ᠠᠩᠬᠠᠨ᠎ᠤ ᠴᠠᠰᠤ —
ᠨᠠᠮᠤᠷ᠎ᠤᠨ ᠨᠠᠷᠠᠨ᠎ᠤ ᠠᠯᠲᠠᠨ ᠥᠩᠭᠡ᠎ᠪᠠᠷ
ᠨᠠᠪᠴᠢ᠎ᠨᠢ ᠱᠢᠷᠠᠯᠠᠭᠠ ᠥᠷᠭᠡᠨ ᠲᠠᠯ᠎ᠠ᠎ᠶ᠋ᠢ
ᠡᠪᠥᠯ᠎ᠤᠨ ᠰᠠᠷᠠᠨ᠎ᠤ ᠮᠥᠩᠭᠦᠨ ᠥᠩᠭᠡ᠎ᠪᠠᠷ
ᠡᠮᠥᠰᠭᠡᠯ ᠬᠤᠶᠠᠭᠢᠨᠢ ᠰᠣᠯᠢᠶ᠎ᠠ ᠬᠡᠵᠤ
ᠣᠨ᠎ᠤ ᠲᠣᠷᠭᠠᠨ ᠠᠯᠠᠭᠠᠨ ᠳᠡᠭᠡᠷ᠎ᠡ
ᠬᠥᠩᠭᠡᠨ ᠬᠥᠩᠭᠡᠨ ᠰᠠᠪᠰᠠᠨ᠎ᠠ
ᠣᠯᠠᠨ᠎ᠤ ᠬᠤᠷᠠᠭᠠᠨ ᠮᠠᠯᠠᠭᠠᠢ ᠳᠡᠭᠡᠷ᠎ᠡ
ᠱᠢᠩᠭᠡᠨ ᠱᠢᠩᠭᠡᠨ ᠯᠠᠪᠰᠠᠨᠠ
ᠠᠩᠬᠠᠨ᠎ᠤ ᠴᠠᠰᠤ —
ᠥᠨᠳᠡᠭᠡᠨ ᠭᠠᠯᠠᠭᠤᠳ᠎ᠤᠨ ᠬᠤᠷᠭᠤᠳᠠᠭ᠍ᠰᠠᠨ
ᠭᠠᠩᠭᠠᠨᠠᠭ᠎ᠠ᠎ᠶ᠋ᠢ᠎ᠨᠢ ᠦᠳᠡᠴᠢᠭᠡᠭᠡᠳ
ᠦᠬᠡᠷ᠎ᠤᠨ ᠡᠪᠡᠷ᠎ᠢ ᠬᠠᠩᠭᠢᠨᠠᠭᠤᠯᠳᠠᠭ
ᠵᠢᠩᠭᠢᠨᠡᠭᠡᠶ᠋ᠢᠨᠢ ᠣᠭ᠍ᠲᠤᠶᠠ ᠭᠡᠵᠤ
ᠴᠠᠩᠭᠠᠭ᠍ᠰᠠᠨ ᠠᠮᠢᠲᠠᠨ᠎ᠤ ᠠᠪᠤᠷᠠᠯ
ᠲᠠᠤᠯᠠᠢ᠎ᠶ᠋ᠢᠨ ᠬᠡᠯᠡ᠎ᠳᠤ ᠬᠠᠢᠯᠠᠵᠤ ᠪᠤᠷᠠᠨᠠ
ᠠᠩᠭᠠᠭ᠍ᠰᠠᠨ ᠠᠷᠪᠢᠨᠤ ᠢᠪᠡᠭᠡᠯ
ᠠᠭᠤᠯᠠ᠎ᠶ᠋ᠢᠨ ᠪᠡᠯ᠎ᠳᠤ ᠴᠠᠢᠯᠠᠵᠤ ᠪᠤᠲᠠᠷᠠᠨ᠎ᠠ
ᠠᠩᠬᠠᠨ᠎ᠤ ᠴᠠᠰᠤ —
ᠴᠠᠯᠭᠢᠭᠠᠳ ᠪᠤᠯᠬᠤ ᠦᠭᠡᠢ ᠴᠠᠢᠳᠠᠮᠢ
ᠴᠠᠷᠴᠠᠭᠠᠵᠤ ᠨᠢᠭᠡ ᠵᠢᠩᠲᠡᠬᠦᠯᠦᠭᠡᠳ
ᠳᠡᠭ᠌ᠳᠡᠭᠡᠳ ᠪᠣᠯᠬᠤ ᠦᠭᠡᠢ ᠲᠣᠭᠤᠰᠤ᠎ᠶ᠋ᠢ
ᠳᠡᠪᠰᠡᠭᠡᠳ ᠨᠢᠭᠡ ᠠᠮᠠᠷᠠᠶ᠎ᠠ ᠭᠡᠵᠤ
ᠮᠢᠩᠭᠠᠨ ᠴᠠᠭᠠᠨ ᠡᠷᠪᠡᠬᠡᠢ
ᠡᠭᠦᠯᠡᠨ ᠳᠡᠭᠡᠷ᠎ᠡ᠎ᠠᠴᠠ ᠪᠠᠭᠤᠨ᠎ᠠ
ᠮᠥᠰᠥᠨ ᠴᠠᠭᠠᠨ ᠤᠩᠭᠠᠷᠢᠯ
ᠡᠭᠦᠳᠡᠨ ᠳᠡᠭᠡᠷ᠎ᠡ ᠮᠢᠨᠢ ᠰᠠᠭᠤᠨ᠎ᠠ