ᠲᠡᠷᠭᠡᠯ ᠪᠠᠶᠠᠷ ᠵᠢᠡᠷ ᠭᠡᠷ ᠬᠣᠲᠠᠯᠠᠭᠠᠷ᠎ᠢᠶᠠᠨ ᠴᠤᠭ᠍ᠯᠠᠷᠠᠵᠤ ᠤᠮᠠᠷᠠᠲᠤ ᠬᠢᠯᠢ ᠪᠠᠶᠠᠷ ᠪᠠᠬᠠᠳᠤᠯ ᠵᠢᠡᠷ ᠪᠢᠯᠬᠠᠨ᠎ᠠ
2025-10-07 10:49:24
ᠵᠣᠬᠢᠶᠠᠭ᠍ᠴᠢ᠄
ᠪᠤᠶᠠᠨᠨᠨᠠᠷᠢᠯ ᠰᠢᠤᠸᠠᠢ ᠯᠠᠢ ᠪᠦᠦ ᠴᠢᠩ ᠱᠧᠩ ᠶᠠᠩ ᠬᠣᠩ ᠮᠧᠢ ᠵᠢᠶᠠ ᠱᠢᠤᠸᠠᠢ
ᠣᠩᠱᠢᠭ᠍ᠰᠠᠨ ᠣᠳᠠᠭ᠎ᠠ᠄
★★★☆☆

ᠤᠯᠤᠰ ᠤ᠋ᠨ ᠪᠠᠶᠠᠷ ᠨᠠᠶ᠋ᠮᠠᠨ ᠰᠠᠷ᠎ᠠ᠎ᠶ᠋ᠢᠨ ᠲᠡᠷᠭᠡᠯ ᠪᠠᠶᠠᠷ ᠬᠤᠤᠰᠯᠠᠨ ᠲᠤᠬᠢᠶᠠᠬᠤ ᠳ᠋ᠤ᠂ ᠤᠮᠠᠷᠠᠲᠤ ᠬᠢᠯᠢ᠎ᠶ᠋ᠢᠨ ᠬᠥᠪᠡᠭᠦᠳ ᠥᠬᠢᠳ ᠡᠬᠡ ᠨᠤᠲᠤᠭ᠎ᠲᠠᠭᠠᠨ ᠪᠤᠴᠠᠨ᠎ᠠ᠃ 《ᠪᠦᠷ ᠬᠠᠷᠢᠭᠠᠳ ᠢᠷᠡᠴᠢᠭᠡᠵᠠᠢ》 ᠭᠡᠬᠦ ᠬᠠᠨᠤᠮᠵᠢᠳᠠᠢᠬᠠᠨ ᠰᠡᠳᠬᠢᠯ ᠤ᠋ᠨ ᠦᠭᠡ ᠨᠢ ᠳᠠᠷᠤᠢ ᠡᠨᠡ ᠬᠦ᠌ ᠠᠮᠠᠷᠠᠯᠲᠠ᠎ᠵᠢᠨ ᠬᠠᠮᠤᠭ ᠤ᠋ᠨ ᠭᠤᠶᠤ ᠲᠠᠢᠯᠪᠤᠷᠢᠯᠠᠯ ᠪᠤᠯᠬᠤ ᠶᠤᠮ᠃

ᠪᠠᠶᠠᠷ ᠬᠦᠷ ᠲᠠᠢ ᠪᠡᠷ ᠭᠡᠷ ᠤ᠋ᠨ ᠬᠣᠭᠣᠯᠠ ᠪᠤᠳᠠᠭ᠎ᠠ ᠠᠮᠳᠠᠳᠤ ᠶᠧᠪᠡᠩ ᠡᠴᠡ ᠪᠠᠨ ᠠᠮᠳᠠᠯᠠᠵᠦ᠂ ᠦᠰᠤᠨ ᠪᠤᠢᠵᠢᠯᠳᠠ ᠤᠯᠤᠯᠳᠠ ᠲᠦᠷᠦᠭᠳᠡᠯ ᠤ᠋ᠨ ᠪᠠᠶᠠᠷ ᠪᠠᠬᠠᠳᠤᠯ ᠵᠢᠡᠨ ᠬᠤᠪᠢᠶᠠᠯᠴᠠᠵᠤ᠂ ᠨᠤᠲᠤᠭ ᠤᠰᠤᠨ ᠤ᠋ ᠪᠠᠨ ᠡᠳᠦᠷ ᠢᠷᠡᠬᠦᠶ᠎ᠡ ᠱᠢᠨᠡᠳᠦᠨ ᠬᠤᠪᠢᠷᠠᠵᠤ ᠪᠠᠢᠬᠤ ᠪᠠᠶᠠᠷ ᠤ᠋ᠨ ᠵᠤᠭᠤᠭ ᠵᠢᠡᠨ ᠲᠡᠯᠭᠡᠭᠡᠳ ᠪᠠᠷᠠᠰᠢ ᠦᠭᠡᠢ; 《ᠪᠠᠭ᠎ᠠ ᠭᠡᠷ》 ᠤ᠋ᠨ ᠡᠶ᠎ᠠ ᠵᠣᠬᠢᠴᠠᠩᠭᠤᠢ ᠵᠣᠯ ᠵᠢᠷᠭᠠᠯ ᠪᠣᠯᠤᠨ ᠲᠡᠮᠡᠴᠡᠯ᠎ᠦᠨ ᠬᠦᠰᠡᠯ ᠡᠷᠡᠮᠡᠯᠵᠡᠯ ᠵᠢᠡᠨ ᠵᠢᠷᠤᠬᠯᠠᠵᠤ᠂ 《ᠶᠡᠬᠡ ᠭᠡᠷ》 ᠤ᠋ᠨ ᠲᠦᠷᠦ᠍ ᠲᠦᠪᠱᠢᠨ ᠠᠷᠠᠳ ᠠᠮᠤᠭᠤᠯᠠᠩ ᠪᠣᠯᠤᠨ ᠬᠥᠭ᠌ᠵᠢᠯ ᠴᠡᠴᠡᠭ᠌ᠯᠡᠯ᠎ᠢ ᠶᠠᠷᠢᠭᠠᠳ ᠪᠠᠷᠠᠰᠢ ᠦᠭᠡᠢ᠃

ᠭᠡᠷ ᠬᠤᠳᠠᠯᠠᠭᠠᠷ ᠵᠢᠡᠨ ᠴᠤᠬᠯᠠᠷᠠᠬᠤ ᠪᠤᠯ ᠬᠦᠮᠦᠨ ᠤ᠋ ᠶᠢᠷᠳᠢᠨᠴᠤ ᠵᠢᠨ ᠬᠠᠮᠤᠭ ᠤ᠋ᠨ ᠶᠡᠭᠡ ᠵᠤᠯ ᠵᠢᠷᠭᠠᠯ ᠮᠦᠨ

10 ᠰᠠᠷ᠎ᠠ᠎ᠶ᠋ᠢᠨ 1 ᠤ᠋ ᠡᠳᠦᠷ᠂ ᠤᠷᠳᠤᠰ ᠬᠤᠳᠠ᠎ᠶ᠋ᠢᠨ ᠦᠦᠱᠢᠨ ᠬᠣᠱᠢᠭᠤᠨ᠎ᠤ ᠰᠦᠯᠳᠡ ᠰᠤᠮᠤ᠎ᠶ᠋ᠢᠨ ᠱᠠᠷᠯᠢᠭ ᠭᠠᠴᠠᠭ᠎ᠠ᠎ᠳᠤ ᠮᠠᠯᠴᠢᠨ ᠬᠤᠸᠠᠷ᠎ᠤᠨ ᠬᠢᠨ ᠤ᠋ ᠮᠣᠩᠭᠣᠯ ᠭᠡᠷ᠎ᠡᠴᠡ ᠠᠷᠭᠠᠯ ᠤ᠋ᠨ ᠤᠳᠤᠭ᠎ᠠ ᠰᠤᠭᠤᠨᠠᠬᠯᠠᠨ᠎ᠠ᠃ ᠡᠨᠡ ᠬᠦ᠌ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠬᠤᠸᠠᠷ ᠤ᠋ᠨ ᠬᠢᠨ ᠭᠡᠷ ᠬᠤᠳᠠᠯᠠᠭᠠᠷ ᠵᠢᠡᠨ ᠴᠤᠬᠯᠠᠷᠠᠬᠰᠠᠨ  ᠬᠠᠮᠤᠭ᠎ᠤᠨ ᠬᠥᠷ ᠬᠥᠭ᠌ᠵᠢᠶᠡᠨᠳᠤ ᠴᠠᠭ ᠮᠥᠴᠡ᠎ᠪᠠᠨ ᠤᠭ᠍ᠲᠤᠨ ᠠᠪᠤᠯ᠎ᠠ — ᠭᠠᠳᠠᠨ᠎ᠠ ᠤᠷᠤᠨ ᠳ᠋ᠤ ᠠᠵᠢᠯᠯᠠᠵᠤ ᠪᠠᠢᠭ᠎ᠠ ᠬᠡᠦᠬᠡᠳ᠎ᠦᠳ ᠨᠢ ᠴᠦᠮ ᠬᠡᠷ᠎ᠲᠡᠬᠡᠨ ᠬᠠᠷᠢᠵᠤ ᠢᠷᠡᠭᠡᠳ᠂ ᠭᠡᠷ ᠪᠦᠯᠢ ᠪᠡᠷ ᠵᠢᠡᠨ ᠴᠤᠬᠯᠠᠷᠠᠵᠤ ᠵᠢᠷᠭᠠᠯ᠎ᠤ᠋ᠨ ᠲᠠᠯᠠᠢ ᠳ᠋ᠤ ᠱᠤᠨᠭᠪᠠᠵᠤ ᠪᠠᠶᠠᠷ ᠬᠦᠷ ᠵᠢᠡᠷ ᠪᠢᠯᠬᠠᠨ᠎ᠠ᠃

《ᠡᠨᠡ ᠡᠳᠦᠷ᠎ᠢ ᠠᠯᠢ ᠬᠡᠳᠦᠢᠨ ᠬᠦᠰᠡᠨ ᠬᠦᠯᠢᠶᠠᠵᠤ ᠪᠠᠢᠬᠰᠡᠨ ᠶᠤᠮ!》 ᠬᠡᠵᠦ ᠬᠤᠸᠠᠷ ᠭᠠᠸ᠋ᠯᠢᠨ ᠲᠣᠭᠣᠭᠠᠨ᠎ᠳ᠋ᠠᠭᠠᠨ ᠮᠢᠬ᠎ᠠ ᠪᠡᠨ ᠴᠢᠨᠠᠬᠤ ᠵᠢᠨ ᠲᠠᠭᠠᠣ ᠭᠡᠷ ᠤ᠋ᠨ ᠭᠠᠳᠠᠨ᠎ᠠ ᠪᠠᠢᠭ᠎ᠠ ᠬᠡᠦᠬᠡᠳ᠎ᠤ᠋ᠳ ᠵᠢᠡᠨ ᠬᠠᠷᠠᠭᠠᠳ ᠪᠠᠶᠠᠷ ᠤ᠋ᠨ ᠮᠦᠰᠢᠶᠡᠳᠤ ᠲᠤᠳᠤᠷᠠᠭᠤᠯᠤᠨ᠎ᠠ᠃ 9 ᠰᠠᠷ᠎ᠠ᠎ᠶ᠋ᠢᠨ 30 ᠎ᠤ᠋ ᠣᠷᠣᠶ᠂ ᠬᠣᠱᠢᠭᠤᠨ ᠲᠦᠪ ᠲᠦ᠍ ᠰᠠᠭᠤᠭ᠎ᠠ ᠤᠤᠭᠠᠨ ᠬᠦᠦ᠍ ᠨᠢ ᠭᠡᠷ ᠪᠦᠯᠢ ᠪᠡᠷ ᠵᠢᠡᠨ ᠠᠷᠤ ᠬᠡᠷ᠎ᠲᠡᠬᠡᠨ ᠬᠠᠷᠢᠵᠤ ᠢᠷᠡᠭᠡᠳ᠂ ᠡᠵᠢ᠎ᠪᠡᠨ ᠬᠠᠪᠰᠤᠷᠤᠨ ᠮᠣᠩᠭᠣᠯ ᠬᠡᠷ᠎ᠢ ᠨᠢ ᠴᠡᠪᠡᠷᠯᠡᠵᠦ᠍᠂ ᠬᠣᠭᠣᠯᠠ ᠤᠮᠳᠠ ᠪᠡᠯᠡᠳᠭᠡᠵᠦ᠍᠂ ᠴᠢᠨᠠᠬᠰᠡᠨ ᠮᠢᠬᠠᠨ᠎ᠤ ᠠᠩᠬᠢᠯᠤᠮ᠎ᠠ ᠦᠨᠦᠷ ᠬᠦᠷᠢᠶ᠎ᠠ ᠲᠦᠬᠦᠷᠡᠩ ᠬᠠᠨᠭᠬᠤᠯᠤᠨ᠎ᠠ᠃ 10 ᠰᠠᠷ᠎ᠠ᠎ᠶ᠋ᠢᠨ 1 ᠤ᠋ ᠥᠷᠯᠥᠭᠡ᠂ ᠤᠳᠬᠤᠨ ᠬᠦᠦ ᠬᠠᠰ᠎ᠤᠨ ᠬᠢᠨ ᠬᠥᠬᠡᠬᠣᠲᠠ᠎ᠡᠴᠡ ᠮᠠᠱᠢᠨ ᠲᠡᠷᠭᠡ᠎ᠪᠡᠷ ᠵᠢᠡᠨ ᠪᠤᠴᠠᠵᠤ ᠢᠷᠡᠪᠡ᠃ ᠮᠠᠱᠢᠨ᠎ᠡᠴᠡ ᠪᠡᠨ ᠪᠠᠭᠤᠮᠠᠭ᠍ᠴᠠ᠂ ᠬᠠᠰ᠎ᠤᠨ ᠬᠡᠦᠬᠡᠳ ᠤ᠋ᠳ ᠨᠢ ᠬᠤᠸᠠᠷ ᠤ᠋ᠨ ᠦᠭᠡᠳᠠ ᠡᠴᠡ ᠬᠦᠶᠤᠨ ᠬᠦᠷᠴᠤ ᠴᠢᠨᠭᠭ᠎ᠠ ᠲᠡᠪᠡᠷᠢᠨ᠂ 《ᠡᠮᠡᠭᠡ ᠡ》 ᠭᠡᠵᠦ᠍ ᠲᠠᠭᠤᠳᠠᠨ᠎ᠠ᠃ ᠬᠠᠷᠢ᠎ᠳᠤ ᠮᠣᠷᠳᠠᠭ᠍ᠰᠠᠨ ᠬᠡᠤᠬᠡᠨ ᠨᠢ ᠴᠤ᠌ ᠨᠤᠲᠤᠭ᠎ᠤᠨ ᠭᠠᠷᠤᠯᠲᠠ᠎ᠪᠠᠨ ᠠᠪᠴᠤ᠌ ᠲᠥᠷᠬᠥᠮ᠎ᠳᠡᠭᠡᠨ ᠬᠠᠷᠢᠵᠤ ᠢᠷᠠᠯ᠎ᠠ᠃

ᠭᠣᠣᠯ ᠦᠳᠡ᠎ᠶ᠋ᠢᠨ ᠦᠶ᠎ᠡ᠎ᠪᠡᠷ ᠭᠡᠷ ᠬᠤᠳᠠᠯᠠᠭᠠᠷ ᠤ᠋ᠨ ᠬᠠᠮᠲᠤ᠎ᠶ᠋ᠢᠨ ᠬᠣᠭᠣᠯᠠ ᠵᠢᠩᠬᠢᠨᠢ᠎ᠪᠡᠷ ᠡᠬᠢᠯᠡᠪᠡ᠃ ᠤᠯᠠᠮᠵᠢᠯᠠᠯᠲᠤ ᠴᠠᠭᠠᠨ ᠢᠳᠡᠭᠡᠨ᠂ ᠴᠢᠨᠠᠭ᠍ᠰᠠᠨ ᠮᠢᠬ᠎ᠠ᠂ ᠱᠢᠷᠠᠭ᠍ᠰᠠᠨ ᠬᠣᠨᠢᠨ ᠭᠤᠶ᠎ᠠ᠎ᠶ᠋ᠢ ᠱᠢᠷᠡᠭᠡ ᠳᠦᠭᠦᠷᠡᠩ ᠦᠷᠤᠵᠤ᠂ ᠬᠠᠵᠠᠭᠤ᠎ᠳᠤᠨᠢ ᠪᠠᠰᠠ ᠬᠡᠦᠬᠡᠳ᠎ᠦᠳ᠎ᠦᠨ ᠲᠤᠰᠭᠠᠶ ᠠᠪᠴᠢᠷᠠᠭ᠍ᠰᠠᠨ ᠡᠯ᠎ᠡ ᠵᠦᠶ᠋ᠯ᠎ᠦᠨ ᠶᠧᠪᠡᠩ ᠪᠠ ᠱᠢᠨ᠎ᠡ ᠰᠣᠷᠭᠣᠭ ᠵᠢᠮᠢᠰ ᠲᠠᠯᠪᠢᠵᠤ ᠪᠠᠢᠯ᠎ᠠ᠃ ᠬᠤᠸᠠᠷ᠎ᠬᠡᠦᠬᠡᠳ᠎ᠦᠳ᠎ᠦᠨ ᠵᠢᠡᠨ ᠠᠶᠠᠭᠠᠨ᠎ᠳᠤ ᠮᠢᠬ᠎ᠠ ᠬᠦᠰᠬᠦᠯᠡᠨ ᠬᠢᠵᠤ᠂ ᠬᠡᠦᠬᠡᠳ᠎ᠦᠳ ᠨᠢ ᠲᠡᠭᠦᠨ ᠳ᠋ᠤ ᠬᠣᠲᠠ᠎ᠶ᠋ᠢᠨ ᠱᠢᠨ᠎ᠡ ᠰᠡᠪᠡᠭᠦᠨ ᠤᠴᠢᠷ᠂ ᠠᠵᠢᠯ᠎ᠤᠨ ᠣᠯᠤᠯᠲᠠ ᠲᠦᠷᠦᠭᠳᠡᠯ ᠵᠢᠡᠨ ᠶᠠᠷᠢᠵᠤ᠂ ᠣᠮᠪᠣᠯᠣ᠎ᠨᠠᠷ᠎ᠨᠢ ᠬᠦᠭᠡᠷᠤᠯᠳᠤᠨ ᠬᠦᠶᠤᠯᠳᠤᠵᠤ ᠢᠨᠢᠶᠡᠯᠳᠤᠨ ᠬᠠᠰᠬᠢᠷᠤᠯᠳᠤᠨ᠎ᠠ᠃ 《ᠤᠳᠤ ᠠᠮᠢᠳᠤᠷᠠᠯ ᠰᠠᠢᠵᠢᠷᠠᠵᠤ᠂ ᠵᠠᠮ ᠬᠠᠷᠢᠯᠴᠠᠭ᠎ᠠ ᠪᠠᠰᠠ ᠳᠥᠭᠥᠮ ᠪᠣᠯᠵᠠᠢ᠂ ᠭᠡᠷ ᠬᠤᠳᠠᠯᠠᠭᠠᠷ ᠵᠢᠡᠨ ᠴᠤᠬᠯᠠᠷᠠᠶ᠎ᠠ ᠭᠡᠪᠡᠯ ᠭᠡᠵᠢᠶ᠎ᠠ ᠴᠤ᠌ ᠴᠤᠭ᠍ᠯᠠᠷᠠᠵᠤ ᠪᠣᠯᠤᠨ᠎ᠠ》᠃ ᠬᠤᠸᠠᠷ᠎ᠦᠷ᠎ᠠ ᠠᠴᠢ ᠨᠠᠷ ᠵᠢᠡᠨ ᠬᠠᠷᠠᠭᠠᠳ᠂ 《ᠨᠠᠢ᠍ᠮᠠᠨ ᠰᠠᠷ᠎ᠠ ᠵᠢᠨ ᠲᠡᠷᠭᠡᠯ ᠪᠠᠶᠠᠷ᠎ᠵᠢᠡᠷ ᠭᠡᠷ ᠬᠤᠳᠠᠯᠠᠭᠠᠷ ᠵᠢᠡᠨ ᠬᠠᠮᠳᠤ ᠪᠠᠢᠪᠡᠯ ᠶᠠᠭᠤᠨ᠎ᠡᠴᠡ ᠴᠤ᠌ ᠢᠯᠡᠭᠦᠦ ᠪᠠᠶᠠᠷᠯᠠᠨ᠎ᠠ!》 ᠭᠡᠵᠤ ᠪᠠᠶᠠᠷᠯᠠᠬᠰᠠᠨ ᠰᠡᠳᠬᠢᠯ ᠵᠢᠨᠨ ᠲᠠᠷᠤᠵᠤ ᠶᠠᠳᠠᠨ᠎ᠠ᠃

ᠬᠣᠭᠣᠯᠠᠨ᠎ᠤ ᠳᠠᠷᠠᠭ᠎ᠠ᠂ ᠭᠡᠷ ᠬᠤᠳᠠᠯᠠᠭᠠᠷ ᠵᠢᠡᠨ ᠬᠦᠷᠢᠶᠡᠨ ᠳᠣᠲᠣᠷ᠎ᠠ ᠪᠡᠨ ᠲᠣᠭᠣᠷᠢᠯᠴᠠᠨ ᠰᠠᠭᠤᠵᠠᠭᠠᠵᠤ᠂ ᠤᠯᠤᠰ᠎ᠤᠨ ᠲᠤᠭ ᠰᠠᠯᠬᠢᠨ᠎ᠤ ᠠᠶ᠎ᠠ᠎ᠪᠠᠷ ᠨᠠᠮᠢᠷᠠᠬᠤ ᠵᠢ ᠬᠠᠷᠠᠨ᠎ᠠ᠃ ᠬᠠᠰ ᠭᠠᠷ ᠤᠲᠠᠰᠤ᠎ᠪᠠᠨ ᠭᠠᠷᠭᠠᠨ ᠡᠵᠢ ᠪᠣᠯᠤᠨ ᠬᠡᠦᠬᠡᠳ᠎ᠦᠳ᠎ᠲᠡᠭᠡᠨ ᠭᠡᠷ ᠪᠦᠯᠢ ᠵᠢᠨ ᠬᠠᠮᠳᠤ ᠵᠢᠨ ᠰᠡᠬᠦᠳᠡᠷ ᠲᠠᠲᠠᠵᠤ ᠥᠭ᠌ᠪᠡ᠂ ᠡᠨᠡ ᠬᠦ᠌ ᠬᠠᠮᠳᠦ ᠵᠢᠨ ᠰᠡᠭᠦᠳᠡᠷ᠎ᠳᠡᠭᠡᠷ᠎ᠡ ᠬᠥᠮᠦᠨ ᠪᠣᠯᠭᠠᠨ᠎ᠤ ᠴᠢᠷᠠᠶ᠎ᠳᠤ ᠵᠣᠯ ᠵᠢᠷᠭᠠᠯ᠎ᠤᠨ ᠮᠦᠰᠢᠶᠠᠳᠤ ᠲᠣᠳᠣᠷᠠᠨ᠎ᠠ᠃

ᠮᠢᠩᠭᠠᠨ ᠭᠠᠵᠠᠷ᠎ᠤᠨ ᠠᠯᠤᠰ᠎ᠡᠴᠡ ᠭᠡᠷ᠎ᠲᠡᠬᠡᠨ ᠬᠠᠷᠢᠵᠤ ᠬᠡᠷ᠎ᠤᠨ ᠬᠦᠮᠦᠰ ᠲᠠᠢ ᠪᠠᠨ ᠲᠡᠷᠭᠡᠯ ᠰᠠᠷᠠ ᠵᠢ ᠰᠣᠨᠢᠷᠬᠠᠨ᠎ᠠ

35 ᠴᠠᠭ ᠵᠠᠷᠤᠴᠠᠭᠤᠯᠤᠭᠠᠳ ᠬᠣᠶᠠᠷ ᠤᠳᠠᠭ᠎ᠠ ᠭᠠᠯᠲᠤ ᠲᠡᠷᠭᠡ ᠰᠣᠯᠢᠵᠤ ᠰᠠᠭᠤᠭ᠍ᠰᠠᠨ ᠸᠠᠩ ᠫᠸᠩ ᠹᠸᠢ ᠡᠴᠦᠰ᠎ᠲᠡᠬᠡᠨ 10 ᠰᠠᠷ᠎ᠠ᠎ᠶ᠋ᠢᠨ 5 ᠤ᠋ ᠡᠳᠤᠷ ᠤ᠋ᠨ 14 ᠴᠠᠭ᠎ᠲᠤ ᠪᠠᠶᠠᠨᠨᠠᠭᠤᠷ ᠬᠤᠳᠠ᠎ᠶ᠋ᠢᠨ ᠤᠷᠠᠳ᠎ᠤᠨ ᠡᠮᠦᠨᠡᠲᠦ ᠬᠣᠱᠢᠭᠤᠨ᠎ᠤ ᠮᠠᠱᠢᠨ ᠲᠡᠷᠭᠡᠨ᠎ᠦ ᠦᠷᠳᠡᠭᠡ᠎ᠳᠦ ᠬᠦᠷᠪᠡ᠃ ᠲᠡᠷᠡ ᠨᠡᠢᠲᠡ᠎ᠶ᠋ᠢᠨ ᠮᠠᠱᠢᠨ ᠲᠡᠷᠭᠡᠨ᠎ᠦ ᠡᠮᠦᠨ᠎ᠡ ᠲᠠᠯ᠎ᠠ᠎ᠶ᠋ᠢᠨ ᠰᠠᠯᠬᠢ ᠬᠠᠯᠬᠠᠯᠠᠬᠤ ᠱᠢᠯ ᠳᠡᠭᠡᠷᠡᠬᠢ 《ᠡᠮᠦᠨᠡᠲᠦ ᠬᠤᠰᠢᠭᠤ ᠪᠠᠭ᠎ᠠ ᠰᠢᠭᠡᠭᠳᠠᠢ》 ᠭᠡᠬᠦ᠌ ᠬᠡᠳᠦᠨ ᠦᠰᠦᠭ᠎ᠢ ᠬᠠᠷᠠᠭᠠᠳ ᠨᠢᠳᠤ ᠨᠢ ᠵᠠᠢᠷᠳᠤᠪᠠ᠃ ᠬᠤᠨᠠᠨ᠎ᠤ ᠳ᠋ᠠ ᠵᠦᠩ ᠠᠭᠤᠷᠬᠠᠢ᠎ᠶ᠋ᠢᠨ ᠦᠢᠯᠡᠰ᠎ᠲᠦ ᠠᠵᠢᠯᠯᠠᠵᠤ ᠪᠠᠢᠭ᠎ᠠ ᠲᠠᠷᠠ ᠪᠠᠷ ᠲᠤᠬᠠᠢ᠎ᠶ᠋ᠢᠨ ᠭᠠᠵᠠᠷ᠎ᠤᠨ ᠣᠨᠴᠠ ᠭᠠᠷᠤᠯᠲᠠ ᠲᠦᠬᠦᠷᠡᠩ ᠰᠠᠪᠠᠯᠠᠬᠰᠡᠨ ᠪᠣᠭᠣᠳᠠᠯ ᠪᠠᠭ᠍ᠯᠠᠭ᠎ᠠ ᠪᠡᠨ ᠡᠬᠦᠷᠤᠨ ᠨᠤᠳᠤᠭ ᠲᠠᠭᠠᠨ ᠪᠤᠴᠠᠬᠤ ᠵᠠᠮ᠎ᠢᠶᠠᠨ ᠡᠯᠭᠦᠵᠡᠢ᠃

ᠨᠡᠢᠲᠡ᠎ᠶ᠋ᠢᠨ ᠮᠠᠱᠢᠨ ᠲᠡᠷᠭᠡ ᠠᠭᠠᠵᠢᠮ᠎ᠢᠶᠠᠷ ᠥᠷᠲᠡᠭᠡᠨ᠎ᠡᠴᠡ ᠭᠠᠷᠪᠠ᠃ ᠸᠠᠩ ᠫᠧᠩ ᠹᠧᠢ ᠪᠠᠰᠠ ᠲᠡᠰᠭᠡᠯ ᠦᠭᠡᠢ ᠭᠠᠷ ᠤᠲᠠᠰᠤᠨ᠎ᠤ ᠭᠡᠷᠡᠯ ᠵᠢᠷᠤᠭ᠎ᠤ᠋ᠳ ᠵᠢᠡᠨ ᠭᠠᠷᠭᠠᠵᠤ᠄ ᠶᠡᠬᠡ ᠬᠡᠦᠬᠡᠨ᠎ᠦ ᠪᠠᠨ ᠪᠣᠷᠣᠲᠣᠬᠣᠢ᠎ᠶ᠋ᠢᠨ ᠭᠤᠯᠢᠷ᠎ᠢᠶᠠᠷ ᠴᠢᠮᠬᠢᠭ᠌ᠰᠡᠨ ᠬᠠᠰ ᠲᠠᠤᠯᠠᠢ᠂ ᠪᠠᠭ᠎ᠠ ᠬᠡᠦᠬᠡᠨ᠎ᠦ ᠪᠠᠨ ᠦᠨᠭᠭᠡᠳᠤ ᠪᠢᠷ ᠵᠢᠡᠷ ᠵᠢᠷᠤᠭ᠍ᠰᠠᠨ ᠭᠡᠷ ᠪᠦᠯᠢ ᠵᠢᠨ ᠬᠠᠮᠳᠤ ᠵᠢᠨ ᠰᠡᠭᠦᠳᠡᠷ᠂ ᠡᠬᠡᠨᠡᠷ᠎ᠦᠨ᠎ᠬᠢᠨᠢ ᠳᠠᠪᠤᠰᠤᠯᠠᠭ᠍ᠰᠠᠨ ᠬᠦᠴᠢᠯᠯᠢᠭ ᠥᠷᠭᠡᠰᠦᠲᠦ ᠬᠡᠮᠬᠡ ᠁ ᠵᠢᠯ ᠲᠤᠷᠰᠢ ᠭᠡᠷ᠎ᠦᠨ᠎ᠢᠶᠡᠨ ᠪᠤᠳᠠᠭ᠎ᠠ ᠨᠣᠭᠣᠭᠠᠨ᠎ᠤ ᠠᠩᠬᠢᠯᠤᠮ᠎ᠠ ᠦᠨᠦᠷ᠎ᠢ ᠣᠯᠵᠤ ᠦᠨᠦᠷᠲᠦᠭ᠌ᠰᠡᠨ ᠦᠭᠡᠢ ᠲᠠᠷᠠ ᠪᠠᠷ ᠠᠪᠤ᠎ᠳ᠋ᠠᠭᠠᠨ ᠠᠪᠴᠢᠷᠠᠭ᠍ᠰᠠᠨ ᠬᠤᠨᠠᠨ᠎ᠤ ᠡᠦ ᠯᠢᠩ᠎ᠦᠨ ᠠᠷᠢᠬᠢ᠎ᠪᠡᠨ ᠪᠠᠷᠢᠵᠤ ᠨᠢᠭᠤᠷ ᠲᠦᠬᠦᠷᠡᠩ ᠢᠨᠢᠶᠠᠮᠰᠤᠭ᠌ᠯᠡᠨ᠎ᠠ᠃

ᠡᠨᠡ ᠦᠶ᠎ᠡ᠎ᠳᠦ᠂ ᠤᠷᠠᠳ᠎ᠤᠨ ᠡᠮᠦᠨᠡᠲᠦ ᠬᠣᠱᠢᠭᠤᠨ᠎ᠤ ᠪᠠᠭ᠎ᠠ ᠰᠢᠭᠡᠭᠳᠠᠢ ᠱᠢᠶᠠᠩ᠎ᠤᠨ ᠳ᠋ᠠ ᠱ᠌ᠢ ᠹᠧᠨ ᠲᠣᠰᠭᠣᠨ᠎ᠳᠤ ᠸᠠᠩ ᠫᠸᠩ ᠹᠸᠢ ᠵᠢᠨ ᠠᠪᠤ ᠸᠠᠩ ᠰᠦᠸᠸ ᠪᠢᠩ ᠵᠤᠤᠬᠠᠨ᠎ᠤ ᠡᠮᠦᠨ᠎ᠡ ᠣᠴᠣᠢᠨ ᠰᠠᠭᠤᠵᠤ ᠭᠠᠯ᠎ᠵᠢᠡᠨ ᠬᠦᠭᠵᠢᠭᠡᠵᠤ᠂ ᠲᠡᠮᠦᠷ ᠲᠣᠭᠣᠭᠠᠨ᠎ᠳ᠋ᠠᠭᠠᠨ ᠤᠯᠠᠮᠵᠢᠯᠠᠯᠲᠤ ᠶᠧᠪᠡᠩ ᠬᠠᠭᠠᠷᠢᠵᠤ ᠪᠠᠢᠯ᠎ᠠ᠃ 《ᠬᠡᠦᠬᠡᠳ ᠮᠢᠨᠢ ᠡᠨᠡ ᠬᠦ᠌ ᠦᠨᠦᠷ ᠠᠮᠳᠠ ᠳ᠋ᠤ ᠳᠤᠷᠠᠲᠠᠢ》 ᠭᠡᠵᠦ᠍ ᠡᠪᠦᠭᠡᠨ ᠳᠦᠳᠦᠨᠡᠨ᠎ᠡ᠃

《ᠠᠪᠤ ᠡ᠂ ᠡᠵᠢ ᠡ᠂ ᠪᠢ ᠬᠠᠷᠢᠭᠠᠳ ᠢᠷᠡᠭ᠌ᠰᠡᠨ ᠰᠢᠤ!》 ᠬᠦᠷᠢᠶᠡᠨ᠎ᠦ ᠡᠭᠦᠳᠡ ᠳᠤᠤᠭᠠᠷᠴᠤ᠌ ᠨᠡᠭᠡᠭᠡᠭᠳᠡᠬᠦ ᠭᠱᠠᠨ᠎ᠳᠤ᠂ ᠬᠤᠶᠠᠷ ᠦᠬᠢᠨ ᠨᠢ ᠪᠠᠶᠠᠷᠯᠠᠯᠳᠤᠵᠤ ᠬᠦᠭᠡᠷᠤᠯᠳᠤᠨ ᠬᠦᠶᠤᠵᠤ ᠢᠷᠡᠭᠡᠳ ᠸᠠᠩ ᠫᠸᠩ ᠹᠸᠢ ᠵᠢ ᠲᠤᠰᠴᠤ ᠠᠪᠤᠯ᠎ᠠ᠃ ᠲᠣᠭᠣᠭᠠᠨ ᠭᠡᠷ᠎ᠡᠴᠡ ᠬᠠᠯᠠᠭᠤᠨ ᠠᠭᠤᠷ ᠪᠠᠭᠠᠭᠢᠵᠤ᠂ ᠡᠵᠢ ᠨᠢ ᠶᠠᠭ ᠪᠣᠷᠣᠲᠣᠬᠣᠢ᠎ᠶ᠋ᠢᠨ ᠪᠤᠭᠤᠳᠠᠢ᠎ᠶ᠋ᠢᠨ ᠭᠤᠯᠢᠷ᠎ᠢᠶᠠᠷ ᠭᠤᠯᠢᠷ ᠴᠢᠮᠬᠢᠵᠦ᠍ ᠪᠠᠢᠨ᠎ᠠ᠂ ᠠᠪᠤ ᠨᠢ  ᠴᠢᠨᠠᠬᠰᠡᠨ ᠬᠣᠨᠢᠨ ᠮᠢᠬ᠎ᠠ ᠪᠡᠨ ᠬᠤᠭᠤᠯᠠᠨ ᠰᠢᠷᠡᠭᠡᠨ ᠳ᠋ᠡᠭᠡᠨ ᠭᠠᠷᠭᠠᠨ᠎ᠠ᠃ 《ᠬᠠᠱᠢᠯᠠ ᠮᠠᠨ᠎ᠤ ᠡᠨᠳᠡᠬᠢ ᠬᠤᠮᠠ᠎ᠶ᠋ᠢᠨ ᠲᠣᠰᠣᠨ᠎ᠤ ᠶᠧᠪᠡᠩ ᠠᠮᠳᠠᠳᠠᠢ》 ᠭᠡᠵᠦ᠍ ᠸᠠᠩ ᠫᠸᠩ ᠹᠸᠢ ᠶᠧᠪᠡᠩ ᠢ᠋ ᠠᠮᠳᠠᠷᠬᠠᠨ ᠢᠳᠡᠨ᠎ᠠ᠃

ᠦᠳᠡᠰᠢ᠎ᠶ᠋ᠢᠨ ᠭᠦᠨ᠎ᠳᠦ᠂ ᠭᠡᠷ ᠬᠤᠳᠠᠯᠠᠭᠠᠷ ᠵᠢᠡᠨ ᠵᠤᠭᠤᠭ ᠲᠡᠯᠭᠡᠨ᠂ ᠢᠨᠢᠶᠡᠯᠳᠤᠨ ᠬᠦᠭᠡᠷᠤᠯᠳᠤᠵᠤ᠂ ᠣᠭ᠍ᠲᠠᠷᠭᠤᠢ᠎ᠳ᠋ᠤ ᠮᠠᠨᠳᠤᠬᠰᠡᠨ ᠲᠡᠷᠭᠡᠯ ᠰᠠᠷᠠᠨ ᠢ᠋ ᠬᠠᠮᠳᠤ ᠳ᠋ᠠᠭᠠᠨ ᠰᠤᠨᠢᠷᠬᠠᠨ᠎ᠠ᠃

ᠨᠤᠳᠤᠭ᠎ᠤᠰᠤ ᠪᠠᠨ ᠰᠡᠳᠬᠢᠯ᠎ᠳᠡᠭᠡᠨ ᠪᠤᠳᠤᠵᠤ ᠬᠦᠭᠵᠢᠯᠳᠡ ᠵᠢ ᠡᠷᠢᠯᠬᠢᠯᠡᠨ᠎ᠠ

ᠨᠠᠢ᠍ᠮᠠᠨ ᠰᠠᠷ᠎ᠠ᠎ᠶ᠋ᠢᠨ ᠳᠡᠷᠭᠡᠯ ᠪᠠᠶᠠᠷ ᠬᠦᠷᠴᠦ᠍ ᠢᠷᠡᠬᠦ᠌ ᠲᠠᠱᠢᠷᠠᠮ᠎ᠢᠶᠠᠷ᠂  25 ᠵᠢᠯ ᠭᠠᠳᠠᠭᠰᠢ ᠠᠵᠢᠯ ᠬᠢᠵᠦ ᠶᠠᠪᠤᠭᠰᠠᠨ ᠽᠠᠩ ᠬᠣᠩ ᠬᠡᠷᠭᠡᠢ ᠪᠣᠯᠤᠨ 8 ᠨᠠᠰᠤᠲᠠᠢ ᠥᠬᠢᠨ᠎ᠢᠶᠡᠨ ᠳᠠᠭᠠᠭᠤᠯᠤᠨ ᠲᠦᠷᠦᠭᠰᠡᠨ ᠨᠤᠳᠤᠬ ᠲᠦᠩᠯᠢᠶᠣᠤ᠎ᠳᠠᠭᠠᠨ ᠪᠤᠴᠠᠬᠤ ᠠᠶᠠᠨ᠎ᠢᠶᠠᠨ ᠡᠯᠭᠦᠪᠡ᠃ ᠳᠡᠳᠡ 8 ᠵᠢᠯ ᠠᠯᠭᠠᠰᠠᠵᠤ ᠳᠠᠬᠢᠨᠲᠠ ᠨᠠᠢ᠍ᠮᠠᠨ ᠰᠠᠷ᠎ᠠ᠎ᠶ᠋ᠢᠨ ᠳᠡᠷᠭᠡᠯ ᠪᠠᠶᠠᠷ᠎ᠢᠶᠡᠷ ᠵᠡᠭᠦᠳᠦ ᠵᠡᠷᠭᠡᠯᠭᠡᠨ ᠮᠡᠲᠦ ᠡᠷᠢᠭᠳᠡᠨ ᠰᠠᠨᠠᠭᠳᠠᠬᠤ ᠡᠬᠡ ᠨᠤᠲᠤᠭ᠎ᠲᠠᠭᠠᠨ ᠪᠤᠴᠠᠵᠤ ᠪᠠᠢᠭ᠎ᠠ ᠨᠢ ᠡᠨᠡ ᠪᠢᠯᠡ᠃ 2000 ᠣᠨ᠎ᠳᠤ ᠵᠢᠶᠠᠩᠰᠦ᠎ᠡᠴᠡ ᠰᠤᠷᠤᠯᠭ᠎ᠠ᠎ᠪᠠᠨ ᠲᠡᠭᠦᠰᠦᠭᠰᠡᠨ ᠲᠡᠷᠡ ᠪᠡᠷ ᠪᠡᠭᠡᠵᠢᠩ᠎ᠳᠦ ᠬᠦᠷᠴᠦ᠍ ᠮᠠᠱᠢᠨ ᠲᠡᠷᠭᠡ ᠵᠢᠷᠤᠵᠤ ᠲᠥᠯᠥᠪᠯᠡᠬᠦ᠌ ᠠᠵᠢᠯ᠎ᠳᠦ ᠣᠷᠣᠯᠴᠠᠵᠤ᠂ ᠨᠢᠳᠦ ᠢᠷᠮᠡᠬᠦ᠎ᠶᠢᠨ ᠬᠤᠭᠤᠷᠤᠨᠳᠤ 20 ᠭᠠᠷᠤᠢ ᠵᠢᠯ ᠦᠩᠭᠡᠷᠡᠨ ᠤᠳᠴᠤ᠂ ᠤᠳᠤ ᠠᠵᠢᠯ ᠲᠦᠷᠦᠯ᠎ᠳᠡᠭᠡᠨ ᠪᠤᠯᠤᠮᠠᠷ ᠠᠮᠵᠢᠯᠲᠠ ᠣᠯᠵᠠᠢ᠃ ᠡᠩ᠎ᠦᠨ ᠦᠶ᠎ᠡ᠎ᠳᠦ ᠲᠡᠷᠡ ᠭᠡᠷ᠎ᠦᠨ ᠬᠥᠮᠦᠰ᠎ᠲᠡᠶ᠎ᠪᠡᠨ ᠵᠥᠪᠬᠡᠨ ᠸᠢᠳᠢᠣ᠋᠎ᠪᠠᠷ ᠠᠮᠢᠳᠤᠷᠠᠯ᠎ᠤᠨ ᠵᠢᠵᠢᠭ ᠰᠠᠵᠢᠭ ᠵᠦᠢᠯᠡᠰ᠎ᠢᠶᠡᠨ ᠬᠤᠪᠢᠶᠠᠯᠴᠠᠵᠤ᠂ ᠨᠠᠢ᠍ᠮᠠᠨ ᠰᠠᠷ᠎ᠠ᠎ᠶ᠋ᠢᠨ ᠲᠡᠷᠭᠡᠯ ᠪᠠᠶᠠᠷ᠎ᠢᠶᠡᠷ ᠠᠭᠤᠯᠵᠠᠨ ᠵᠤᠯᠭᠠᠬᠤ ᠬᠦᠰᠡᠯ ᠡᠷᠡᠮᠡᠯᠵᠡᠯ᠎ᠢᠶᠡᠨ ᠰᠡᠳᠭᠢᠯ᠎ᠦᠨ ᠭᠦᠨ᠎ᠳᠡᠭᠡᠨ ᠨᠢᠭᠤᠭᠰᠠᠭᠠᠷ ᠢᠷᠡᠪᠡ᠃

ᠲᠦᠩᠯᠢᠶᠣᠤ ᠬᠤᠳᠠ᠎ᠳᠤ ᠬᠦᠷᠦᠮᠡᠭᠴᠡ ᠽᠠᠩ ᠬᠣᠩ ᠨᠢᠳᠤᠨ ᠡᠮᠦᠨ᠎ᠠ ᠨᠢ ᠳᠤᠳᠤᠷᠠᠭᠰᠠᠨ ᠬᠤᠪᠢᠷᠠᠯᠲᠠ ᠵᠢ ᠬᠠᠷᠠᠭᠠᠳ ᠭᠠᠢᠬᠠᠰᠢ ᠠᠯᠳᠠᠪᠠ — ᠥᠩᠭᠡᠷᠡᠭ᠌ᠰᠡᠨ ᠤ᠋ ᠲᠠᠨᠢᠯ ᠲᠠᠰᠤᠯ ᠵᠡᠭᠡᠯᠢ ᠭᠤᠳᠤᠮᠵᠢ᠎ᠳᠦ ᠡᠳᠦᠭᠡ ᠥᠨᠳᠥᠷ ᠦᠨᠳᠦᠷ ᠠᠰᠠᠷ ᠲᠠᠭ᠍ᠳᠤ ᠰᠦᠨᠳᠡᠷᠯᠡᠵᠦ᠍᠂ ᠳᠡᠯᠭᠡᠭᠦᠷ ᠬᠤᠳᠠᠯᠳᠤᠭ᠎ᠠ ᠡᠮᠬᠢ ᠴᠡᠭ᠌ᠴᠡ᠎ᠲᠡᠶ ᠵᠢᠭᠰᠠᠵᠤ᠂ ᠲᠠᠨᠢᠯ ᠪᠤᠰᠤ ᠠᠳᠠᠯ᠎ᠠ ᠴᠠᠭᠠᠨ᠎ᠠ ᠡᠴᠡ ᠪᠠᠨ ᠬᠠᠯᠠᠭᠤᠨ ᠳᠣᠲᠣᠨᠣ ᠪᠠᠢᠪᠠ᠃  ᠲᠥᠷᠥᠯ ᠰᠠᠳᠤᠨ ᠨᠠᠢᠵᠠ ᠨᠥᠬᠥᠳ᠎ᠨᠢ ᠨᠢᠭᠡᠨᠲᠡ ᠬᠠᠭᠤᠴᠢᠨ ᠨᠠᠷᠠᠲᠤ ᠬᠣᠭᠣᠯᠠᠨ ᠬᠡᠷ᠎ᠲᠦ ᠲᠤᠰᠭᠠᠶ ᠥᠷᠥᠭᠡ ᠵᠠᠬᠢᠶᠠᠯᠠᠵᠤ᠂ ᠲᠡᠭᠦᠨ᠎ᠦ ᠢᠳᠡᠬᠦ᠌ ᠳᠤᠷᠠᠲᠠᠶ ᠬᠣᠭᠣᠯᠠ ᠤᠮᠳᠠ᠎ᠶ᠋ᠢ ᠳᠦᠭᠦᠷᠲᠡᠯ᠎ᠡ ᠦᠷᠦᠭᠡᠳ ᠲᠡᠭᠦᠨ᠎ᠢ ᠬᠦᠯᠢᠶᠡᠵᠦ᠍ ᠪᠠᠢᠬᠰᠠᠨ ᠨᠢ ᠲᠡᠭᠦᠨ᠎ᠦ ᠰᠡᠳᠭᠢᠯ᠎ᠢ ᠨᠠᠩ ᠳᠣᠭ᠍ᠳᠣᠯᠤᠭᠤᠯᠵᠠᠢ᠃

ᠮᠠᠱᠢᠨ ᠲᠡᠷᠭᠡ᠎ᠵᠢᠷᠤᠵᠤ ᠲᠥᠯᠥᠪᠯᠡᠬᠦ᠌ ᠬᠦᠷᠢᠶᠡᠨ᠎ᠳᠦ ᠤᠳᠠᠭᠠᠨ ᠵᠢᠯ ᠠᠵᠢᠯᠯᠠᠭᠰᠠᠨ ᠽᠠᠩ ᠬᠣᠩ ᠨᠤᠲᠤᠭ ᠡᠴᠡ᠎ᠪᠠᠨ ᠴᠢᠳᠠᠪᠤᠷᠢᠲᠠᠨ ᠡᠯᠰᠡᠵᠦ᠍᠂ ᠮᠡᠷᠭᠡᠵᠢᠯ᠎ᠢᠶᠡᠨ ᠤᠯᠠᠮᠵᠢᠯᠠᠵᠦ᠂ ᠨᠤᠲᠤᠭ ᠣᠷᠣᠨ᠎ᠤ᠎ᠪᠠᠨ ᠬᠥᠭ᠌ᠵᠢᠯᠲᠡ᠎ᠶ᠋ᠢ ᠳᠠᠢᠴᠢᠯᠠᠬᠤ ᠬᠦᠰᠡᠯ ᠲᠠᠢ ᠶᠤᠮ᠃ ᠬᠣᠭᠣᠯᠠᠨ ᠱᠢᠷᠡᠭᠡᠨ ᠳᠡᠭᠡᠷ᠎ᠡ ᠲᠡᠷᠡ ᠡᠨᠡ ᠪᠤᠳᠤᠯ᠎ᠢᠶᠠᠨ ᠶᠠᠷᠢᠬᠤ᠎ᠳᠤ ᠤᠯᠠᠨ᠎ᠢᠶᠠᠷ᠎ᠢᠶᠠᠨ ᠪᠦᠷ ᠲᠣᠯᠣᠭᠠᠢ ᠲᠤᠬᠢᠨ ᠵᠦᠪᠰᠢᠶᠡᠷᠡᠵᠦ᠂ ᠵᠠᠷᠢᠮ ᠨᠢ ᠲᠤᠰ ᠭᠠᠵᠠᠷ᠎ᠤᠨ ᠶᠡᠬᠡ ᠳᠡᠭᠡᠳᠦ ᠰᠤᠷᠭᠠᠭᠤᠯᠢ᠎ᠲᠠᠶ ᠬᠠᠷᠢᠯᠴᠠᠵᠤ᠂ ᠵᠠᠷᠢᠮ ᠨᠢ ᠤᠬᠠᠭᠤᠯᠵᠦ ᠦᠭᠬᠦ ᠳᠤᠷᠠᠲᠠᠢ ᠪᠠᠢᠬᠤ᠎ᠪᠠᠨ ᠢᠯᠡᠳᠭᠡᠵᠤ ᠪᠠᠢᠪᠠ᠃

ᠡᠨᠡ ᠬᠦ᠌ ᠠᠮᠠᠷᠠᠯᠲᠠ᠎ᠶ᠋ᠢᠨ ᠬᠤᠭᠤᠴᠠᠭᠠᠨ᠎ᠳᠤ ᠨᠢᠭᠡ ᠬᠡᠷ᠎ᠢᠶᠡᠷ᠎ᠢᠶᠡᠨ ᠠᠵᠢᠯ᠂ ᠠᠮᠢᠳᠤᠷᠠᠯ᠂ ᠬᠤᠪᠢᠷᠠᠯᠲᠠ᠂ ᠬᠥᠭ᠌ᠵᠢᠯᠲᠡ᠂ ᠢᠷᠡᠭᠡᠳᠦᠶ᠎ᠶ᠋ᠢᠨ ᠲᠤᠬᠠᠶ ᠬᠦᠰᠡᠯ ᠡᠷᠡᠮᠡᠯᠵᠡᠯ ᠁ ᠭᠡᠳ ᠤᠯᠠᠨ ᠵᠦᠢᠯ᠎ᠢ ᠶᠠᠷᠢᠯᠴᠠᠪᠠ᠃ ᠽᠠᠩ ᠬᠣᠩ ᠬᠡᠷᠭᠡᠢ᠎ᠲᠡᠶ᠎ᠪᠡᠨ᠂ ᠬᠣᠢᠱᠢᠳᠠ ᠵᠢᠯ ᠪᠦᠷᠢ ᠨᠤᠲᠤᠭ᠎ᠲᠠᠭᠠᠨ ᠬᠠᠷᠢᠵᠤ ᠢᠷᠡᠬᠦ᠎ᠪᠡᠷ ᠴᠢᠷᠮᠠᠢᠵᠤ᠂ ᠨᠠᠶ᠋ᠮᠠᠨ ᠰᠠᠷ᠎ᠠ᠎ᠶ᠋ᠢᠨ ᠲᠡᠷᠭᠡᠯ ᠪᠠᠶᠠᠷ ᠪᠣᠯᠭᠠᠨ᠎ᠳᠤ ᠴᠥᠮ ᠬᠡᠷ᠎ᠦᠨ ᠬᠥᠮᠦᠰ᠎ᠲᠡᠶ᠎ᠪᠡᠨ ᠡᠨᠡᠬᠦ᠌ ᠪᠠᠶᠠᠷ ᠪᠠᠶᠠᠰᠤᠯ᠎ᠢᠶᠠᠨ ᠬᠠᠮᠲᠤ ᠡᠳ᠋ᠯᠡᠬᠦ ᠪᠡᠷ ᠪᠤᠯᠵᠤᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号