ᠪᠦᠰᠡᠬᠦᠢ ᠵᠠᠶᠠᠭ᠎ᠠ
2025-11-12 10:44:10
ᠵᠣᠬᠢᠶᠠᠭ᠍ᠴᠢ᠄
ᠪᠤᠷᠵᠢᠬᠢᠨ ᠷ᠊·ᠨᠠᠰᠤᠨᠬᠡᠱᠢᠭ
ᠣᠩᠱᠢᠭ᠍ᠰᠠᠨ ᠣᠳᠠᠭ᠎ᠠ᠄
★★★☆☆

ᠡᠭᠡᠯᠭᠡᠨ ᠪᠤᠷᠤ ᠦᠷᠥᠴᠡᠨ᠎ᠳᠡᠭᠡᠨ ᠰᠦ ᠳᠡᠭᠡᠭᠡᠭ᠌ᠰᠡᠨ ᠡᠩᠭᠡ᠎ᠶ᠋ᠢᠨ ᠳᠤᠶᠠᠭ᠎ᠠ

ᠡᠩᠬᠦᠷᠡᠢ ᠬᠦᠭᠡᠷᠥᠬᠦᠨ ᠦᠷᠡᠰ᠎ᠢᠶᠠᠨ ᠬᠡᠭᠡᠷᠡᠬᠦᠯᠬᠦ᠌ ᠤᠢ ᠪᠢᠯᠢᠭ᠎ᠤᠨ ᠵᠤᠯᠠ

ᠭᠤᠷᠪᠠᠨ ᠴᠢᠯᠠᠭᠤ᠎ᠠᠴᠠ ᠦᠷ ᠰᠡᠷᠡᠭᠡᠵᠤ ᠠᠷᠭᠠᠯ᠎ᠤᠨ ᠴᠤᠭ᠎ᠢᠶᠠᠨ ᠬᠦᠭ᠌ᠵᠢᠭᠡᠭ᠌ᠰᠡᠨ

ᠡᠩ ᠦᠭᠡᠢ ᠠᠶᠠᠨ᠎ᠤ ᠵᠦᠷᠢᠭ᠎ᠢᠶᠠᠷ ᠦᠪᠡᠷ᠎ᠢ᠎ᠪᠠᠨ ᠬᠦᠳᠥᠯᠥᠭ᠌ᠰᠡᠨ ᠳᠠᠮᠡᠤᠯᠦᠯ

ᠪᠦᠳᠥᠷᠢᠵᠤ ᠪᠤᠰᠭᠤ ᠪᠤᠷᠤᠬᠠᠨ ᠠᠮᠢᠳᠤᠷᠠᠯ᠎ᠤᠨ ᠵᠤᠪᠠᠯ ᠵᠢᠷᠭᠠᠯ᠎ᠤᠨ ᠨᠡᠬᠦᠳᠡᠯᠴᠢᠨ

ᠪᠤᠷᠤᠭᠠᠨ᠎ᠤ ᠳᠤᠰᠤᠯ ᠱᠢᠭ᠋ ᠳᠤᠳᠤᠭ᠍ᠰᠢ ᠪᠦᠮᠪᠤᠷᠢᠬᠦᠯᠬᠦ᠌ ᠦᠭᠡ ᠭᠡᠯᠡᠨ᠎ᠤ ᠨᠢᠯᠪᠤᠰᠤ

ᠳᠦᠷᠥᠵᠤ ᠰᠡᠭᠡᠭᠦ᠎ᠶ᠋ᠢᠨ ᠤᠳᠤᠮ ᠵᠠᠯᠭᠠᠭ᠍ᠴᠢ ᠢᠨᠢᠶᠠᠵᠤ ᠤᠬᠢᠯᠠᠬᠤ᠎ᠶ᠋ᠢᠨ ᠳᠠᠪᠢᠯᠠᠩ

ᠳᠡᠩᠳᠡᠬᠦᠥ ᠤᠶᠠᠬᠠᠨ ᠽᠠᠮᠪᠤᠯᠢᠩ᠎ᠤᠨ ᠪᠦᠪᠡᠢ ᠡᠭᠡᠱᠢᠭ᠌ᠯᠡᠩᠳᠤ ᠠᠶᠠᠯᠭᠤᠨ

ᠬᠠᠳᠠᠭᠤ ᠤᠷᠴᠢᠯᠠᠩ᠎ᠢ ᠴᠡᠴᠡᠭᠡᠰ᠎ᠤᠨ ᠳᠤᠤᠯᠢᠶᠠᠨ᠎ᠢᠶᠠᠷ ᠭᠤᠶᠤᠯᠠᠵᠤ ᠶᠠᠪᠤᠭ᠍ᠰᠠᠨ ᠳᠠᠬᠢᠨᠢ

ᠬᠤᠷᠮᠤᠰᠳᠠ᠎ᠶ᠋ᠢᠨ ᠭᠡᠱᠢᠭ᠎ᠲᠤᠷ ᠠᠶᠠᠭ᠎ᠠ᠎ᠪᠠᠨ ᠳᠤᠰᠳᠠᠭ ᠦᠷ᠎ᠡ᠎ᠶ᠋ᠢᠨ ᠳᠦᠯᠥᠭᠡᠨ᠎ᠤ ᠵᠢᠳᠬᠦᠯᠳᠡᠨ

ᠠᠷᠤᠭ᠎ᠢᠶᠠᠨ ᠡᠬᠦᠷᠴᠤ᠌ ᠠᠷᠭᠠᠯ᠎ᠠᠴᠠ ᠬᠤᠯᠠᠳᠠᠬᠤ᠎ᠳᠤ ᠡᠪᠡᠰᠤᠨ᠎ᠤ ᠨᠢᠳᠤ᠎ᠶ᠋ᠢ ᠵᠠᠢᠷᠳᠤᠭᠤᠯᠤᠭ᠍ᠰᠠᠨ

ᠠᠷᠢᠭᠤᠬᠠᠨ ᠰᠡᠳᠭᠢᠯ᠎ᠤᠨ ᠪᠦᠷᠢᠯᠸ᠎ᠠ ᠪᠤᠯᠤᠭ᠍ᠰᠠᠨ ᠬᠦᠮᠥᠨ ᠵᠤᠨ᠎ᠤ ᠦᠷᠬᠦᠯᠵᠢᠯᠡᠯ

ᠵᠦᠭᠡᠯᠡᠭᠡᠨ ᠮᠠᠯᠮᠠᠯᠵᠡᠬᠦ᠌ ᠴᠡᠭᠡᠨ ᠨᠠᠭᠤᠷ ᠱᠢᠭ᠋ ᠬᠠᠢᠷ᠎ᠠ᠎ᠶ᠋ᠢᠨ ᠭᠤᠸ᠎ᠠ ᠠᠷᠠᠨᠱᠢᠨ᠎ᠳᠤᠨᠢ

ᠡᠷᠬᠡᠯᠡᠬᠦ᠌ ᠳᠤᠰᠤᠮ ᠰᠠᠨᠠᠭ᠍ᠳᠠᠭᠤᠯᠤᠭᠠᠳ ᠪᠠᠢᠳᠠᠭ ᠰᠡᠳᠭᠢᠯ᠎ᠤᠨ ᠬᠠᠢᠯᠭᠠᠨ ᠡᠩᠰᠡᠷᠡᠯ

ᠳᠡᠯᠡᠭᠡᠢ᠎ᠵᠢ ᠪᠠᠭ᠍ᠳᠠᠭᠠᠭᠰᠠᠨ ᠡᠷᠭᠡ ᠴᠢᠯᠥᠭᠡᠨ᠎ᠤ ᠳᠡᠥᠭᠡ᠎ᠶ᠋ᠢᠨ ᠳᠤᠷᠠᠰᠤᠯᠳᠤ ᠳᠡᠮᠳᠡᠭ᠌ᠯᠡᠯ᠎ᠳᠤ

ᠳᠤᠷᠤᠨ᠎ᠠ᠎ᠶ᠋ᠢᠨ ᠴᠠᠭᠠᠨ ᠰᠠᠷᠠᠨ ᠳᠤᠯᠢᠳᠠᠭ᠍ᠰᠠᠨ ᠳᠤᠭᠤᠨᠤᠳᠤ᠎ᠶ᠋ᠢᠨ ᠠᠷᠢᠭᠤᠨ ᠭᠡᠭᠡ

ᠳᠡᠬᠦᠯᠢᠬᠦ᠌ ᠪᠦᠷᠬᠦᠳ᠎ᠤᠨ ᠦᠨᠥᠴᠢᠨ ᠰᠡᠬᠦᠳᠡᠷ᠎ᠢ ᠭᠠᠵᠠᠷ᠎ᠤᠨ ᠡᠯᠢᠭᠡᠨ᠎ᠳᠤ ᠵᠢᠷᠤᠭ᠍ᠯᠠᠭ᠍ᠰᠠᠨ

ᠳᠦᠷᠬᠦᠮ᠎ᠤᠨ ᠵᠠᠢ᠎ᠠᠴᠠ ᠤᠯᠠᠨ ᠵᠠᠭᠤᠨ ᠳᠡᠭ᠌ᠷᠢ᠎ᠳᠤ ᠰᠡᠢᠯᠥᠭ᠌ᠳᠡᠭ᠌ᠰᠡᠨ ᠳᠠᠮᠠᠭ᠎ᠠ

ᠳᠠᠱᠢᠬᠤ ᠨᠠᠷᠠ᠎ᠶ᠋ᠢ ᠭᠡᠵᠢᠭᠡᠳᠡᠵᠤ ᠦᠯᠡᠳᠡᠬᠦ᠌ ᠳᠠᠩᠳᠠ᠎ᠪᠠᠨ ᠬᠤᠪᠢᠨᠴᠢᠷ ᠬᠤᠷᠸ᠎ᠠ᠎ᠳᠤ

ᠳᠤᠳᠠᠭᠤ ᠪᠢᠴᠢᠭ᠌ᠳᠡᠭ᠌ᠰᠡᠨ ᠪᠦᠰᠡᠬᠦᠢ ᠵᠠᠶᠠᠭ᠎ᠠ ᠡᠩᠭᠡᠷ᠎ᠤᠨ ᠰᠠᠯᠬᠢ᠎ᠶ᠋ᠢ ᠠᠷᠭᠠᠳᠠᠨᠠᠮ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号