ᠠᠯᠲᠠᠨ ᠨᠠᠮᠤᠷ᠎ᠤᠨ 10 ᠰᠠᠷ᠎ᠠ ᠦᠵᠡᠮᠵᠢ ᠲᠡᠬᠦᠰ ᠦᠶᠦᠭ ᠲᠠᠨᠭᠰᠤᠭ᠃ ᠡᠯᠪᠡᠭ ᠬᠤᠷᠢᠶᠠᠯᠲᠠ ᠵᠢᠨ ᠡᠨᠡ ᠬᠦ᠌ ᠴᠠᠭ ᠮᠥᠴᠡ᠎ᠳᠦ᠂ ᠥᠪᠥᠷ ᠮᠣᠩᠭᠣᠯ᠎ᠤᠨ ᠡᠬᠡ ᠭᠠᠵᠠᠷ᠎ᠲᠤ ᠠᠮᠤ ᠲᠠᠷᠢᠢᠠ ᠪᠤᠯᠪᠠᠰᠤᠷᠠᠨ᠂ ᠢᠳᠡᠱᠢᠨ ᠨᠣᠭᠣᠭ᠎ᠠ ᠭᠤᠸ᠎ᠠ ᠵᠢᠮᠢᠰ ᠡᠯᠪᠡᠭ ᠬᠤᠷᠢᠶᠠᠯᠲᠠ ᠣᠯᠵᠤ᠂ ᠤᠯᠤᠰ ᠭᠡᠷ ᠬᠠᠮᠲᠤ᠎ᠪᠠᠷ ᠪᠡᠯᠭᠡᠯᠡᠬᠦ᠌ ᠪᠠᠶᠠᠷ ᠪᠠᠬᠠᠳᠤᠯ ᠮᠢᠩᠭᠠᠨ ᠭᠠᠵᠠᠷ᠎ᠤᠨ ᠦᠩ ᠱᠢᠮᠡᠯᠢᠭ ᠬᠡᠭᠡᠷ᠎ᠡ ᠲᠠᠯ᠎ᠠ᠎ᠳᠤ ᠲᠠᠭᠤᠷᠢᠰᠤᠨ᠎ᠠ᠃
ᠤᠯᠤᠰ᠎ᠤᠨ ᠪᠠᠶᠠᠷ᠎ᠤᠨ ᠠᠮᠠᠷᠠᠯᠲᠠᠳ᠋ᠤ᠂ ᠱᠢᠬᠢᠷ ᠯᠤᠤᠪᠠᠩ ᠬᠤᠷᠢᠶᠠᠬᠤ ᠵᠠᠩᠭᠢᠯᠠᠭ᠎ᠠ᠎ᠶ᠋ᠢᠨ ᠬᠤᠭᠤᠴᠠᠭᠠᠨ᠎ᠳᠤ ᠣᠷᠣᠬᠰᠡᠨ ᠵᠢᠡᠷ᠂ ᠬᠥᠯᠥᠨ ᠪᠣᠢᠷ᠎ᠤᠨ ᠲᠠᠷᠢᠶᠠᠯᠠᠩ᠎ᠤᠨ ᠠᠲᠠᠷ ᠬᠠᠭᠠᠯᠪᠤᠷᠢᠯᠠᠯᠲᠠ᠎ᠶ᠋ᠢᠨ ᠰᠠᠨ ᠾᠧ ᠲᠠᠷᠢᠶᠠᠯᠠᠩ ᠮᠠᠯᠵᠢᠯ᠎ᠤᠨ ᠲᠠᠯᠠᠪᠠᠶ᠎ᠶ᠋ᠢᠨ ᠺᠣᠮᠫᠠᠨᠢ᠎ᠶ᠋ᠢᠨ ᠠᠵᠢᠯᠲᠠᠳ ᠲᠠᠷᠢᠶᠠᠨ ᠠᠵᠢᠯ᠎ᠳᠠᠭᠠᠨ ᠶᠠᠭᠠᠷᠠᠯᠳᠤᠨ᠎ᠠ᠃ ᠡᠨᠡ ᠬᠡᠳᠦᠨ ᠡᠳᠦᠷ᠂ ᠲᠣᠰ ᠺᠣᠮᠫᠠᠨᠢ ᠲᠤᠩᠭᠠᠯᠠᠭ ᠰᠠᠢᠬᠠᠨ ᠴᠠᠭ ᠠᠭᠤᠷ᠎ᠤᠨ ᠬᠤᠭᠤᠴᠠᠭ᠎ᠠ᠎ᠶ᠋ᠢ ᠴᠢᠩᠭ᠎ᠠ ᠠᠳᠭᠤᠵᠤ᠂ ᠮᠠᠰᠢᠨ ᠮᠧᠬᠠᠨᠢᠭ ᠪᠠ ᠬᠥᠮᠦᠨ᠎ᠦ ᠬᠦᠴᠦᠨ᠎ᠢ ᠱᠢᠨᠵᠢᠯᠡᠬᠦ᠌ ᠤᠬᠠᠭᠠᠨᠴᠢ᠎ᠪᠠᠷ ᠲᠣᠬᠢᠷᠠᠭᠤᠯᠵᠤ᠂ ᠱᠢᠬᠢᠷ ᠯᠤᠤᠪᠠᠩ ᠲᠡᠭᠦᠬᠦ᠌ ᠠᠬᠢᠴᠠ᠎ᠶ᠋ᠢ ᠪᠥᠬᠥ᠌ ᠬᠦᠴᠦᠨ᠎ᠢᠶᠡᠷ᠎ᠢᠶᠡᠨ ᠲᠦᠷᠭᠡᠳᠭᠡᠵᠦ᠍᠂ ᠨᠢᠭᠡ ᠮᠦᠬᠦᠯᠢᠭ ᠢ᠋ ᠴᠤ᠌ ᠤᠷᠬᠢᠬᠳᠠᠭᠤᠯᠤᠯ ᠦᠭᠡᠢ ᠬᠦᠮᠦᠷᠭᠡᠯᠡᠵᠤ ᠬᠤᠷᠢᠶᠠᠬᠤ ᠵᠢ ᠦᠨᠡᠨ ᠬᠦ᠌ ᠪᠠᠲᠤᠯᠠᠵᠦ ᠪᠠᠢᠨ᠎ᠠ᠃ ᠡᠭᠦᠨ᠎ᠦ ᠵᠡᠷᠭᠡ ᠪᠡᠷ᠂ ᠺᠣᠮᠫᠠᠨᠢ ᠡᠴᠡ ᠪᠠᠰᠠ ᠡᠬᠢ ᠪᠠᠶᠠᠯᠢᠭ᠂ ᠮᠡᠷᠭᠡᠵᠢᠯ᠂ ᠲᠥᠬᠥᠭᠡᠷᠦᠮᠵᠢ᠎ᠶ᠋ᠢᠨ ᠳᠠᠪᠠᠭᠤᠯᠢᠭ᠎ᠢᠶᠠᠨ ᠭᠦᠶ᠋ᠴᠡᠳ ᠪᠠᠳᠠᠷᠠᠭᠤᠯᠵᠤ᠂ ᠲᠠᠷᠢᠶᠠᠯᠠᠩ᠎ᠤᠨ ᠮᠠᠱᠢᠨ᠎ᠤ ᠨᠡᠢᠭᠡᠮᠴᠢᠯᠡᠭ᠌ᠰᠡᠨ ᠦᠶ᠋ᠯᠡᠴᠢᠯᠡᠭᠡ᠎ᠶ᠋ᠢ ᠰᠠᠨᠠᠭᠠᠴᠢᠯᠠᠭ᠎ᠠ᠎ᠡᠴᠡ᠎ᠪᠠᠨ ᠥᠷᠨᠢᠭᠦᠯᠵᠦ᠍᠂ ᠡᠷᠬᠢᠨ ᠲᠣᠭᠣᠷᠢᠨ᠎ᠤ ᠲᠠᠷᠢᠶᠠᠴᠢᠨ ᠡᠷᠦᠬᠡ᠎ᠳᠦ ᠲᠤᠰᠭᠠᠶ ᠮᠡᠷᠭᠡᠵᠢᠯ᠎ᠦᠨ ᠲᠡᠭᠦᠵᠦ᠍ ᠬᠤᠷᠢᠶᠠᠬᠤ᠂ ᠲᠠᠷᠢᠶᠠᠯᠠᠬᠤ ᠳᠡᠮᠵᠢᠯᠭᠡ ᠬᠠᠩᠭᠠᠵᠤ᠂ ᠣᠷᠣᠨ ᠪᠦᠰᠡ᠎ᠶ᠋ᠢᠨ ᠲᠠᠷᠢᠶᠠᠯᠠᠩ᠎ᠤᠨ ᠦᠶ᠋ᠯᠡᠳᠪᠦᠷᠢᠯᠡᠯ᠎ᠦᠨ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠌᠎ᠳᠦ ᠬᠦᠴᠦᠨ ᠨᠡᠮᠡᠷᠢᠯᠡᠪᠡ᠃
ᠡᠢᠮᠦᠷᠬᠦ ᠡᠯᠪᠡᠭ ᠬᠤᠷᠢᠶᠠᠯᠲᠠ᠎ᠶ᠋ᠢᠨ ᠪᠠᠢᠳᠠᠯ ᠥᠪᠥᠷ ᠮᠣᠩᠭᠣᠯ᠎ᠤᠨ ᠡᠭᠡ ᠭᠠᠵᠠᠷ᠎ᠲᠤ ᠭᠠᠵᠠᠷ ᠪᠣᠯᠭᠠᠨ᠎ᠳᠤ ᠬᠠᠷᠠᠭ᠍ᠳᠠᠨ᠎ᠠ᠃ ᠬᠡᠰᠡᠭ ᠲᠠᠯ᠎ᠠ᠎ᠶ᠋ᠢᠨ ᠵᠢᠱ᠌ᠢᠶ᠎ᠡ ᠦᠵᠡᠭᠦᠯᠬᠦ᠌᠎ᠡᠴᠡ ᠪᠥᠬᠥ᠌ ᠣᠷᠣᠨ ᠪᠦᠰᠡ᠎ᠪᠡᠷ ᠠᠬᠢᠭᠤᠯᠬᠤ ᠬᠦᠷᠲᠡᠯ᠎ᠡ᠂ ᠥᠪᠥᠷ ᠮᠣᠩᠭᠣᠯ ᠤᠰᠤ ᠪᠣᠷᠲᠣᠭᠣᠷ᠎ᠢ ᠨᠢᠭᠡ ᠴᠣᠭ᠍ᠴᠠᠵᠢᠭᠤᠯᠬᠤ᠎ᠶ᠋ᠢ ᠮᠦ᠍ ᠨᠢᠭᠡᠴᠢ᠎ᠶ᠋ᠢᠨ ᠤᠨᠠᠯᠲᠠ᠎ᠶ᠋ᠢ ᠳᠡᠭᠡᠭ᠌ᠰᠢᠯᠡᠭᠦᠯᠬᠦ᠌ 《ᠲᠡᠷᠢᠭᠦᠨ ᠴᠢᠬᠤᠯᠠ ᠢᠨᠵᠧᠨᠧᠷᠢᠩ》 ᠪᠣᠯᠭᠠᠵᠤ᠂ 《ᠥᠨᠳᠥᠷ ᠪᠠᠢᠷᠢ᠎ᠪᠠᠷ ᠠᠬᠢᠭᠤᠯᠬᠤ᠂ ᠪᠠᠯᠠ ᠮᠥᠩᠭᠥ᠎ᠵᠢᠨ ᠬᠦᠰᠢᠬᠦᠷᠭᠡ᠂ ᠪᠦᠯᠬᠦᠮ ᠨᠡᠢᠲᠡ᠎ᠪᠡᠷ ᠬᠥᠳᠡᠯᠤᠯᠴᠡᠬᠦ᠂ ᠮᠡᠷᠭᠡᠵᠢᠯ᠎ᠢᠶᠡᠷ ᠳᠠᠢᠴᠢᠯᠠᠬᠤ》 ᠠᠷᠭ᠎ᠠ ᠬᠡᠮᠵᠢᠶ᠎ᠡ᠎ᠪᠡᠷ ᠤᠰᠤ ᠪᠣᠷᠲᠣᠭᠣᠷ᠎ᠢ ᠨᠢᠭᠡ ᠴᠣᠭ᠍ᠴᠠᠵᠢᠭᠤᠯᠬᠤ᠎ᠶ᠋ᠢ ᠪᠥᠬᠥ᠌ ᠬᠦᠴᠦᠨ᠎ᠢᠶᠡᠷ ᠠᠬᠢᠭᠤᠯᠵᠤ᠂ ᠮᠦ᠍ ᠨᠢᠭᠡᠴᠢ᠎ᠶ᠋ᠢᠨ ᠤᠨᠠᠯᠲᠠ᠎ᠶ᠋ᠢ ᠳᠡᠭᠡᠭ᠌ᠰᠢᠯᠡᠭᠦᠯᠬᠦ᠌ ᠰᠠᠭᠤᠷᠢ᠎ᠶ᠋ᠢ ᠪᠡᠬᠢᠵᠢᠭᠦᠯᠪᠡ᠃ ᠡᠨᠡ ᠵᠢᠯ᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠣᠰᠭᠣᠨ ᠮᠠᠯᠵᠢᠬᠤ ᠣᠷᠣᠨ᠎ᠤ ᠲᠢᠩᠬᠢᠮ 《ᠮᠦ᠍ ᠨᠢᠭᠡᠴᠢ᠎ᠶ᠋ᠢᠨ ᠤᠨᠠᠯᠲᠠ᠎ᠶ᠋ᠢ ᠶᠡᠭᠡ ᠪᠡᠷ ᠳᠡᠭᠡᠭ᠌ᠰᠢᠯᠡᠭᠦᠯᠵᠦ᠍ ᠠᠮᠤ ᠪᠤᠳᠠᠭᠠᠨ᠎ᠤ ᠤᠨᠠᠯᠲᠠ᠎ᠶ᠋ᠢ ᠲᠣᠭ᠍ᠲᠠᠪᠤᠷᠢᠵᠢᠭᠤᠯᠬᠤ᠎ᠶ᠋ᠢ ᠴᠢᠨᠠᠷ ᠰᠠᠢᠲᠠᠶ ᠠᠬᠢᠭᠤᠯᠬᠤ ᠠᠷᠭ᠎ᠠ ᠬᠡᠮᠵᠢᠶ᠎ᠡ᠎ᠨᠦᠭᠦᠳ》 ᠢ᠋ ᠳᠠᠷᠤᠮᠠᠯᠯᠠᠨ ᠲᠠᠷᠬᠠᠭᠠᠵᠤ᠂ 16 ᠵᠤᠷᠪᠤᠰ 41 ᠵᠦᠶ᠋ᠯ᠎ᠦᠨ ᠲᠥᠷᠥ᠎ᠶ᠋ᠢᠨ ᠪᠣᠳᠣᠯᠭ᠎ᠠ ᠠᠷᠭ᠎ᠠ ᠬᠡᠮᠵᠢᠶ᠎ᠡ᠎ᠶ᠋ᠢ ᠨᠠᠷᠢᠯᠢᠬ᠍ᠵᠢᠭᠤᠯᠵᠤ᠂ ᠲᠥᠷᠥᠯ ᠵᠦᠶ᠋ᠯ ᠬᠢᠭᠡᠳ ᠭᠤᠤᠯ ᠴᠣᠭ᠍ᠴᠠ᠎ᠶ᠋ᠢ ᠣᠨᠣᠴᠠᠳᠠᠢ ᠢᠵᠢ ᠪᠥᠷᠢᠳᠦᠭᠦᠯᠵᠦ᠍᠂ ᠲᠣᠭᠣᠷᠢᠭ ᠬᠤᠪᠢᠶᠠᠨ ᠲᠥᠷᠥᠯ ᠵᠦᠶ᠋ᠯ᠎ᠦᠨ ᠬᠥᠮᠥᠷᠭᠡ ᠪᠠᠢᠭᠤᠯᠵᠤ᠂ ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠬᠦ᠌᠎ᠶ᠋ᠢ ᠠᠬᠢᠭᠤᠯᠬᠤ᠎ᠶ᠋ᠢ ᠮᠦ᠍ ᠨᠢᠭᠡᠴᠢ᠎ᠶ᠋ᠢᠨ ᠤᠨᠠᠯᠲᠠ᠎ᠶ᠋ᠢ ᠳᠡᠭᠡᠭ᠌ᠰᠢᠯᠡᠭᠦᠯᠬᠦ᠌ ᠬᠡᠪᠴᠢᠶᠡᠨ᠎ᠳᠦ ᠠᠩᠬ᠎ᠠ ᠤᠳᠠᠭ᠎ᠠ ᠣᠷᠣᠭᠤᠯᠵᠤ᠂ ᠵᠢᠱ᠌ᠢᠶ᠎ᠡ ᠦᠵᠡᠭᠦᠯᠬᠦ᠌ ᠣᠷᠣᠨ᠎ᠢ ᠲᠤᠭᠠᠴᠢᠯᠠᠬᠰᠡᠨ ᠬᠠᠮᠢᠶᠠᠷᠤᠯᠳᠠ ᠵᠢᠨ ᠰᠢᠰᠲᠸᠮ ᠳ᠋ᠤ ᠤᠷᠤᠭᠤᠯᠵᠤ᠂ ᠠᠰᠠᠭᠤᠳᠠᠯ᠂ ᠡᠭᠦᠷᠭᠡ᠂ ᠬᠠᠷᠢᠭᠤᠴᠠᠯᠭ᠎ᠠ 《ᠭᠤᠷᠪᠠᠨ ᠲᠠᠨᠭᠰᠠ ᠪᠡᠷ ᠬᠠᠮᠢᠶᠠᠷᠬᠤ》 ᠪᠠ ᠬᠠᠪᠤᠷ᠎ᠤᠨ ᠲᠠᠷᠢᠶᠠᠯᠠᠭ᠎ᠠ᠂ ᠵᠣᠨ᠎ᠤ ᠤᠯᠠᠷᠢᠯ᠎ᠤᠨ ᠲᠠᠷᠢᠶᠠᠨ ᠭᠠᠵᠠᠷ᠎ᠤᠨ ᠬᠠᠮᠢᠶᠠᠷᠤᠯᠲᠠ ᠵᠢᠴᠢ ᠨᠠᠮᠤᠷ᠎ᠤᠨ ᠬᠤᠷᠢᠶᠠᠯᠲᠠ᠎ᠶ᠋ᠢᠨ ᠵᠠᠩᠭᠢᠯᠠᠭ᠎ᠠ᠎ᠶ᠋ᠢᠨ ᠴᠡᠭ ᠪᠣᠯᠬᠤ 《ᠭᠤᠷᠪᠠ᠎ᠶ᠋ᠢ ᠲᠤᠬᠠᠶ᠎ᠶ᠋ᠢᠨ ᠲᠠᠯᠠᠪᠠᠶ᠎ᠳᠤ ᠬᠦᠷᠭᠡᠬᠦ᠌》 ᠬᠢᠨᠠᠯᠲᠠ ᠬᠠᠮᠢᠶᠠᠷᠤᠯᠲᠠ᠎ᠶ᠋ᠢᠨ ᠵᠠᠭ᠍ᠪᠤᠷ᠎ᠢ ᠬᠡᠷᠡᠭ᠌ᠵᠢᠭᠦᠯᠵᠦ᠍᠂ ᠵᠢᠵᠢᠭ ᠲᠠᠷᠢᠶᠠᠯᠠᠬᠤ ᠡᠷᠤᠭᠡ ᠵᠢᠨ ᠤᠨᠠᠯᠳᠠ ᠪᠡᠨ ᠲᠡᠭᠡᠭᠰᠢᠯᠡᠬᠦᠯᠵᠤ ᠤᠷᠤᠯᠭ᠎ᠠ ᠪᠡᠨ ᠨᠡᠮᠡᠭᠳᠡᠬᠦᠯᠬᠦ ᠵᠢ ᠲᠠᠢᠴᠢᠯᠠᠪᠠ᠃
ᠥᠷᠭᠡᠨ ᠠᠭᠤᠳᠠᠮ ᠲᠠᠯ᠎ᠠ ᠨᠤᠲᠤᠭ᠎ᠡᠴᠡ ᠮᠢᠩᠭᠠᠨ ᠭᠠᠵᠠᠷ᠎ᠤᠨ ᠥᠩ ᠱᠢᠮᠡᠯᠢᠭ ᠲᠠᠷᠢᠶᠠᠨ ᠭᠠᠵᠠᠷ ᠬᠦᠷᠲᠡᠯ᠎ᠡ᠂ ᠠᠮᠤ ᠲᠠᠷᠢᠶ᠎ᠠ ᠪᠤᠯᠪᠠᠰᠤᠷᠠᠨ ᠬᠦᠢᠴᠡᠵᠤ᠂ ᠰᠢᠵᠢᠷᠳᠤᠨ ᠰᠢᠷᠭᠠᠯᠳᠤᠬᠤ ᠲᠤᠲᠤᠷᠭ᠎ᠠ᠎ᠶ᠋ᠢᠨ ᠳᠠᠪᠠᠯᠭᠠᠨ ᠬᠦᠰᠡᠯ ᠡᠷᠡᠮᠡᠯᠵᠡᠯ᠎ᠢᠶᠡᠷ ᠪᠢᠯᠬᠠᠨ᠂ ᠬᠠᠳᠤᠵᠤ ᠬᠤᠷᠢᠶᠠᠬᠤ ᠮᠠᠱᠢᠨ᠎ᠤ ᠬᠦᠷᠴᠢᠬᠢᠨᠡᠬᠦ ᠲᠠᠭᠤᠨ ᠤᠮᠠᠷᠠᠲᠤ ᠬᠢᠯᠢ᠎ᠶ᠋ᠢᠨ ᠡᠯᠪᠡᠭ ᠬᠤᠷᠢᠶᠠᠯᠲᠠ᠎ᠶ᠋ᠢᠨ ᠨᠠᠢᠷᠠᠯ ᠬᠥᠭ᠌ᠵᠢᠮ ᠪᠤᠯᠵᠤ ᠴᠤᠤᠷᠢᠶᠠᠳᠤᠨ᠎ᠠ᠃
ᠠᠯᠳᠠᠨ ᠨᠠᠮᠤᠷ᠎ᠤᠨ ᠤᠯᠠᠷᠢᠯ᠎ᠳᠤ᠂ ᠲᠦᠩᠯᠢᠶᠣᠤ ᠬᠤᠳᠠ᠎ᠶ᠋ᠢᠨ ᠬᠣᠷᠴᠢᠨ ᠲᠣᠭᠣᠷᠢᠭ᠎ᠤᠨ ᠰᠢᠮᠡᠯᠢᠭ ᠲᠠᠷᠢᠶᠠᠨ ᠳ᠋ᠤ 《ᠡᠯᠪᠡᠭ ᠬᠤᠷᠢᠶᠠᠯᠲᠠ᠎ᠶ᠋ᠢᠨ ᠦᠨᠦᠷ ᠠᠮᠲᠠ》 ᠪᠢᠯᠬᠠᠨ᠎ᠠ᠃ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠪᠣᠯ ᠶᠠᠭ ᠡᠨᠡ ᠬᠦ᠌ ᠡᠯᠪᠡᠭ ᠬᠤᠷᠢᠶᠠᠯᠲᠠ᠎ᠶ᠋ᠢᠨ ᠵᠢᠷᠤᠭ᠎ᠲᠠᠬᠢ ᠬᠠᠲᠠᠭᠤ 《ᠬᠥᠳᠡᠯᠭᠡᠭᠦᠷ》 ᠪᠣᠯᠤᠨ᠎ᠠ᠃ ᠵᠠᠩᠭᠢᠯᠠᠭ᠎ᠠ᠎ᠶ᠋ᠢᠨ ᠮᠡᠷᠭᠡᠵᠢᠯ᠎ᠢ ᠪᠥᠬᠥ᠌ ᠣᠷᠣᠨ ᠪᠦᠰᠡ᠎ᠳᠦ ᠳᠡᠯᠭᠡᠷᠡᠭᠦᠯᠬᠦ᠌᠂ ᠦᠶ᠋ᠯᠡᠴᠢᠯᠡᠭᠡᠨ᠎ᠦ ᠵᠠᠭ᠍ᠪᠤᠷ᠎ᠢ ᠭᠦᠨᠵᠡᠭᠡᠶ ᠱᠢᠯᠢᠳᠡᠭ᠌ᠵᠢᠭᠦᠯᠬᠦ᠌᠎ᠪᠡᠷ ᠳᠡᠮᠵᠢᠨ᠂ ᠡᠨᠡ ᠵᠢᠯ ᠬᠣᠷᠴᠢᠨ ᠲᠣᠭᠣᠷᠢᠭ᠎ᠤᠨ ᠨᠠᠮᠤᠷ᠎ᠤᠨ ᠠᠮᠤ ᠪᠤᠳᠠᠭᠠᠨ᠎ᠤ ᠮᠦ᠍ ᠨᠢᠭᠡᠴᠢ᠎ᠶ᠋ᠢᠨ ᠤᠨᠠᠯᠲᠠ᠎ᠶ᠋ᠢ ᠳᠡᠭᠡᠭ᠌ᠰᠢᠯᠡᠭᠦᠯᠬᠦ᠌ ᠠᠵᠢᠯ ᠢᠯᠡᠳᠲᠡ ᠦᠷ᠎ᠡ ᠪᠦᠲᠦᠮᠵᠢ ᠤᠯᠪᠠ᠃
ᠡᠨᠡ ᠬᠡᠳᠦᠨ ᠡᠳᠦᠷ᠂ ᠬᠣᠷᠴᠢᠨ ᠲᠣᠭᠣᠷᠢᠭ᠎ᠤᠨ ᠢᠦᠶ ᠯᠢᠶᠠᠩ ᠫᠥ ᠪᠠᠯᠭᠠᠰᠤᠨ᠎ᠤ ᠬᠦᠬᠡ ᠭᠡᠷ ᠬᠣᠶᠠᠳᠤᠭᠠᠷ ᠲᠣᠰᠭᠣᠨ᠎ᠤ ᠨᠠᠮ᠎ᠤᠨ ᠡᠭᠦᠷ᠎ᠦᠨ ᠱᠦᠵᠢ ᠸᠠᠩ ᠳ᠋ᠦᠩ ᠥᠪᠡᠷ᠎ᠦᠨ ᠡᠷᠳᠡᠨᠢ ᠱᠢᠰᠢ᠎ᠶ᠋ᠢᠨ ᠲᠠᠷᠢᠶᠠᠨ᠎ᠳᠠᠭᠠᠨ ᠮᠤᠩᠭᠠᠨᠢᠨ᠎ᠠ᠃ ᠡᠨᠡ ᠵᠢᠯ ᠲᠡᠭᠦᠨ᠎ᠦ ᠳᠠᠷᠢᠭ᠍ᠰᠠᠨ 1000 ᠮᠥ᠍ ᠡᠷᠳᠡᠨᠢ ᠱᠢᠰᠢ᠎ᠶ᠋ᠢᠨ ᠲᠠᠷᠢᠶ᠎ᠠ ᠨᠢ 2025 ᠣᠨ᠎ᠤ ᠬᠣᠷᠴᠢᠨ ᠲᠣᠭᠣᠷᠢᠭ᠎ᠤᠨ ᠡᠷᠳᠡᠨᠢ ᠱᠢᠰᠢ᠎ᠶ᠋ᠢᠨ ᠮᠦ᠍ ᠨᠢᠭᠡᠴᠢ᠎ᠶ᠋ᠢᠨ ᠤᠨᠠᠯᠲᠠ᠎ᠶ᠋ᠢ ᠳᠡᠭᠡᠭ᠌ᠰᠢᠯᠡᠭᠦᠯᠬᠦ᠌ ᠲᠥᠷᠥᠯ ᠵᠦᠶ᠋ᠯ᠎ᠦᠨ ᠲᠣᠭᠣᠷᠢᠭ᠎ᠲᠤ ᠣᠷᠣᠪᠠ᠃ 《ᠡᠨᠡ ᠵᠢᠯ ᠮᠡᠷᠭᠡᠵᠢᠯ᠎ᠦᠨ ᠲᠤᠰᠭᠠᠢ ᠮᠡᠷᠭᠡᠵᠢᠯᠲᠡᠨ᠎ᠦ ᠵᠢᠯᠤᠭᠤᠳᠤᠯᠭ᠎ᠠ ᠳᠣᠣᠷ᠎ᠠ ᠪᠢ ᠨᠢᠭ᠍ᠲᠠ ᠲᠠᠷᠢᠬᠤ᠎ᠳᠤ ᠲᠣᠬᠢᠷᠠᠮᠵᠢᠲᠠᠢ ᠡᠷᠳᠡᠨᠢ ᠱᠢᠰᠢ ᠲᠠᠷᠢᠪᠠ᠂ ᠥᠩᠭᠡᠷᠡᠭ᠌ᠰᠡᠨ᠎ᠳᠦ ᠮᠥ᠍ ᠪᠦᠷᠢᠳᠦ 3800 — 4000 ᠰᠠᠭᠤᠷᠢ ᠳᠠᠷᠢᠵᠦ ᠪᠠᠢᠪᠠ᠂ ᠡᠨᠡ ᠵᠢᠯ ᠱᠢᠨ᠎ᠡ ᠦᠷ᠎ᠡ ᠬᠡᠷᠡᠭ᠌ᠯᠡᠭᠰᠡᠨ ᠪᠤᠯᠬᠤᠷ 5500 — 6000 ᠰᠠᠭᠤᠷᠢ ᠳᠠᠷᠢᠵᠠᠶ᠂ ᠣᠳᠣᠬᠠᠨ᠎ᠤ ᠡᠷᠳᠡᠨᠢ ᠱᠢᠰᠢ᠎ᠶ᠋ᠢᠨ ᠤᠷᠭᠤᠯᠲᠠ᠎ᠶ᠋ᠢᠨ ᠪᠠᠢᠳᠠᠯ᠎ᠢ ᠦᠵᠡᠪᠡᠯ᠂ ᠮᠦ᠍ ᠪᠦᠷᠢ᠎ᠶ᠋ᠢᠨ ᠤᠨᠠᠯᠲᠠ ᠵᠢᠱ᠌ᠢᠯᠲᠡ᠎ᠪᠡᠷ 2000 ᠵᠢᠩ᠎ᠢ ᠳᠠᠪᠠᠬᠤ ᠪᠤᠯᠤᠨ᠎ᠠ》 ᠭᠡᠵᠦ᠍ ᠸᠠᠩ ᠳ᠋ᠦᠩ ᠬᠡᠯᠡᠪᠡ᠃
ᠭᠦᠨ ᠬᠠᠭᠠᠯᠪᠤᠷᠢᠯᠠᠵᠤ ᠨᠠᠷᠢᠯᠢᠬ ᠠᠷᠠᠴᠢᠯᠠᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠡᠷ ᠬᠦᠴᠦᠨ ᠣᠯᠭᠣᠨ᠎ᠠ᠃ ᠡᠨᠡ ᠵᠢᠯ᠂ ᠥᠪᠥᠷ ᠮᠣᠩᠭᠣᠯ ᠶᠡᠬᠡ ᠬᠡᠪᠴᠢᠶᠡᠨ᠎ᠦ ᠮᠦ᠍ ᠨᠢᠭᠡᠴᠢ᠎ᠶ᠋ᠢᠨ ᠤᠨᠠᠯᠲᠠ᠎ᠶ᠋ᠢ ᠳᠡᠭᠡᠭ᠌ᠰᠢᠯᠡᠭᠦᠯᠬᠦ᠌ 《ᠬᠣᠶᠠᠷ 1000 ᠲᠦᠮᠡᠨ ᠮᠥ᠍》 ᠶ᠋ᠢᠨ ᠠᠵᠢᠯᠯᠠᠭ᠎ᠠ (1000 ᠲᠦᠮᠡᠨ ᠮᠥ᠍ ᠵᠢᠨ ᠮᠦ᠍ ᠨᠢᠭᠡᠴᠢ᠎ᠶ᠋ᠢᠨ ᠤᠨᠠᠯᠲᠠ᠎ᠶ᠋ᠢ ᠳᠡᠭᠡᠭ᠌ᠰᠢᠯᠡᠭᠦᠯᠬᠦ᠌ ᠵᠢᠱ᠌ᠢᠶ᠎ᠡ ᠦᠵᠡᠭᠦᠯᠬᠦ᠌ ᠣᠷᠣᠨ ᠪᠠ 1000 ᠲᠦᠮᠡᠨ ᠮᠥ᠍ ᠵᠢᠨ 《ᠲᠣᠨ ᠤ᠋ ᠤᠨᠠᠯᠳᠠ ᠵᠢᠨ ᠲᠠᠷᠢᠶ᠎ᠠ》 ᠶ᠋ᠢ ᠪᠥᠲᠥᠭᠡᠨ ᠪᠠᠢᠭᠤᠯᠤᠨ᠎ᠠ) ᠶ᠋ᠢ ᠬᠡᠷᠡᠭ᠌ᠵᠢᠭᠦᠯᠵᠦ᠍᠂ ᠶᠡᠬᠡ ᠲᠠᠯᠠᠪᠠᠶ᠎ᠶ᠋ᠢ ᠨᠠᠩ ᠳᠣᠪᠣᠢᠯᠭᠠᠬᠤ᠂ 《ᠲᠠᠪᠤᠨ ᠰᠠᠢᠨ》 ᠤ᠋ ᠠᠭᠤᠰᠤᠯᠴᠠᠯ᠎ᠢ ᠨᠠᠩ ᠳᠣᠪᠣᠢᠯᠭᠠᠬᠤ᠂ ᠵᠠᠩᠭᠢᠯᠠᠭ᠎ᠠ᠎ᠶ᠋ᠢᠨ ᠮᠡᠷᠭᠡᠵᠢᠯ᠎ᠢ ᠨᠠᠩ ᠳᠣᠪᠣᠢᠯᠭᠠᠬᠤ᠂ ᠭᠤᠤᠯ ᠴᠣᠭ᠍ᠴᠠ᠎ᠶ᠋ᠢᠨ ᠳᠠᠢᠴᠢᠯᠠᠯᠲᠠ᠎ᠶ᠋ᠢ ᠨᠠᠩ ᠳᠣᠪᠣᠢᠯᠭᠠᠬᠤ᠎ᠶ᠋ᠢᠨ ᠲᠣᠭᠣᠷᠢᠨ᠎ᠳᠤ ᠶᠡᠬᠡ ᠲᠠᠯᠠᠪᠠᠶ᠎ᠶᠢᠨ ᠲᠡᠩᠴᠡᠭᠦᠷᠢᠲᠡᠶ ᠭᠠᠷᠤᠯᠲᠠ᠎ᠶ᠋ᠢ ᠨᠡᠮᠡᠭ᠌ᠳᠡᠭᠦᠯᠬᠦ᠌᠎ᠶ᠋ᠢ ᠠᠬᠢᠭᠤᠯᠪᠠ᠃
ᠣᠳᠣᠬᠠᠨ᠎ᠳᠤ ᠬᠢᠩᠭᠠᠨ ᠠᠢᠮᠠᠭ᠎ᠤᠨ ᠵᠠᠯᠠᠢᠳ ᠬᠣᠱᠢᠭᠤᠨ ᠤ᠋ 69 ᠲᠦᠮᠡᠨ ᠮᠦ᠍ ᠤᠰᠤᠨ ᠲᠤᠲᠤᠷᠭ᠎ᠠ ᠡᠯᠪᠡᠭ ᠬᠤᠷᠢᠶᠠᠯᠲᠠ ᠣᠯᠵᠠᠢ᠃
ᠬᠣᠯᠪᠣᠭ᠎ᠠ ᠪᠠᠯᠭᠠᠰᠤᠨ᠎ᠤ ᠡᠦ ᠳ᠋ᠤᠤ ᠾᠧ ᠽᠢ ᠲᠠᠷᠢᠶᠠᠯᠠᠩ ᠮᠠᠯᠵᠢᠯ᠎ᠤᠨ ᠲᠠᠯᠠᠪᠠᠢ᠎ᠳᠤ᠂ ᠲᠠᠷᠢᠶᠠᠴᠢᠨ ᠡᠷᠦᠬᠡ ᠶᠠᠭ ᠳᠤᠬᠢᠷᠠᠮᠵᠢᠳᠠᠢ ᠴᠠᠭ ᠠᠭᠤᠷ᠎ᠢ ᠠᠵᠢᠮ᠎ᠵᠢᠨ᠂ ᠰᠡᠭᠦᠯᠴᠢ᠎ᠶ᠋ᠢᠨ ᠬᠤᠭᠤᠴᠠᠭᠠᠨ᠎ᠤ ᠤᠰᠤ ᠭᠠᠳᠠᠭ᠍ᠰᠢᠯᠠᠭᠤᠯᠵᠤ ᠲᠠᠷᠢᠶ᠎ᠠ ᠡᠭᠡᠭᠡᠬᠦ ᠠᠵᠢᠯ᠎ᠢᠶᠡᠨ ᠬᠢᠵᠦ ᠪᠤᠢ᠃
ᠡᠨᠡ ᠵᠢᠯ᠂ ᠵᠠᠯᠠᠢᠳ ᠬᠣᠱᠢᠭᠤ ᠴᠢᠨᠠᠷ ᠰᠠᠢᠲᠠᠶ ᠲᠤᠲᠤᠷᠭ᠎ᠠ᠎ᠶ᠋ᠢᠨ ᠦᠷ᠎ᠡ᠎ᠶ᠋ᠢ ᠳᠡᠯᠭᠡᠷᠡᠭᠦᠯᠬᠦ᠌᠂ ᠬᠥᠷᠥᠰᠥ᠍ ᠱᠢᠷᠣᠶ᠎ᠶ᠋ᠢ ᠱᠢᠨᠵᠢᠨ ᠵᠣᠷ ᠨᠠᠢᠷᠠᠭᠤᠯᠤᠨ ᠪᠣᠷᠲᠣᠭᠣᠷ ᠣᠷᠣᠭᠤᠯᠬᠤ᠂ ᠡᠪᠡᠳᠴᠢᠨ ᠬᠣᠷᠣᠬᠠᠶ᠎ᠶ᠋ᠢᠨ ᠬᠥᠨᠥᠭᠡᠯ᠎ᠢ ᠪᠣᠬᠢᠷᠲᠤᠯ ᠥᠬᠡᠶ᠎ᠪᠡᠷ ᠰᠡᠷᠭᠡᠢᠯᠡᠨ ᠡᠵᠡᠮᠳᠡᠬᠦ᠌ ᠵᠡᠷᠭᠡ ᠲᠡᠷᠢᠭᠦᠨ᠎ᠦ ᠮᠡᠷᠭᠡᠵᠢᠯ᠎ᠢ ᠲᠦᠭᠡᠮᠡᠯᠵᠢᠭᠦᠯᠬᠦ᠌᠎ᠪᠡᠷ ᠳᠠᠮᠵᠢᠨ᠂ ᠲᠠᠷᠢᠶᠠᠴᠢᠨ ᠡᠷᠦᠬᠡ᠎ᠶ᠋ᠢᠨ ᠤᠰᠤᠯᠠᠯᠲᠠ᠂ ᠨᠡᠮᠡᠯᠲᠡ ᠪᠣᠷᠲᠣᠭᠣᠷ ᠣᠷᠣᠭᠤᠯᠬᠤ ᠵᠡᠷᠭᠡ ᠲᠠᠯ᠎ᠠ᠎ᠶ᠋ᠢᠨ ᠬᠦᠴᠢᠷ ᠠᠰᠠᠭᠤᠳᠠᠯ᠎ᠢ ᠱᠢᠶ᠋ᠳᠪᠦᠷᠢᠯᠡᠵᠦ᠍᠂ ᠤᠰᠤᠨ ᠲᠤᠲᠤᠷᠭ᠎ᠠ᠎ᠶ᠋ᠢᠨ ᠤᠷᠭᠤᠯᠲᠠ᠎ᠶ᠋ᠢᠨ ᠪᠥᠬᠥ᠌ ᠶᠠᠪᠤᠴᠠ᠎ᠳᠤ 《ᠮᠡᠷᠭᠡᠵᠢᠯ᠎ᠲᠡᠶ》 ᠪᠠᠢᠬᠤ᠎ᠶ᠋ᠢ ᠦᠨᠡᠨ ᠬᠦ᠌ ᠪᠠᠲᠤᠯᠠᠪᠠ᠃ ᠣᠢᠷ᠎ᠠ᠎ᠶ᠋ᠢᠨ ᠵᠢᠯ᠎ᠡᠴᠡ᠂ ᠵᠠᠯᠠᠢᠳ ᠬᠣᠱᠢᠭᠤ ᠤᠰᠤᠨ ᠲᠤᠲᠤᠷᠭ᠎ᠠ᠎ᠶ᠋ᠢᠨ ᠠᠵᠤ ᠦᠶ᠋ᠯᠡᠰ᠎ᠦᠨ ᠬᠡᠯᠬᠢᠶ᠎ᠡ᠎ᠶ᠋ᠢ ᠤᠷᠲᠤᠳᠭᠠᠬᠤ᠂ ᠠᠵᠤ ᠦᠶ᠋ᠯᠡᠰ᠎ᠦᠨ ᠨᠡᠮᠡᠯᠲᠡ ᠥᠷᠲᠡᠭ᠎ᠢ ᠳᠡᠭᠡᠭ᠌ᠰᠢᠯᠡᠭᠦᠯᠬᠦ᠌ ᠲᠠᠯ᠎ᠠ᠎ᠪᠠᠷ ᠦᠷᠭᠦᠯᠵᠢᠯᠡᠨ ᠬᠦᠴᠦᠯᠡᠵᠦ᠍᠂ 《ᠲᠤᠲᠤᠷᠭ᠎ᠠ + ᠵᠢᠭᠠᠰᠤ》 ᠠᠮᠢ ᠠᠬᠤᠶ᠎ᠶ᠋ᠢᠨ ᠳᠠᠷᠢᠵᠤ ᠲᠡᠵᠢᠭᠡᠬᠦ᠌᠂ ᠲᠤᠲᠤᠷᠭ᠎ᠠ᠎ᠶ᠋ᠢ ᠨᠠᠷᠢᠯᠢᠭ ᠡᠳ᠋ᠱᠢᠭᠦᠯᠬᠦ᠌᠂ ᠲᠤᠲᠤᠷᠭ᠎ᠠ᠎ᠶ᠋ᠢᠨ ᠳᠠᠷᠢᠶ᠎ᠠ ᠵᠢ ᠪᠡᠶᠡᠴᠢᠯᠡᠨ ᠤᠢᠯᠠᠭᠠᠬᠤ ᠰᠣᠶᠣᠯ ᠵᠢᠭᠤᠯᠴᠢᠯᠠᠯ ᠵᠡᠷᠭᠡ ᠣᠯᠠᠨ ᠡᠱᠢᠲᠦ ᠠᠭᠤᠰᠤᠯᠴᠠᠭ᠍ᠰᠠᠨ ᠡᠵᠡᠩᠨᠡᠯᠲᠡ᠎ᠶ᠋ᠢᠨ ᠬᠡᠯᠪᠡᠷᠢ᠎ᠶ᠋ᠢ ᠠᠯᠬᠤᠮ ᠠᠯᠬᠤᠮ᠎ᠢᠶᠠᠷ ᠥᠷᠭᠡᠳᠭᠡᠪᠡ᠃ ᠠᠵᠤ ᠦᠶ᠋ᠯᠡᠰ᠎ᠦᠨ ᠬᠡᠯᠪᠡᠷᠢ ᠪᠠᠢᠳᠠᠯ᠎ᠤᠨ ᠲᠠᠰᠤᠷᠠᠯᠲᠠ ᠥᠬᠡᠶ ᠪᠠᠶᠠᠯᠢᠭ᠍ᠵᠢᠬᠤᠶ᠋ᠢ ᠳᠠᠭᠠᠯᠳᠤᠨ᠂《ᠵᠠᠯᠠᠢᠳ ᠲᠤᠲᠤᠷᠭ᠎ᠠ》 ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠦ ᠨᠠᠷᠠᠲᠤ ᠲᠦᠷᠦᠯ ᠲᠡᠮᠳᠡᠭ᠎ᠦᠨ ᠠᠯᠳᠠᠷᠱᠢᠯ ᠪᠠ ᠵᠠᠬ᠎ᠠ ᠳᠡᠯᠭᠡᠭᠦᠷ᠎ᠦᠨ ᠨᠥᠯᠥᠭᠡᠯᠡᠬᠦ᠌ ᠬᠦᠴᠦᠨ ᠴᠦ᠍ ᠦᠷᠭᠦᠯᠵᠢᠯᠡᠨ ᠳᠡᠭᠡᠭ᠌ᠰᠢᠯᠡᠵᠦ᠍᠂ ᠦᠶ᠋ᠯᠡᠳᠬᠦᠨ᠎ᠨᠢ ᠪᠥᠬᠥ᠌ ᠤᠯᠤᠰ᠎ᠤᠨ ᠡᠯ᠎ᠡ ᠭᠠᠵᠠᠷ᠎ᠲᠤ ᠪᠣᠷᠣᠯᠠᠭᠤᠯᠤᠭ᠍ᠳᠠᠵᠤ ᠪᠠᠢᠨ᠎ᠠ᠃
ᠥᠪᠥᠷ ᠮᠣᠩᠭᠣᠯ ᠲᠠᠷᠢᠶᠠᠯᠠᠩ ᠮᠠᠯ ᠠᠵᠤ ᠠᠬᠤᠶ ᠵᠢᠨ ᠡᠬᠢ ᠪᠠᠶᠠᠯᠢᠭ ᠡᠯᠪᠡᠭ ᠳᠡᠯᠪᠡᠭ ᠪᠠᠢᠬᠤ ᠳᠠᠪᠠᠭᠤᠯᠢᠭ᠎ᠲᠠᠭᠠᠨ ᠲᠦᠱᠢᠭ᠌ᠯᠡᠨ᠂ 《ᠠᠮᠤ ᠪᠤᠳᠠᠭᠠᠨ᠎ᠤ ᠦᠢᠯᠡᠳᠪᠦᠷᠢᠯᠡᠯ ᠬᠢᠭᠡᠳ ᠪᠤᠷᠤᠯᠠᠭᠤᠯᠭ᠎ᠠ᠎ᠶᠢ ᠵᠤᠯᠭᠠᠭᠤᠯᠬᠤ》᠂ 《ᠮᠠᠯ ᠲᠡᠵᠢᠭᠡᠨ ᠦᠷᠡᠵᠢᠭᠦᠯᠬᠦ ᠬᠢᠭᠡᠳ ᠮᠠᠯ᠎ᠤᠨ ᠠᠰᠢᠭ ᠰᠢᠮ᠎ᠠ᠎ᠶᠢ ᠡᠳ᠋ᠰᠢᠭᠦᠯᠦᠨ ᠪᠤᠯᠪᠠᠰᠤᠷᠠᠭᠤᠯᠬᠤ᠎ᠶᠢ ᠨᠢᠭᠡ ᠴᠤᠭᠴᠠᠵᠢᠭᠤᠯᠬᠤ》᠂ 《ᠲᠠᠷᠢᠮᠠᠯ᠎ᠤᠨ ᠦᠢᠯᠡᠰ ᠬᠢᠭᠡᠳ ᠲᠠᠷᠢᠶᠠᠯᠠᠩ᠎ᠤᠨ ᠪᠦᠳᠦᠭᠡᠭᠳᠡᠭᠦᠨ᠎ᠢ ᠡᠳ᠋ᠰᠢᠭᠦᠯᠦᠨ ᠪᠤᠯᠪᠠᠰᠤᠷᠠᠭᠤᠯᠬᠤ᠎ᠶᠢ ᠠᠭᠤᠰᠤᠯᠴᠠᠭᠤᠯᠤᠨ ᠬᠦᠭᠵᠢᠭᠦᠯᠬᠦ》 ᠳ᠋ᠤ ᠠᠩᠬᠠᠷᠤᠯ᠎ᠢᠶᠠᠨ ᠲᠥᠪᠯᠡᠷᠡᠭᠦᠯᠵᠦ᠍᠂ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠢ ᠡᠳ᠋ᠱᠢᠭᠦᠯᠬᠦ᠌ ᠠᠵᠤ ᠠᠬᠤᠢᠯᠠᠯ᠎ᠢ ᠳᠡᠮᠵᠢᠬᠦ᠌ ᠪᠠ ᠬᠥᠲᠥᠯᠥᠨ ᠵᠢᠯᠣᠭᠣᠳᠴᠤ᠌ ᠪᠠᠢᠭᠠᠳ ᠨᠠᠷᠢᠯᠢᠭ ᠡᠳ᠋ᠱᠢᠭᠦᠯᠬᠦ᠌᠎ᠶ᠋ᠢ ᠶᠡᠬᠡ ᠪᠡᠷ ᠬᠥᠭ᠌ᠵᠢᠭᠦᠯᠵᠦ᠍᠂ ᠠᠵᠤ ᠦᠶ᠋ᠯᠡᠰ᠎ᠦᠨ ᠬᠡᠯᠬᠢᠶ᠎ᠡ᠎ᠶ᠋ᠢ ᠤᠷᠲᠤᠳᠭᠠᠬᠤ᠎ᠶ᠋ᠢ ᠠᠬᠢᠭᠤᠯᠤᠨ᠂ ᠪᠦᠲᠦᠭᠡᠭ᠌ᠳᠡᠬᠦᠨ᠎ᠦ ᠨᠡᠮᠡᠯᠲᠡ ᠥᠷᠲᠡᠭ᠎ᠢ ᠳᠡᠭᠡᠭ᠌ᠰᠢᠯᠡᠭᠦᠯᠵᠦ᠍᠂ ᠮᠠᠯᠴᠢᠨ ᠲᠠᠷᠢᠶᠠᠴᠢᠨ᠎ᠤ ᠠᠵᠢᠯ ᠣᠯᠵᠤ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢ ᠳᠠᠢᠴᠢᠯᠠᠪᠠ᠃