《ᠯᠢᠨ ᠳ᠋ᠦ᠋ ᠨᠡᠷᠡᠮᠵᠢᠲᠦ》 ᠵᠢᠭᠤᠯᠴᠢᠯᠠᠯ᠎ᠤᠨ ᠲᠤᠰᠭᠠᠶ ᠭᠠᠯᠲᠤ ᠲᠡᠷᠭᠡᠨ᠎ᠳᠦ ᠰᠠᠭᠤᠵᠤ᠂ ᠷᠠᠱᠢᠶᠠᠨ᠎ᠳᠤ ᠬᠦᠷᠴᠦ᠍ ᠨᠠᠮᠤᠷ᠎ᠤᠨ ᠤᠯᠠᠷᠢᠯ ᠤ᠋ᠨ ᠲᠤᠰᠬᠠᠢ ᠵᠢᠭᠤᠯᠴᠢᠯᠠᠯ ᠬᠢᠨ᠎ᠠ; ᠥᠪᠡᠰᠤᠪᠡᠨ ᠲᠡᠷᠭᠡ ᠵᠢᠯᠣᠭᠣᠳᠴᠤ᠌ ᠠᠯᠠᠱᠠ᠎ᠶ᠋ᠢᠨ ᠬᠡᠭᠡᠷᠡᠯᠡᠨ ᠲᠠᠪᠬᠢᠬᠤ ᠤᠷᠤᠯᠳᠤᠭᠠᠨ᠎ᠤ ᠵᠠᠮ᠎ᠢᠶᠠᠷ ᠡᠯᠡᠰᠦᠨ ᠴᠦᠯ᠎ᠦᠨ ᠭᠦᠨ᠎ᠳᠡᠬᠢ ᠣᠷᠭᠢᠯᠤᠮ᠎ᠠ ᠰᠡᠳᠭᠢᠯᠭᠡ ᠪᠠ ᠭᠠᠢᠬᠠᠮᠰᠢᠭ ᠢ᠋ ᠮᠡᠳᠡᠷᠡᠨ᠎ᠠ; ᠨᠠᠮᠤᠷ᠎ᠤᠨ ᠡᠳᠦᠷ ᠲᠠᠯ᠎ᠠ ᠨᠤᠲᠤᠭ᠎ᠲᠤ ᠨᠠᠷᠨ ᠱᠢᠩᠭᠡᠬᠦ ᠵᠢ ᠰᠤᠨᠢᠷᠬᠠᠵᠤ᠂ ᠠᠯᠤᠰ᠎ᠤᠨ ᠬᠦᠰᠡᠯᠡᠩ ᠵᠢᠡᠨ ᠵᠢᠷᠤᠬᠯᠠᠨ᠎ᠠ ᠁ ᠡᠨᠡ ᠬᠦ᠌ ᠤᠯᠤᠰ᠎ᠤᠨ ᠪᠠᠶᠠᠷ ᠨᠠᠢ᠍ᠮᠠᠨ ᠰᠠᠷ᠎ᠠ᠎ᠶ᠋ᠢᠨ ᠲᠡᠷᠭᠡᠯ ᠪᠠᠶᠠᠷ᠎ᠤᠨ ᠠᠮᠠᠷᠠᠯᠲᠠ᠎ᠪᠠᠷ ᠥᠪᠥᠷ ᠮᠣᠩᠭᠣᠯ ᠮᠠᠨᠢ ᠮᠠᠰᠢ ᠤᠯᠠᠨ ᠬᠥᠮᠦᠰ᠎ᠦᠨ ᠪᠠᠬᠠᠷᠬᠠᠯ᠎ᠢ ᠲᠠᠲᠠᠭ᠍ᠰᠠᠨ ᠵᠢᠭᠤᠯᠴᠢᠯᠠᠯ᠎ᠤᠨ ᠵᠤᠷᠢᠬᠰᠡᠨ ᠭᠠᠵᠠᠷ ᠪᠤᠯᠵᠤ᠂ ᠪᠦᠬᠦ᠌ ᠣᠷᠣᠨ᠎ᠤ ᠡᠯ᠎ᠡ ᠭᠠᠵᠠᠷ᠎ᠲᠤ ᠬᠥᠮᠦᠨ ᠬᠠᠷ᠎ᠠ ᠴᠤᠭ᠍ᠯᠠᠷᠠᠨ᠂ ᠰᠣᠶᠣᠯ ᠵᠢᠭᠤᠯᠴᠢᠯᠠᠯ᠎ᠤᠨ ᠠᠵᠤ ᠦᠢᠯᠡᠰ ᠠᠮᠢᠵᠢᠷᠠᠯ᠎ᠤᠨ ᠬᠦᠴᠦᠨ᠎ᠢᠶᠡᠷ ᠪᠢᠯᠬᠠᠨ᠎ᠠ᠃
ᠰᠣᠶᠣᠯ ᠵᠢᠭᠤᠯᠴᠢᠯᠠᠯ᠎ᠤᠨ ᠠᠵᠤ ᠦᠶ᠋ᠯᠡᠰ ᠪᠣᠯ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠴᠢᠬᠤᠯᠠ ᠪᠦᠷᠢᠯᠳᠦᠬᠦᠨ ᠬᠡᠰᠡᠭ ᠪᠠᠢᠵᠦ᠂ ᠰᠣᠶᠣᠯ ᠵᠢᠭᠤᠯᠴᠢᠯᠠᠯ᠎ᠤᠨ ᠬᠡᠷᠡᠭ᠌ᠯᠡᠭᠡ ᠨᠢ ᠠᠵᠤ ᠠᠬᠤᠶ᠎ᠶ᠋ᠢᠨ ᠨᠡᠮᠡᠭ᠌ᠳᠡᠯ᠎ᠳᠦ ᠬᠦᠴᠦᠷᠬᠡᠭ ᠶᠡᠬᠡ ᠳᠠᠢᠴᠢᠯᠠᠬᠤ ᠦᠶ᠋ᠯᠡᠳᠦᠯ᠎ᠲᠡᠶ ᠶᠤᠮ᠃ ᠲᠣᠭ᠎ᠠ ᠪᠠᠷᠢᠮᠲᠠᠳ᠋ᠤ ᠬᠠᠷᠠᠭᠤᠯᠤᠬᠰᠡᠨ᠎ᠢᠶᠡᠷ᠂ 10 ᠰᠠᠷ᠎ᠠ᠎ᠶ᠋ᠢᠨ 1 — 2 ᠤ᠋ᠨ ᠡᠳᠦᠷ ᠪᠣᠯᠲᠠᠯ᠎ᠠ᠂ ᠥᠪᠥᠷ ᠮᠣᠩᠭᠣᠯ ᠤᠯᠤᠰ᠎ᠤᠨ ᠳᠣᠲᠣᠭᠠᠳᠤ᠎ᠶ᠋ᠢᠨ ᠵᠢᠭᠤᠯᠴᠢᠯᠠᠭ᠍ᠰᠠᠳ᠎ᠢ ᠨᠡᠢᠲᠡ 584.91 ᠲᠦᠮᠡᠨ ᠬᠥᠮᠦᠨ ᠤᠳᠠᠭ᠎ᠠ ᠭᠥᠯᠢᠶᠡᠨ ᠠᠪᠴᠤ᠌᠂ ᠤᠯᠤᠰ᠎ᠤᠨ ᠳᠣᠲᠣᠭᠠᠳᠤ᠎ᠶ᠋ᠢᠨ ᠵᠢᠭᠤᠯᠴᠢᠯᠠᠭ᠍ᠰᠠᠳ ᠤ᠋ᠨ ᠦᠪᠤᠷ ᠮᠤᠨᠭᠭᠤᠯ ᠳ᠋ᠡᠬᠢ ᠭᠡᠷᠡᠭᠯᠡᠭᠡ ᠨᠠᠢᠳᠠ 41.4 ᠳ᠋ᠦᠩᠱᠢᠭᠤᠷ ᠲᠥᠭᠥᠷᠢᠭ ᠲᠦ᠍ ᠬᠦᠷᠴᠡᠢ᠃ ᠬᠠᠯᠠᠮᠱᠢᠯ᠎ᠤᠨ ᠠᠷᠤ᠎ᠳᠤ᠂ ᠰᠣᠶᠣᠯ ᠵᠢᠭᠤᠯᠴᠢᠯᠠᠯ᠎ᠤᠨ ᠦᠢᠯᠡᠳᠬᠦᠨ᠎ᠢ ᠨᠠᠷᠢᠨ ᠨᠢᠮᠪᠠᠶ ᠪᠠᠢᠷᠢᠱᠢᠭᠤᠯᠵᠤ᠂ ᠱᠢᠨ᠎ᠡ᠎ᠶ᠋ᠢ ᠡᠭᠦᠳᠦᠨ ᠬᠥᠭ᠌ᠵᠢᠭᠦᠯᠦᠭ᠌ᠰᠡᠨ ᠠᠮᠢᠳᠤᠯᠢᠭ ᠦᠶ᠋ᠯᠡᠳᠦᠯᠭᠡ ᠪᠣᠶ᠃ ᠣᠷᠳᠣᠰ ᠬᠣᠲᠠ ᠵᠢᠯᠣᠭᠣᠴᠢ ᠥᠬᠡᠶ ᠨᠢᠰᠭᠡᠯ᠂ ᠬᠤᠸᠠᠷ ᠫᠤᠤᠵᠢᠩ᠂ ᠣᠷᠭᠢᠯᠤᠮᠠᠯ ᠪᠤᠯᠠᠭ 《ᠳᠤᠯᠠᠭᠠᠨ ᠬᠣᠲᠠ ᠵᠢᠨ ᠭᠤᠷᠪᠡᠨ ᠦᠵᠡᠮᠵᠢ》 ᠶ᠋ᠢᠨ ᠲᠣᠭ᠍ᠯᠠᠯᠲᠠ᠎ᠶ᠋ᠢ ᠡᠭᠦᠳᠴᠦ᠍᠂ ᠥᠪᠡᠷᠮᠢᠴᠡ ᠣᠨᠴᠠᠯᠢᠭ᠎ᠪᠦᠬᠦᠢ ᠬᠣᠲᠠ᠎ᠶ᠋ᠢᠨ ᠬᠠᠷᠠᠭᠠᠨ ᠰᠡᠷᠡᠯ᠎ᠦᠨ ᠨᠡᠷ᠎ᠡ᠎ᠶ᠋ᠢᠨ ᠬᠠᠭᠤᠳᠠᠰᠤ᠎ᠶ᠋ᠢ ᠪᠦᠷᠢᠯᠳᠦᠭᠦᠯᠪᠡ; ᠬᠥᠯᠥᠨ ᠪᠣᠢᠷ ᠬᠣᠲᠠ ᠥᠪᠡᠰᠦᠪᠡᠨ ᠲᠡᠷᠭᠡ ᠵᠢᠯᠣᠭᠣᠳᠭᠤ ᠰᠣᠳᠣᠨ ᠵᠠᠮ ᠱᠤᠭᠤᠮ᠎ᠢ ᠴᠤᠬᠴᠠᠯᠠᠵᠤ᠂ ᠲᠠᠯ᠎ᠠ ᠨᠤᠲᠤᠭ᠎ᠲᠤ ᠲᠠᠷᠬᠠᠵᠤ ᠪᠠᠢᠭ᠎ᠠ ᠰᠣᠶᠣᠯ᠎ᠤᠨ ᠪᠠᠭᠤᠷᠢ᠎ᠶ᠋ᠢ ᠪᠠᠢᠭᠠᠯᠢ᠎ᠶ᠋ᠢᠨ ᠦᠵᠡᠮᠵᠢᠯᠤᠭᠡ ᠣᠷᠭᠠᠨᠢᠭ᠎ᠢᠶᠠᠷ ᠬᠣᠯᠪᠣᠵᠤ᠂ ᠵᠢᠭᠤᠯᠴᠢᠯᠠᠬᠰᠡᠳ᠎ᠲᠤ ᠵᠢᠭᠤᠯᠴᠢᠯᠠᠯ᠎ᠤᠨ ᠬᠦᠨᠵᠡᠭᠡᠢ ᠪᠠᠶᠠᠴᠢᠯᠡᠨ ᠣᠢᠯᠠᠭᠠᠯᠲᠠ ᠬᠠᠩᠭᠠᠪᠠ; ᠤᠯᠠᠭᠠᠨᠴᠠᠪ ᠬᠣᠲᠠ 33 ᠵᠦᠶ᠋ᠯ᠎ᠦᠨ ᠰᠣᠶᠣᠯ ᠵᠢᠭᠤᠯᠴᠢᠯᠠᠯ᠎ᠤᠨ ᠠᠵᠢᠯᠯᠠᠭ᠎ᠠ᠎ᠶ᠋ᠢ ᠤᠬᠠᠭᠠᠯᠠᠨ ᠲᠥᠰᠦᠪᠯᠡᠵᠦ᠍᠂ ᠬᠣᠲᠠ᠎ᠶ᠋ᠢᠨ ᠠᠷᠠᠳ ᠵᠢᠭᠤᠯᠴᠢᠯᠠᠬᠰᠡᠳ᠎ᠲᠤ ᠰᠣᠶᠣᠯ᠎ᠤᠨ ᠦᠨᠦᠷ ᠠᠮᠲᠠ᠂ ᠪᠠᠶᠡᠴᠢᠯᠡᠨ ᠤᠢᠯᠠᠭᠠᠯᠳᠠ ᠬᠢᠭᠡᠳ ᠰᠣᠨᠢᠷᠬᠠᠯᠲᠤ ᠴᠢᠨᠠᠷ ᠪᠥᠬᠥᠶ 《ᠬᠤᠶᠠᠷ ᠪᠠᠶᠠᠷ》 ᠤ᠋ᠨ ᠦᠪᠡᠳᠡᠭ᠌ᠰᠢ ᠴᠤᠬᠯᠠᠭᠠᠨ ᠢ᠋ ᠰᠣᠨᠢᠷᠬᠠᠭᠤᠯᠪᠠ ᠁ ᠡᠯᠪᠡᠭ ᠪᠠᠶᠠᠯᠢᠭ ᠰᠣᠶᠣᠯ ᠵᠢᠭᠤᠯᠴᠢᠯᠠᠯ᠎ᠤᠨ ᠬᠡᠯᠪᠡᠷᠢ ᠪᠠᠢᠳᠠᠯ᠂ ᠰᠣᠨᠢᠷᠬᠠᠯᠲᠠᠶ ᠪᠥᠭᠡᠳ ᠥᠪᠡᠷᠮᠢᠴᠡ ᠣᠨᠴᠠᠯᠢᠭ᠎ᠲᠠᠢ ᠪᠡᠶᠡᠴᠢ ᠤᠢᠯᠠᠭᠠᠯᠳᠠ᠂ ᠬᠦᠴᠦᠨ ᠴᠢᠳᠠᠯ ᠨᠡᠮᠡᠷᠢᠯᠡᠭ᠌ᠰᠡᠨ ᠲᠥᠷᠥ᠎ᠶ᠋ᠢᠨ ᠪᠣᠳᠣᠯᠭ᠎ᠠ᠎ᠶ᠋ᠢᠨ ᠠᠱᠢᠭ ᠨᠢ ᠪᠠᠶᠠᠷ᠎ᠤᠨ ᠡᠳᠦᠷ᠎ᠦᠨ ᠥᠳᠭᠡᠨ ᠵᠤᠵᠠᠭᠠᠨ ᠠᠭᠤᠷ ᠠᠮᠢᠰᠭᠤᠯ᠎ᠢ ᠢᠯᠡᠷᠡᠭᠦᠯᠦᠭᠰᠡᠨ ᠪᠦᠭᠡᠳ ᠰᠣᠶᠣᠯ ᠵᠢᠭᠤᠯᠴᠢᠯᠠᠯ᠎ᠤᠨ ᠳᠠᠳᠠᠬᠤ ᠬᠦᠴᠦᠨ᠎ᠢ ᠨᠡᠮᠡᠭᠳᠡᠭᠦᠯᠪᠡ᠃
ᠵᠢᠭᠤᠯᠴᠢᠯᠠᠯ ᠤ᠋ᠨ ᠳᠠᠳᠠᠬᠤ ᠬᠦᠴᠦᠨ᠎ᠢ ᠬᠥᠭ᠌ᠵᠢᠯᠲᠡ᠎ᠶ᠋ᠢᠨ ᠬᠦᠳᠡᠯᠭᠡᠬᠦ ᠬᠦᠴᠦᠨ ᠪᠣᠯᠭᠠᠨ ᠤᠨᠳᠤᠤᠰᠢᠭᠤᠯᠵᠤ ᠴᠢᠳᠠᠬᠤ ᠨᠢ ᠰᠠᠶᠢ ᠵᠢᠩᠬᠢᠨᠢ ᠴᠢᠳᠠᠪᠤᠷᠢ ᠪᠣᠯᠬᠤ ᠶᠤᠮ᠃ ᠷᠠᠱᠢᠶᠠᠨ ᠬᠤᠳᠠ ᠵᠢᠭᠤᠯᠴᠢᠯᠠᠭᠰᠡᠳ᠎ᠲᠦ ᠡᠯ᠎ᠡ ᠵᠦᠢᠯ᠎ᠤᠨ ᠠᠰᠢᠭ ᠬᠦᠷᠳᠡᠭᠡᠵᠦ᠂ ᠪᠠᠢᠭᠤᠯᠭ᠎ᠠ ᠨᠢᠭᠡᠴᠢ᠎ᠶ᠋ᠢᠨ 1200 ᠭᠠᠷᠤᠢ ᠲᠡᠷᠭᠡᠨ ᠵᠣᠭ᠍ᠰᠣᠭᠠᠯ᠎ᠢ ᠨᠡᠬᠡᠬᠡᠯᠳᠡ ᠬᠢᠵᠦ᠂ ᠵᠠᠰᠠᠭ᠎ᠤᠨ ᠣᠷᠳᠣᠨ᠎ᠤ ᠬᠣᠭᠣᠯᠠᠨ ᠭᠡᠷ 5 ᠲᠥᠭᠥᠷᠢᠭ᠂ 10 ᠲᠥᠭᠥᠷᠢᠭ᠂ 15 ᠲᠥᠭᠥᠷᠢᠭ᠎ᠦᠨ ᠦᠪᠡᠷ᠎ᠢᠶᠡᠨ ᠰᠤᠩᠭᠤᠵᠤ ᠢᠳᠡᠬᠦ ᠠᠷᠠᠳ᠎ᠲᠤ ᠠᠱᠢᠭ ᠬᠦᠷᠲᠡᠭᠡᠬᠦ᠌ ᠬᠣᠭᠣᠯᠠ ᠲᠤᠬᠢᠷᠠᠭᠤᠯᠵᠤ᠂ ᠠᠯᠢ ᠤᠯᠠᠨ ᠲᠠᠭᠠᠯᠠᠮᠵᠢᠲᠠᠢ ᠳᠥᠭᠥᠮ ᠳᠥᠲᠡ ᠦᠢᠯᠡᠴᠢᠯᠡᠭᠡ ᠨᠢ ᠵᠢᠭᠤᠯᠴᠢᠯᠠᠭᠰᠡᠳ᠎ᠤᠨ ᠮᠠᠭ᠍ᠲᠠᠭᠠᠯ ᠰᠠᠢᠱᠢᠶᠠᠯ᠎ᠢ ᠬᠦᠷᠳᠡᠪᠡ; ᠬᠥᠬᠡᠬᠣᠲᠠ᠎ᠶ᠋ᠢᠨ᠎ᠬᠢᠨ 《15 ᠮᠢᠨᠦ᠋ᠲ᠎ᠦᠨ ᠰᠣᠶᠣᠯ ᠵᠢᠭᠤᠯᠴᠢᠯᠠᠯ᠎ᠤᠨ ᠠᠮᠢᠳᠤᠷᠠᠯ᠎ᠤᠨ ᠲᠣᠭᠣᠷᠢᠭ》᠎ᠢ᠋ ᠰᠠᠢᠲᠤᠷ ᠤᠬᠠᠭᠠᠯᠠᠨ ᠲᠥᠰᠦᠪᠯᠡᠵᠦ᠍᠂ ᠠᠩᠬ᠎ᠠ ᠲᠠᠷᠬᠠᠭᠠᠭ᠍ᠰᠠᠨ ᠰᠣᠶᠣᠯ ᠵᠢᠭᠤᠯᠴᠢᠯᠠᠯ᠎ᠤᠨ ᠠᠷᠠᠳ᠎ᠲᠤ ᠠᠱᠢᠭ ᠬᠦᠷᠲᠡᠭᠡᠬᠦ᠌ 《ᠪᠦᠷᠢᠨ ᠴᠢᠳᠠᠪᠤᠷᠢᠳᠦ ᠺᠠᠷᠲ》 ᠵᠢᠡᠷ ᠪᠥᠬᠥ᠌ ᠬᠣᠲᠠ᠎ᠶ᠋ᠢᠨ 24 ᠦᠵᠡᠮᠵᠢ᠎ᠶ᠋ᠢᠨ ᠣᠷᠣᠨ ᠵᠢᠴᠢ ᠰᠣᠶᠣᠯ ᠪᠡᠶ᠎ᠡ᠎ᠶ᠋ᠢᠨ ᠲᠠᠮᠢᠷ ᠵᠤᠭ᠎ᠠ ᠴᠡᠩᠭᠡᠯ᠎ᠦᠨ ᠭᠠᠵᠠᠷ᠎ᠢᠶᠡᠷ ᠵᠢᠭᠤᠯᠴᠢᠯᠠᠬᠤ᠎ᠳᠦ ᠰᠠᠭᠠᠳ ᠥᠬᠡᠶ ᠨᠡᠪᠲᠡᠷᠡᠬᠦ᠌᠎ᠶ᠋ᠢ ᠪᠡᠶᠡᠯᠡᠭᠦᠯᠵᠦ᠍᠂ ᠲᠠᠲᠠᠬᠤ ᠬᠦᠴᠦᠨ ᠨᠢ ᠶᠡᠬᠡᠳᠡ ᠨᠡᠮᠡᠭᠳᠡᠪᠡ ᠁ ᠰᠣᠶᠣᠯ ᠵᠢᠭᠤᠯᠴᠢᠯᠠᠯ᠎ᠤᠨ ᠠᠵᠤ ᠦᠶ᠋ᠯᠡᠰ᠎ᠦᠨ ᠢᠵᠢ ᠪᠥᠷᠢᠳᠦᠭᠦᠯᠬᠦ᠌᠎ᠶ᠋ᠢ ᠦᠷᠭᠦᠯᠵᠢᠯᠡᠨ ᠲᠡᠭᠦᠯᠳᠡᠷᠵᠢᠭᠦᠯᠵᠦ᠍᠂ ᠵᠢᠭᠤᠯᠴᠢᠯᠠᠭ᠍ᠰᠠᠳ᠎ᠤᠨ ᠬᠠᠨᠤᠮᠵᠢ᠎ᠶ᠋ᠢᠨ ᠬᠡᠮᠵᠢᠶ᠎ᠡ᠎ᠶ᠋ᠢ ᠳᠡᠭᠡᠭ᠌ᠰᠢᠯᠡᠭᠦᠯᠵᠦ᠍᠂ ᠵᠢᠭᠤᠯᠴᠢᠯᠠᠭ᠍ᠰᠠᠳ᠎ᠤᠨ ᠵᠢᠭᠤᠯᠴᠢᠯᠠᠬᠤ ᠬᠤᠭᠤᠴᠠᠭ᠎ᠠ ᠵᠢ ᠤᠷᠲᠤᠳᠭᠠᠪᠠᠯ ᠳᠠᠷᠤᠶ ᠠᠵᠤ ᠠᠬᠤᠶ᠎ᠶ᠋ᠢᠨ ᠬᠥᠭ᠌ᠵᠢᠯᠲᠡ᠎ᠳᠦ ᠱᠢᠭᠤᠳ ᠨᠡᠮᠡᠭ᠌ᠳᠡᠯ᠎ᠢ ᠠᠪᠴᠢᠷᠠᠵᠤ ᠴᠢᠳᠠᠨ᠎ᠠ ᠭᠡᠳᠡᠭ᠎ᠢ ᠪᠥᠬᠥ᠌ ᠣᠷᠣᠨ᠎ᠤ ᠡᠯ᠎ᠡ ᠭᠠᠵᠠᠷ᠎ᠤᠨ᠎ᠬᠢᠨ ᠦᠶ᠋ᠯᠡᠳᠦᠯᠭᠡ᠎ᠪᠡᠷ ᠭᠡᠷᠡᠴᠢᠯᠡᠪᠡ᠃
ᠭᠤᠶᠤ ᠦᠵᠡᠮᠵᠢ ᠬᠥᠮᠦᠰ᠎ᠤᠨ ᠠᠩᠬᠠᠷᠤᠯ᠎ᠢ ᠲᠠᠲᠠᠵᠤ᠂ ᠰᠡᠳᠭᠢᠯ ᠳ᠋ᠤ ᠳᠤᠯᠠᠭᠠᠬᠠᠨ ᠠᠭᠤᠷ ᠠᠮᠢᠰᠭᠤᠯ ᠵᠢᠭᠤᠯᠴᠢᠯᠠᠬᠰᠠᠳ ᠲᠦ᠍ ᠲᠠᠭᠠᠯᠠᠬᠳᠠᠳᠠᠬ᠃ ᠵᠢᠭᠤᠯᠴᠢᠯᠠᠯ᠎ᠤᠨ ᠣᠷᠴᠢᠨ᠎ᠢ ᠰᠠᠢᠵᠢᠷᠠᠭᠤᠯᠬᠤ᠎ᠳᠤ ᠬᠠᠵᠠᠭᠤ ᠡᠴᠡ ᠬᠠᠷᠠᠭ᠍ᠴᠢ ᠭᠡᠵᠦ᠍ ᠦᠭᠡᠢ᠂ ᠬᠥᠮᠦᠨ ᠪᠦᠬᠦᠨ ᠪᠦᠷ ᠪᠡᠶᠡᠴᠢᠯᠡᠨ ᠣᠢᠯᠠᠭᠠᠭ᠍ᠴᠢ᠂ ᠪᠦᠳᠦᠭᠡᠨ ᠪᠠᠢᠭᠤᠯᠤᠭ᠍ᠴᠢ᠂ ᠣᠷᠣᠯᠠᠨ ᠥᠭᠦᠯᠡᠭ᠌ᠴᠢ ᠪᠠᠢᠵᠦ᠂ ᠭᠠᠭ᠍ᠴᠠ ᠬᠦ᠌ ᠡᠯ᠎ᠡ ᠲᠠᠯ᠎ᠠ᠎ᠶ᠋ᠢᠨ ᠬᠢᠨ ᠭᠠᠷ ᠬᠣᠯᠪᠣᠨ ᠴᠢᠷᠮᠠᠢᠵᠤ᠂ ᠦᠨᠡᠨ ᠰᠡᠳᠭᠢᠯ᠎ᠢᠶᠡᠷ ᠬᠠᠨᠳᠤᠵᠦ᠂ ᠨᠡᠭᠡᠭᠡᠯᠲᠡᠲᠡᠢ᠂ ᠪᠠᠭ᠍ᠲᠠᠭᠠᠮᠵᠢᠲᠠᠢ᠂ ᠦᠨᠡᠨᠴᠢ᠂ ᠴᠠᠢᠯᠭᠠᠨ ᠪᠠ ᠬᠠᠯᠠᠮᠵᠢ᠎ᠶ᠋ᠢ ᠭᠦᠢᠴᠡᠳ ᠢᠯᠡᠷᠡᠭᠦᠯᠪᠡᠯ᠂ ᠥᠪᠥᠷ ᠮᠣᠩᠭᠣᠯ᠎ᠤᠨ ᠰᠣᠶᠣᠯ ᠵᠢᠭᠤᠯᠴᠢᠯᠠᠯ ᠨᠡᠩ ᠢᠯᠡᠬᠦᠦ ᠠᠯᠳᠠᠷᠰᠢᠵᠦ᠂ ᠠᠵᠤ ᠠᠬᠤᠢ ᠨᠡᠩ ᠬᠥᠭ᠌ᠵᠢᠨ ᠴᠡᠴᠡᠭ᠌ᠯᠡᠬᠦ᠌ ᠶᠤᠮ᠃