ᠦᠯᠢᠭᠡᠷ ᠠᠮᠳᠠᠱᠢᠬᠤ ᠮᠡᠲᠦ ᠨᠠᠮᠤᠷ ᠭᠦᠨᠱᠢᠨᠡ
ᠦᠩᠭᠡ᠎ᠨᠢ ᠢᠯᠭᠠᠷᠠᠭ᠍ᠰᠠᠨ ᠵᠢᠷᠤᠭ ᠪᠤᠯᠵᠦ᠍ ᠪᠠᠢᠭᠠᠯᠢ ᠠᠯᠠᠭ᠍ᠰᠢᠨᠠ
ᠮᠦᠩᠬᠡ᠎ᠶ᠋ᠢᠨ ᠪᠤᠰᠤ ᠴᠠᠭ ᠬᠤᠭᠤᠴᠠᠭᠠᠨ᠎ᠤ ᠵᠢᠭᠦᠷ ᠡᠯᠡᠭᠡᠵᠦ᠍
ᠮᠦᠷᠦᠭᠡᠳᠦᠯ ᠠᠰᠠᠬᠤ ᠱᠢᠭ᠋ ᠪᠠᠳᠤᠴᠠᠭᠠᠨ᠎ᠤ ᠨᠠᠪᠴᠢᠰ ᠤᠯᠠᠢᠨ᠎ᠠ
ᠭᠦᠭ᠌ᠵᠢᠮ ᠡᠬᠢᠯᠡᠬᠦ᠌ ᠮᠡᠲᠦ ᠱᠢᠪᠠᠭᠤᠳ ᠡᠭᠡᠱᠢᠭ᠌ᠯᠡᠨᠡ
ᠭᠦᠭᠲᠤᠨᠢ ᠤᠶᠠᠷᠠᠵᠦ᠍ ᠨᠠᠭᠤᠷ ᠨᠢᠯᠪᠤᠰᠤᠷᠠᠨᠠ
ᠬᠦᠮᠤᠨ᠎ᠤ ᠰᠡᠳᠭᠢᠯ᠎ᠢ ᠠᠶᠠᠷᠬᠠᠨ ᠬᠦᠨᠳᠡᠵᠦ᠍
ᠬᠦᠭ᠌ᠵᠢᠭ᠌ᠰᠡᠨ ᠭᠠᠯ᠎ᠤᠨ ᠰᠤᠷ ᠱᠢᠭ᠋ ᠪᠠᠳᠤᠴᠠᠭᠠᠨ᠎ᠤ ᠨᠠᠪᠴᠢᠰ ᠤᠯᠠᠢᠨ᠎ᠠ
ᠨᠠᠢᠷ ᠦᠷᠭᠦᠯᠵᠢᠯᠡᠬᠦ᠌ ᠱᠢᠭ ᠤᠯᠠᠷᠢᠯ ᠦᠩᠭᠡᠱᠢᠨᠡ
ᠨᠠᠢᠷᠠᠭ ᠦᠳᠭᠡᠷᠡᠵᠦ᠍ ᠰᠡᠷᠡᠯ ᠢᠭ᠌ᠳᠦᠯᠦᠨᠡ
ᠨᠤᠴᠤᠵᠦ᠍ ᠭᠦᠭ᠌ᠵᠢᠬᠦ᠌ ᠰᠡᠳᠭᠢᠬᠦᠢ᠎ᠶ᠋ᠢ ᠦᠢᠮᠡᠭᠦᠯᠵᠦ᠍
ᠨᠢᠭᠤᠴᠠ᠎ᠪᠠᠨ ᠵᠠᠳᠠᠯᠬᠤ ᠱᠢᠭ᠋ ᠪᠠᠳᠤᠴᠠᠭᠠᠨ᠎ᠤ ᠨᠠᠪᠴᠢᠰ ᠤᠯᠠᠢᠨ᠎ᠠ
ᠱᠢᠯᠦᠭ ᠲᠦᠷᠦᠬᠦ᠌ ᠱᠢᠭ ᠰᠡᠳᠭᠢᠯ ᠲᠤᠩᠭᠠᠯᠠᠭ᠍ᠰᠢᠨᠠ
ᠱᠢᠷᠡᠮᠦᠨ ᠲᠤᠭᠤᠭᠠᠨ᠎ᠳᠤ ᠦᠷᠦᠮ᠎ᠡ ᠦᠳᠭᠡᠷᠡᠨᠡ
ᠱᠢᠯ ᠬᠤᠨᠲᠠᠭ᠎ᠠ᠎ᠶ᠋ᠢ ᠰᠠᠷ᠎ᠠ ᠡᠰᠡᠷᠭᠦᠯᠡᠨ ᠲᠦ᠋ᠱᠢᠬᠦ᠌ᠳᠤ
ᠱᠢᠵᠢᠷ ᠲᠤᠶᠠᠭ᠎ᠠ ᠪᠠᠳᠤᠴᠠᠭᠠᠨ᠎ᠤ ᠨᠠᠪᠴᠢᠰ ᠱᠢᠭ᠋ ᠠᠰᠭᠠᠷᠠᠨ᠎ᠠ
ᠰᠠᠯᠬᠢ ᠵᠢᠩᠳᠡᠬᠦ᠌ ᠮᠡᠲᠦ ᠴᠠᠭ ᠡᠷᠭᠢᠨ᠎ᠡ
ᠰᠠᠨᠴᠢᠭ᠎ᠤᠨ ᠬᠢᠷᠠᠭᠤ ᠨᠠᠰᠦ ᠨᠡᠮᠡᠨ᠎ᠡ
ᠰᠠᠨᠠᠭᠠᠨ᠎ᠤ ᠴᠠᠭᠠᠨ ᠮᠠᠨᠠᠨ ᠤᠢᠳᠭᠠᠷ ᠤᠷᠢᠶᠠᠯᠭᠠᠵᠦ᠍
ᠰᠠᠨᠰᠠᠷ᠎ᠤᠨ ᠦᠢᠯᠡ᠎ᠶ᠋ᠢ ᠱᠢᠲᠠᠭᠠᠬᠤ ᠮᠡᠲᠦ ᠪᠠᠳᠤᠴᠠᠭᠠᠨ᠎ᠤ ᠨᠠᠪᠴᠢᠰ ᠤᠯᠠᠢᠨ᠎ᠠ
ᠴᠢᠮᠠᠶ᠋ᠢ ᠰᠠᠨᠠᠬᠤ ᠱᠢᠬ ᠨᠠᠪᠴᠢᠰ ᠰᠡᠮᠡᠷᠡᠨ᠎ᠡ
ᠴᠠᠢ ᠪᠠᠭᠤᠬᠤ ᠵᠠᠭᠤᠷᠠᠵᠢᠷᠦᠬᠡᠨᠳᠤ ᠢᠷᠡᠨ᠎ᠡ
ᠴᠢᠪ ᠬᠤᠯᠠ᠎ᠶ᠋ᠢᠨ ᠮᠦᠷᠦᠭᠡᠳᠦᠯ᠎ᠢ ᠲᠤᠳᠤᠷᠠᠭᠤᠯᠵᠦ᠍
ᠴᠡᠴᠡᠭ᠎ᠤᠨ ᠢᠨᠢᠶᠡᠳᠦ ᠱᠢᠭ ᠪᠠᠳᠤᠴᠠᠭᠠᠨ᠎ᠤ ᠨᠠᠪᠴᠢᠰ ᠤᠯᠠᠢᠨ᠎ᠠ