《ᠭᠠᠭ᠍ᠴᠠ ᠴᠠᠭᠠᠨ ᠮᠠᠩᠬ᠎ᠠ》
ᠮᠦᠷᠥᠭᠡᠳᠥᠯ᠎ᠤᠨ ᠴᠡᠩᠭᠡᠷ ᠨᠤᠲ
ᠴᠡᠪᠡᠷᠭᠡᠨ ᠳᠤᠷᠠᠯᠠᠯ᠎ᠢᠶᠠᠷ ᠴᠤᠢᠯᠠᠭ᠍ᠰᠠᠨ
ᠳᠤᠷᠠᠯᠠᠯ᠎ᠤᠨ ᠴᠠᠭᠠᠨ ᠰᠤᠪᠤᠷᠭ᠎ᠠ
ᠴᠢᠩ ᠬᠠᠢᠷ᠎ᠠ᠎ᠶ᠋ᠢᠨ ᠦᠨᠡᠨ᠎ᠢ
ᠡᠯᠡᠰᠤ ᠬᠤᠪᠢᠯᠵᠤ ᠳᠠᠭᠤᠯᠠᠭ᠍ᠰᠠᠨ
ᠴᠠᠭᠠᠨ ᠳᠠᠯ᠎ᠠ᠎ᠶ᠋ᠢᠨ ᠭᠤᠤᠯ᠎ᠳᠤ
ᠭᠠᠭ᠍ᠴᠠᠭᠠᠷ ᠱᠤᠷᠤᠢᠵᠤ ᠦᠯᠡᠳᠡᠭ᠌ᠰᠡᠨ᠃
ᠴᠤᠬᠢᠶᠠᠨ ᠳᠡᠭᠡᠷ᠎ᠡ᠎ᠠᠴᠠ᠎ᠪᠠᠨ ᠱᠢᠭᠤᠷᠴᠤ᠌
ᠳᠠᠰᠤᠷᠠᠴᠢᠬᠠᠶᠠ ᠭᠡᠵᠤ ᠪᠤᠰᠤᠭ᠍ᠰᠠᠨ
ᠦᠨᠠᠨᠴᠢ ᠢᠨᠠᠭ᠎ᠤᠨ ᠨᠢᠯᠪᠤᠰᠤ ᠱᠢᠭ᠋
ᠡᠩᠭᠡᠷ ᠳᠡᠭᠡᠷ᠎ᠡ᠎ᠪᠠᠨ ᠤᠨᠠᠭ᠍ᠰᠠᠨ
ᠰᠡᠳᠭᠢᠯ᠎ᠳᠡᠭᠡᠨ ᠦᠭᠡᠢᠯᠡᠭ᠌ᠰᠡᠨ ᠬᠦᠮᠥᠨ
ᠡᠳᠥᠷ ᠳᠤᠵᠢ ᠰᠠᠭᠤᠭ᠍ᠰᠠᠨ
ᠤᠶᠠᠷᠠᠯ᠎ᠳᠤᠨᠢ ᠬᠠᠢᠯᠤᠭ᠍ᠰᠠᠨ ᠡᠯᠡᠰᠤ
ᠮᠦᠷᠥᠭᠡᠳᠤᠯ ᠪᠤᠯᠵᠤ ᠮᠦᠩᠭᠡᠷᠡᠭ᠌ᠰᠡᠨ᠃
《ᠦᠨᠳᠤᠷ ᠴᠠᠭᠠᠨ ᠮᠠᠩᠬ᠎ᠠ》
ᠭᠠᠵᠠᠷ᠎ᠤᠨ ᠭᠠᠭ᠍ᠴᠠᠬᠠᠨ ᠵᠢᠷᠥᠭᠡ
ᠦᠶ᠎ᠡ᠎ᠶ᠋ᠢᠨ ᠰᠠᠢᠬᠠᠨ ᠠᠮᠠᠷᠠᠭᠢ
ᠱᠢᠩᠭᠡᠭᠡᠵᠤ ᠦᠯᠡᠳᠡᠭ᠌ᠰᠡᠨ ᠰᠡᠳᠭᠢᠯ
《ᠤᠷᠳᠤᠰ》 ᠭᠡᠳᠡᠭ ᠦᠨᠳᠦᠷᠯᠢᠭ ᠳᠡᠭᠡᠷ᠎ᠡ
ᠤᠢᠯᠠᠵᠤ ᠪᠠᠢᠳᠠᠭ ᠴᠤᠬᠢᠶ᠎ᠠ
ᠤᠶᠠᠷᠠᠯ᠎ᠤᠨ ᠬᠦᠨ ᠠᠶᠠᠰ ᠳᠡᠭᠡᠷ᠎ᠡ
ᠦᠭᠡ᠎ᠲᠠᠢ ᠦᠯᠡᠳᠡᠭ᠌ᠰᠡᠨ ᠮᠠᠩᠬ᠎ᠠ᠃
ᠴᠠᠭᠠᠨ ᠳᠠᠷᠠᠰᠤᠨᠤᠪᠠᠨ ᠡᠩᠭᠡᠷ ᠳᠡᠭᠡᠷ᠎ᠡ
ᠬᠠᠢᠷ᠎ᠠ᠎ᠶ᠋ᠢᠨ ᠳᠠᠭᠤᠤ ᠬᠤᠪᠢᠯᠤᠭ᠍ᠰᠠᠨ
ᠴᠠᠭᠠᠨ ᠳᠤᠭᠤᠷᠤᠤ ᠱᠢᠭ᠋ ᠦᠨᠠᠨᠴᠢ
ᠳᠤᠷᠠᠯᠠᠯ᠎ᠢᠶᠠᠨ ᠮᠠᠨᠠᠵᠤ ᠰᠠᠭᠤᠭ᠍ᠰᠠᠨ
ᠴᠠᠭᠠᠨ ᠡᠬᠦᠯᠡᠨᠤ ᠰᠡᠬᠦᠳᠡᠷ ᠳᠤᠤᠷ᠎ᠠ
ᠴᠠᠭ᠎ᠢ ᠳᠤᠭᠠᠯᠠᠵᠤ ᠤᠶᠠᠷᠠᠭ᠍ᠰᠠᠨ
ᠴᠠᠢᠯᠭᠠᠨ ᠬᠠᠢᠷ᠎ᠠ᠎ᠶ᠋ᠢ ᠱᠢᠪᠱᠢᠵᠤ
ᠳᠤᠤᠯᠢ᠎ᠶ᠋ᠢᠨ ᠮᠠᠩᠬ᠎ᠠ ᠰᠦᠮᠪᠤᠷᠯᠡᠭ᠌ᠰᠡᠨ᠃
《ᠭᠠᠭ᠍ᠴᠠ ᠴᠠᠭᠠᠨ ᠮᠠᠩᠬ᠎ᠠ》
ᠮᠠᠩᠬ᠎ᠠ ᠪᠢᠰᠢ ᠬᠠᠢᠷ᠎ᠠ ᠶᠤᠮ
ᠭᠠᠵᠠᠷ ᠳᠡᠭᠡᠷ᠎ᠡ ᠰᠦᠨᠳᠡᠷᠯᠡᠭ᠌ᠰᠡᠨ
ᠳᠤᠷᠠᠯᠠᠯ᠎ᠤᠨ ᠴᠠᠭᠠᠨ ᠳᠤᠤᠯᠢ ᠶᠤᠮ
ᠭᠠᠷᠠᠭ᠎ᠢ ᠬᠦᠨᠳᠡᠵᠤ ᠤᠶᠠᠷᠠᠭ᠍ᠰᠠᠨ
ᠳᠠᠭᠤᠣ᠎ᠶᠢᠨ ᠨᠠᠢ᠍ᠮᠡᠳᠡᠬᠢ ᠨᠤᠲ ᠶᠤᠮ
ᠭᠠᠨᠳᠠᠷᠢᠰᠤᠨ ᠪᠠᠯᠭᠠᠰᠤᠨ᠎ᠳᠤ ᠮᠦᠩᠭᠡᠷᠡᠭ᠌ᠰᠡᠨ
ᠱᠢᠳᠢ᠎ᠳᠤ ᠴᠠᠭᠠᠨ ᠱᠢᠯᠥᠭ ᠶᠤᠮ᠃