪᠢᠯᠡ ᠪᠢ᠃ ᠶᠠᠭ ᠯᠠ ᠡᠢᠮᠣᠷᠬᠦᠦ ᠱᠢᠨᠣᠯ᠎ᠲᠠᠢ ᠲᠦᠷᠢ᠎ᠨᠢ ᠠᠪᠤ᠎ᠶ᠋ᠢ ᠮᠢᠨᠢ ᠬᠦᠳᠡᠯᠬᠡᠨ᠂ ᠬᠡᠳᠣᠨ ᠬᠤᠨᠢᠨ᠎ᠤ᠎ᠪᠠᠨ ᠠᠬᠣᠷ᠎ᠠᠴᠠ ᠣᠯᠣᠭ᠍ᠰᠠᠨ ᠮᠦᠩᠬᠦᠨ ᠰᠡᠮᠡᠷᠬᠡᠢ᠎ᠪᠠᠨ ᠪᠠᠷᠢᠨ ᠳᠠᠬᠢᠨ ᠳᠠᠪᠳᠠᠨ ᠱᠢᠣᠳᠠᠨ ᠰᠠᠯᠪᠣᠷᠢ᠎ᠶ᠋ᠢᠨ ᠪᠣᠱᠤᠭ᠎ᠠ᠎ᠶ᠋ᠢ ᠠᠯᠬᠤᠭᠤᠯᠣᠭ᠍ᠰᠠᠨ ᠴᠦ᠍ ᠮᠠᠭᠠᠳ᠃ ᠣᠳᠣ ᠪᠣᠳᠣᠬᠤ᠎ᠳᠤ ᠳᠣᠳᠣᠷ᠎ᠠ ᠱᠢᠮᠱᠢᠷᠡᠬᠦ᠌ ᠶᠣᠮ ᠡ! ᠰᠡᠬᠦᠯᠳᠡᠭᠡᠳ ᠦᠰᠦᠭ ᠨᠢᠳᠣᠯᠡᠭᠡᠳ ᠢᠷᠡᠬᠦ᠌᠎ᠳᠤ ᠳᠡᠳᠡᠬᠡᠷ ᠰᠡᠳᠬᠦᠯ᠎ᠤᠳ᠎ᠨᠢ 《ᠱᠢᠨᠵᠢᠯᠡᠬᠦ᠌ ᠣᠬᠠᠭᠠᠨ ᠠᠮᠢᠳᠣᠷᠠᠯ》᠂ 《ᠦᠨᠢᠷ ᠴᠡᠴᠡᠭ》᠂ 《ᠠᠯᠳᠠᠨ ᠭᠠᠨᠳᠠᠷᠢ》 ᠵᠡᠷᠬᠡ ᠪᠠᠢᠭ᠍ᠰᠠᠨ᠎ᠢ ᠪᠢ ᠮᠡᠳᠡᠵᠦ᠍ ᠪᠢᠯᠡ᠃

ᠡᠵᠢ᠎ᠶ᠋ᠢᠨ ᠮᠢᠨᠢ ᠮᠠᠩᠭᠤᠰ᠎ᠤᠨ ᠦᠯᠢᠬᠡᠷ ᠦᠷᠬᠦᠯᠵᠢᠯᠡᠨ᠎ᠡ᠃

— ᠦᠳᠡᠰᠢ᠎ᠨᠢ ᠣᠨᠳᠠᠬᠤ᠎ᠪᠠᠷ ᠪᠣᠯᠬᠤ᠎ᠳᠤ ᠮᠠᠩᠭᠤᠰ ᠪᠠᠭ᠎ᠠ ᠬᠡᠣᠬᠡᠨ᠎ᠢ᠎ᠨᠢ ᠡᠪᠦᠷᠯᠡᠭᠡᠳ ᠣᠨᠳᠠᠵᠦ᠍ ᠬᠡᠨ᠎ᠡ᠃ ᠪᠢ ᠬᠡᠷ᠎ᠲᠡᠭᠡᠨ ᠬᠠᠮᠤᠭ ᠪᠠᠭ᠎ᠠ᠎ᠨᠢ ᠪᠠᠢᠭ᠍ᠰᠠᠨ ᠪᠣᠯᠬᠤᠷ ᠡᠪᠣᠷ᠎ᠲᠤ ᠣᠨᠳᠠᠬᠤ ᠳᠣᠷᠠᠳᠠᠢ ᠪᠠᠢᠭ᠍ᠰᠠᠨ᠎ᠨᠢ ᠮᠡᠳᠡᠬᠡᠵᠢ᠃ ᠡᠵᠢ ᠮᠠᠩᠭᠤᠰ ᠡᠮᠡᠬᠡᠨ᠎ᠨᠢ ᠪᠠᠭ᠎ᠠ ᠬᠡᠣᠬᠡᠨ᠎ᠢ᠎ᠨᠢ ᠡᠪᠣᠷᠯᠡᠯ᠎ᠡ ᠭᠡᠬᠦᠯᠡᠷ ᠮᠠᠩᠭᠤᠰ ᠬᠡᠵᠦ᠍ ᠪᠠᠢᠭ᠎ᠠ ᠪᠣᠯᠪᠠᠴᠦ᠍᠂ ᠡᠪᠦᠷ᠎ᠲᠤ ᠣᠨᠳᠠᠬᠤ᠎ᠶ᠋ᠢᠨ ᠬᠠᠯᠠᠭᠤᠨ ᠳᠣᠯᠠᠭᠠᠨ᠎ᠳᠤ ᠠᠮᠳᠠᠱᠢᠭ᠍ᠰᠠᠨ ᠨᠠᠮ᠎ᠠ᠎ᠳᠤ ᠲᠡᠢᠮᠣ ᠠᠶᠣᠮᠠᠷ ᠰᠠᠨᠠᠭ᠍ᠳᠠᠭ᠍ᠰᠠᠨ ᠦᠬᠡᠢ᠃ ᠬᠠᠱᠢᠯᠠ ᠬᠠᠮᠠᠷ ᠠᠮᠠ᠎ᠪᠠᠨ ᠭᠤᠣᠴᠢᠯᠠᠨ ᠡᠵᠢ᠎ᠶ᠋ᠢᠨ᠎ᠢᠶᠠᠨ ᠠᠮᠠ᠎ᠶ᠋ᠢ ᠠᠩᠭᠠᠢᠨ ᠱᠤᠤᠬᠢᠳᠣᠨᠠᠨ᠎ᠠ᠃

— ᠰᠦᠨᠢ ᠳᠣᠮᠳᠠ ᠮᠠᠩᠭᠤᠰ ᠨᠢᠬᠡ ᠶᠠᠭᠤᠮ᠎ᠠ 《ᠲᠤᠷ᠎ᠲᠤᠷ》 ᠎ᠬᠢᠨ ᠵᠠᠵᠢᠯᠵᠦ᠍ ᠪᠠᠢᠨ᠎ᠠ ᠬᠡᠨ᠎ᠡ᠃ ᠶᠡᠭᠡ ᠡᠭᠡᠴᠢ᠎ᠨᠢ ᠰᠣᠨᠣᠰᠣᠭᠠᠳ᠂

— ᠡᠵᠢ ᠶᠠᠭᠤ ᠵᠠᠵᠢᠯᠵᠦ᠍ ᠪᠠᠢᠨ᠎ᠠ?

— ᠦ᠂ ᠪᠢ ᠴᠣᠷᠮ᠎ᠠ ᠵᠠᠵᠢᠯᠵᠦ᠍ ᠪᠠᠢᠨ᠎ᠠ

— ᠴᠣᠷᠮ᠎ᠠ ᠠᠮᠳᠠᠳᠠᠢ ᠪᠠᠢᠨ᠎ᠠ ᠤᠤ? ᠡᠵᠢ ᠡ?

— ᠠᠮᠳᠠᠳᠠᠢ ᠠᠮᠳᠠᠳᠠᠢ᠂ ᠴᠢ ᠪᠠᠰᠠ ᠢᠳᠡᠬᠦ᠌ ᠶᠣᠮ ᠤᠤ? ᠮᠠᠢ ᠬᠡᠳ ᠨᠢᠬᠡ ᠬᠡᠰᠡᠭ ᠦᠭᠬᠦᠭᠰᠡᠨ᠎ᠢ ᠶᠡᠭᠡ ᠡᠭᠡᠴᠢ᠎ᠨᠢ ᠠᠪᠣᠭᠠᠳ ᠳᠡᠮᠳᠡᠷᠢᠬᠦᠯᠡᠷ ᠬᠡᠣᠬᠡᠳ᠎ᠤᠨ ᠱᠢᠭᠡᠵᠢ ᠬᠤᠷᠣᠭᠤ ᠪᠠᠢᠵᠦ᠍ ᠭᠡᠨ᠎ᠡ᠃ ᠵᠠ! ᠣᠳᠣ ᠯᠣᠭ᠍ᠰᠣ ᠪᠣᠯᠣᠭ᠍ᠰᠠᠨ᠂ ᠪᠢ ᠶᠠᠭᠠᠷᠠᠣ ᠮᠠᠩᠳᠡᠬᠦᠣ ᠬᠤᠶᠠᠷ ᠭᠠᠷ᠎ᠢᠶᠠᠨ ᠰᠠᠷᠪᠠᠢᠯᠭᠠᠨ ᠦᠵᠡᠭᠡᠳ ᠠᠷᠪᠠᠨ ᠬᠤᠷᠣᠭᠤ ᠪᠦᠳᠦᠨ ᠪᠠᠢᠬᠤ᠎ᠳᠤ ᠵᠢᠭᠠᠬᠠᠨ ᠰᠠᠨᠠᠭ᠎ᠠ ᠠᠮᠠᠷᠠᠵᠦ᠍᠂ ᠬᠤᠷᠳᠣᠬᠠᠨ ᠠᠳᠭᠤᠭᠠᠳ ᠬᠤᠶᠠᠷ ᠭᠠᠷ᠎ᠢᠶᠠᠨ ᠵᠦᠷᠢᠬᠦᠯᠡᠨ ᠰᠣᠭᠤᠨ᠎ᠤ᠎ᠪᠠᠨ ᠳᠣᠣᠭᠤᠷ ᠴᠢᠬᠢᠨ ᠨᠢᠭᠤᠪᠠ᠃

ᠦᠯᠢᠬᠡᠷ ᠳᠣᠣᠯᠢᠰ᠎ᠢᠶᠠᠷ ᠬᠡᠣᠬᠡᠳ᠎ᠤᠨ ᠨᠢᠯᠬ᠎ᠠ ᠣᠬᠠᠭ᠎ᠠ᠎ᠶ᠋ᠢ ᠨᠡᠬᠡᠬᠡᠵᠦ᠍᠂ ᠬᠡᠣᠬᠡᠳ ᠪᠣᠯᠭᠠᠨ᠎ᠤ᠎ᠪᠠᠨ ᠵᠠᠩ᠎ᠳᠤ ᠬᠠᠨᠳᠣᠭᠤᠯᠵᠦ᠍ ᠰᠣᠷᠭᠠᠳᠠᠭ᠎ᠨᠢ ᠨᠡᠬᠡᠷᠡᠨ ᠮᠡᠷᠬᠡᠨ ᠣᠬᠠᠭᠠᠨ ᠪᠠᠢᠵᠦ᠍ ᠳ᠋ᠠ᠃ ᠣᠳᠣ ᠪᠣᠳᠣᠬᠤ᠎ᠳᠤ ᠪᠢ ᠪᠠᠭ᠎ᠠ᠎ᠨᠢ ᠪᠣᠯᠬᠤᠷ ᠪᠠᠷᠤᠭ᠎ᠤᠨ ᠶᠠᠭᠤᠮᠠᠨ᠎ᠠᠴᠠ ᠠᠶᠣᠬᠤ ᠦᠬᠡᠢ ᠵᠣᠷᠭᠤᠭᠤᠷ ᠵᠣᠯᠢᠭ ᠪᠠᠢᠵᠦ᠍᠂ ᠡᠵᠢ ᠮᠢᠨᠢ ᠴᠦ᠍ ᠳᠣᠰᠭᠠᠢ ᠪᠠᠭ᠎ᠠ᠎ᠶ᠋ᠢᠨ ᠬᠢᠨᠢ ᠬᠤᠷᠣᠭᠤ᠎ᠶ᠋ᠢ ᠮᠠᠩᠭᠤᠰ ᠢᠳᠡᠯ᠎ᠡ ᠬᠡᠮᠡᠨ ᠶᠠᠷᠢᠵᠦ᠍ ᠠᠶᠣᠯᠭᠠᠨ ᠨᠣᠮᠣᠬᠠᠳᠬᠠᠵᠦ ᠪᠠᠢᠵᠠᠢ᠃

ᠨᠢᠬᠡ ᠵᠣᠨ᠎ᠤ ᠬᠤᠭᠤᠴᠠᠭ᠎ᠠ ᠶᠡᠭᠡ ᠰᠣᠷᠭᠠᠭᠤᠯᠢ᠎ᠳᠤ ᠰᠣᠷᠳᠠᠭ ᠠᠬ᠎ᠠ ᠮᠢᠨᠢ ᠴᠦ᠍ ᠰᠠᠶᠢᠬᠢ 《ᠮᠦᠩᠬᠦᠨ ᠬᠦᠱᠢᠬᠡ》 ᠰᠡᠳᠬᠦᠯ ᠳᠡᠭᠡᠷ᠎ᠡ ᠭᠠᠷᠳᠠᠭ ᠮᠡᠳᠣ ᠯᠠᠪᠠ ᠦᠮᠦᠳᠣ᠎ᠲᠠᠢ᠂ ᠪᠣᠷᠵᠢᠬᠢᠷ ᠬᠡᠵᠢᠬᠡ᠎ᠲᠠᠢ ᠰᠦᠷᠡᠬᠡᠢ ᠶᠠᠭᠤᠮ᠎ᠠ ᠬᠠᠷᠢᠭᠠᠳ ᠢᠷᠡᠯ᠎ᠡ᠃ ᠪᠢ ᠳᠣᠳᠣᠷ᠎ᠠ᠎ᠪᠠᠨ ᠰᠦᠷᠡᠬᠡᠢ ᠪᠢᠱᠢᠷᠡᠭ᠌ᠰᠡᠨ ᠪᠣᠯᠪᠠᠴᠦ᠍ ᠭᠠᠳᠠᠨ᠎ᠠ᠎ᠪᠠᠨ ᠦᠯᠦ᠍ ᠳᠣᠭᠤᠬᠤ ᠲᠦᠷᠢ ᠦᠵᠡᠬᠦᠯᠪᠠ᠃ ᠬᠠᠷᠢᠨ ᠮᠢᠨᠣ ᠬᠤᠷᠣᠬᠠᠢ᠎ᠶ᠋ᠢ ᠬᠦᠳᠡᠯᠬᠡᠳᠡᠭ ᠵᠦᠢᠯ ᠪᠣᠯ ᠮᠠᠨ᠎ᠤ᠎ᠬᠢᠨ᠎ᠤ ᠳᠣᠮᠳᠠ᠎ᠪᠠᠨ ᠪᠠᠶ᠎ᠠ᠎ᠪᠠᠨ ᠦᠵᠡᠳᠡᠭ ᠱᠢᠯ᠎ᠲᠠᠢ᠂ ᠬᠤᠶᠠᠷ ᠳᠠᠯ᠎ᠠ᠎ᠳᠠᠭᠠᠨ ᠨᠡᠬᠡᠯᠡᠬᠡᠢ᠎ᠲᠠᠢ ᠱᠢᠨ᠎ᠠ ᠴᠠᠭ ᠦᠶ᠎ᠡ᠎ᠶ᠋ᠢᠨ ᠲᠦᠯᠦᠬᠡᠯᠡᠬᠦ᠌ ᠴᠢᠨᠠᠷᠳᠠᠢ ᠬᠡᠷ᠎ᠤᠨ ᠬᠡᠷᠡᠭ᠌ᠰᠡᠯ ᠪᠣᠰᠤᠭ᠎ᠠ ᠠᠪᠳᠠᠷ᠎ᠠ᠎ᠶᠢᠨ ᠪᠠᠷᠠᠭᠤᠨ ᠳᠠᠯ᠎ᠠ᠎ᠶ᠋ᠢᠨ ᠬᠠᠭᠠᠯᠭᠠᠨ ᠳᠣᠳᠣᠷ᠎ᠠ ᠳᠠᠯᠪᠢᠭ᠍ᠰᠠᠨ ᠠᠬ᠎ᠠ᠎ᠶ᠋ᠢᠨ ᠴᠢᠯᠦᠬᠡᠨ᠎ᠤ ᠬᠤᠭᠤᠴᠠᠭᠠᠨ᠎ᠳᠠᠭᠠᠨ ᠠᠪᠴᠢᠷᠠᠭᠠᠳ ᠰᠣᠷᠭᠠᠭᠤᠯᠢ ᠴᠣᠭ᠍ᠯᠠᠬᠤ᠎ᠳᠤ ᠠᠪᠣᠭᠠᠳ ᠶᠠᠪᠣᠴᠢᠬᠠᠳᠠᠭ ᠨᠣᠮ᠎ᠤᠳ ᠪᠣᠯᠣᠨ᠎ᠠ᠃ ᠳᠡᠳᠡᠭᠡᠷ᠎ᠲᠤ 《ᠮᠣᠷᠢ ᠣᠨᠣᠭ᠍ᠰᠠᠨ ᠳᠣᠯᠣᠭᠠᠢ ᠦᠬᠡᠢ ᠬᠦᠮᠦᠨ》᠂ 《ᠭᠠᠢᠬᠠᠮᠱᠢᠭ᠍ᠳᠣ ᠮᠤᠩᠭᠤᠯ ᠮᠣᠷᠢ》᠂ 《ᠭᠠᠳᠠᠭᠠᠳᠣ᠎ᠶ᠋ᠢᠨ ᠣᠷᠠᠨ ᠵᠣᠬᠢᠶᠠᠯ》᠂ 《ᠳᠣᠩᠭᠠᠯᠠᠭ ᠳᠠᠮᠢᠷ》᠂ 《ᠸᠠᠩ ᠨᠣᠶᠠᠨ᠎ᠤ ᠮᠦᠬᠦᠯ》᠂ 《ᠳᠠᠯ᠎ᠠ᠎ᠶ᠋ᠢᠨ ᠲᠦᠳᠡᠭ》 ᠵᠡᠷᠬᠡ ᠨᠣᠮ᠎ᠤᠳ ᠪᠠᠢᠵᠦ᠍᠂ ᠵᠠᠪᠰᠠᠷ ᠯᠠ ᠭᠠᠷᠪᠠᠯ ᠦᠨᠦᠬᠢ ᠨᠣᠮ᠎ᠤᠳ᠎ᠢ ᠴᠢᠨᠡᠭᠡ ᠮᠡᠳᠡᠨ ᠣᠩᠱᠢᠳᠠᠭ ᠪᠠᠢᠭ᠍ᠰᠠᠨ᠃ ᠣᠳᠣ ᠪᠣᠳᠣᠬᠤ᠎ᠳᠤ ᠳᠡᠳᠡᠬᠡᠷ ᠨᠣᠮ᠎ᠤᠳ᠎ᠤᠨ ᠦᠬᠡ ᠦᠬᠦᠯᠡᠪᠦᠷᠢ᠂ ᠣᠳᠭ᠎ᠠ ᠰᠠᠨᠠᠭ᠎ᠠ᠎ᠨᠢ ᠮᠢᠨᠣ ᠣᠶᠣᠨ ᠰᠠᠨᠠᠭᠠᠨ᠎ᠳᠤ ᠬᠤᠷ᠎ᠠ ᠣᠰᠣ ᠱᠢᠬ ᠱᠢᠮᠡᠳᠣᠨ ᠣᠷᠣᠵᠦ᠍ ᠪᠠᠢᠵᠦ᠍ ᠳ᠋ᠠ᠃

ᠲᠦᠷᠦᠬᠦᠣ ᠬᠤᠶᠠᠷ ᠵᠢᠯ ᠪᠢ ᠰᠣᠷᠪᠣᠯᠵᠢᠯᠠᠭ᠎ᠠ ᠬᠦᠯᠢᠶᠡᠬᠦ᠌᠎ᠳᠤ ᠡᠵᠢ᠎ᠶ᠋ᠢᠨ ᠦᠯᠢᠬᠡᠷ᠂ ᠠᠪᠤ ᠵᠢᠨ ᠰᠡᠳᠬᠦᠯ᠂ ᠠᠬ᠎ᠠ᠎ᠶ᠋ᠢᠨ ᠨᠣᠮ᠎ᠤᠨ ᠳᠣᠬᠠᠢ ᠶᠠᠷᠢᠬᠤ᠎ᠳᠤ ᠰᠣᠷᠪᠣᠯᠵᠢᠯᠠᠭ᠍ᠴᠢ 《ᠦ᠂ ᠲᠠ ᠳᠡᠭᠡᠪᠡᠯ ᠬᠠᠷᠠᠬᠠᠨ ᠪᠠᠭ᠎ᠠ᠎ᠠᠴᠠ᠎ᠪᠠᠨ ᠨᠣᠮ ᠰᠣᠳᠣᠷ᠂ ᠪᠢᠴᠢᠭ ᠰᠣᠶᠣᠯ᠎ᠲᠠᠢ ᠣᠷᠴᠢᠨ ᠳᠣᠭᠤᠷᠢᠨ᠎ᠳᠤ ᠦᠰᠦᠭ᠌ᠰᠡᠨ ᠪᠣᠯᠬᠤᠷ᠎ᠢᠶᠠᠨ ᠡᠳᠦᠬᠡ ᠴᠦ᠍ ᠪᠢᠴᠢᠭ ᠰᠣᠶᠣᠯ ᠣᠷᠣᠯᠳᠣᠨ ᠶᠠᠪᠣᠵᠦ᠍ ᠪᠠᠢᠭ᠎ᠠ ᠶᠣᠮ ᠪᠠᠢᠨ᠎ᠠ》 ᠬᠡᠮᠡᠨ ᠶᠠᠷᠢᠵᠦ᠍ ᠪᠢᠯᠡ᠃ ᠡᠨᠡ ᠬᠦ᠌ ᠦᠨᠡᠯᠡᠯᠳᠡ ᠪᠣᠯ ᠮᠢᠨᠣ ᠬᠠᠮᠤᠭ᠎ᠤᠨ ᠶᠡᠭᠡ ᠦᠩᠬᠡ ᠬᠡᠷᠡᠯ ᠪᠣᠯᠣᠨ᠎ᠠ᠃

ᠡᠵᠢ᠎ᠶ᠋ᠢᠨ ᠮᠢᠨᠢ ᠦᠯᠢᠬᠡᠷ ᠦᠷᠬᠦᠯᠵᠢᠯᠡᠵᠦ᠍ ᠪᠠᠢᠨ᠎ᠠ᠃

— ᠮᠠᠩᠭᠤᠰ ᠡᠵᠢ᠎ᠶ᠋ᠢ᠎ᠨᠢ ᠢᠳᠡᠭᠡᠳ᠂ ᠳᠡᠳᠡᠨ᠎ᠢ ᠬᠠᠭᠤᠷᠴᠦ᠍ ᠢᠳᠡᠬᠦ᠌᠎ᠪᠠᠷ ᠢᠷᠡᠭ᠌ᠰᠡᠨ᠎ᠢ ᠮᠡᠳᠡᠭᠡᠳ ᠭᠤᠷᠪᠠᠨ ᠬᠡᠣᠬᠡᠨ ᠨᠢᠬᠡ ᠨᠢᠬᠡ᠎ᠪᠠᠨ ᠰᠡᠮᠡᠬᠡᠷ ᠳᠠᠭᠤᠳᠠᠨ ᠰᠦᠨᠢᠵᠢᠨ ᠳᠣᠳᠠᠭᠠᠵᠦ᠍ ᠬᠡᠨ᠎ᠡ᠃ ᠳᠡᠳᠡ ᠴᠢᠨᠡᠭᠡ ᠮᠡᠳᠡᠨ ᠳᠣᠳᠠᠭᠠᠭᠠᠳ ᠨᠢᠬᠡ ᠮᠣᠳᠣᠨ᠎ᠤ ᠳᠣᠣᠷ᠎ᠠ ᠬᠦᠷᠦᠬᠡᠳ ᠶᠡᠭᠡ᠎ᠨᠢ ᠬᠤᠶᠠᠳᠣᠭᠠᠷ᠎ᠢᠶᠠᠨ ᠳᠠᠳᠠᠨ᠂ ᠬᠤᠶᠠᠳᠣᠭᠠᠷ᠎ᠨᠢ ᠪᠠᠭ᠎ᠠ᠎ᠪᠠᠨ ᠳᠡᠳᠡᠨ ᠮᠣᠳᠣᠨ᠎ᠤ ᠣᠷᠣᠢ᠎ᠳᠤ ᠲᠦᠩᠬᠡᠵᠢ ᠭᠠᠷᠬᠤ᠎ᠳᠤ ᠮᠠᠩᠭᠤᠰ ᠴᠦ᠍ ᠳᠡᠳᠡᠨ᠎ᠤ ᠬᠤᠢᠨ᠎ᠠ᠎ᠠᠴᠠ ᠮᠠᠴᠣᠭ᠍ᠰᠠᠭᠠᠷ ᠪᠠᠭ᠎ᠠ᠎ᠶ᠋ᠢᠨ ᠬᠢᠨᠢ ᠬᠦᠯ᠎ᠠᠴᠠ ᠳᠠᠳᠠᠮᠠᠷ ᠪᠣᠯᠵᠦ᠍ ᠪᠠᠢᠳᠠᠯ᠎ᠠ᠂ ᠳᠡᠭ᠌ᠷᠢ᠎ᠳᠤ ᠨᠢᠬᠡᠨ ᠬᠤᠨ ᠭᠠᠯᠠᠭᠤ ᠨᠢᠰᠴᠦ᠍ ᠢᠷᠡᠭᠡᠳ ᠳᠡᠳᠡᠨ᠎ᠳᠤ ᠳᠡᠭᠡᠰᠣ ᠪᠠᠭᠤᠯᠭᠠᠵᠦ᠍᠂ ᠭᠤᠷᠪᠠᠨ ᠬᠡᠣᠬᠡᠨ ᠦᠨᠦᠬᠢ ᠳᠡᠬᠡᠰᠣᠨ᠎ᠤ ᠦᠵᠦᠬᠦᠷ᠎ᠲᠤ ᠡᠯᠬᠦᠭ᠌ᠳᠡᠨ ᠠᠶᠠᠯᠠᠵᠦ᠍ ᠳᠡᠭ᠌ᠷᠢ᠎ᠶ᠋ᠢᠨ ᠣᠷᠣᠨ᠎ᠳᠤ ᠬᠦᠷᠦᠭᠡᠳ ᠰᠠᠬᠢᠭᠤᠯᠰᠣᠨ ᠪᠣᠯᠵᠦ᠍ ᠬᠡᠨ᠎ᠡ᠃

ᠲᠡᠢᠮᠣ ᠡ᠂ ᠬᠡᠬᠡ᠎ᠠᠴᠠ ᠬᠡᠷᠡᠯ ᠬᠦᠷᠬᠦ᠌ ᠵᠠᠢ᠎ᠶ᠋ᠢ ᠰᠠᠬᠢᠭᠤᠯᠰᠣᠨ ᠯᠠ ᠰᠠᠶᠢ ᠳᠡᠮᠵᠢᠵᠦ᠍ ᠴᠢᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号