ᠪᠠᠰᠠ ᠨᠢᠭᠡ ᠵᠢᠯᠤᠨ ᠨᠠᠢ᠍ᠮᠠᠨ ᠰᠠᠷᠠ ᠵᠢᠨ ᠲᠡᠷᠭᠡᠯ ᠪᠠᠶᠠᠷ ᠪᠤᠯᠤᠯᠠ᠃ ᠡᠭᠡᠯ ᠶᠢᠷᠳᠢᠨᠴᠤᠳᠤ ᠬᠦᠮᠦᠰ ᠪᠦᠯᠢ ᠤᠯᠠᠨ ᠵᠢᠡᠷ ᠴᠤᠭᠯᠠᠷᠠᠵᠦ᠂ ᠡᠯᠢᠭᠡ ᠪᠦᠲᠦᠨ ᠪᠠᠢᠬᠤ ᠵᠢ ᠮᠦᠷᠦᠭᠡᠳᠦᠨ᠂ ᠤᠭᠳᠠᠷᠭᠤᠢ ᠵᠢᠨ ᠲᠡᠷᠭᠡᠯ ᠰᠠᠷᠠᠨᠢ ᠬᠠᠷᠠᠵᠦ᠂ ᠤᠨᠠᠭᠰᠠᠨ ᠨᠤᠲᠤᠭ ᠤᠤᠭᠤᠭᠰᠠᠨ ᠤᠰᠤ ᠪᠠᠨ ᠰᠠᠨᠠᠭᠠᠯᠵᠠᠨ᠂ ᠡᠯᠢᠭᠡᠨ ᠰᠠᠳᠤᠨ ᠵᠢᠡᠨ ᠲᠤᠷᠠᠰᠤᠨ ᠡᠯᠢᠭᠡ ᠡᠮᠳᠡᠷᠡᠳᠡᠯᠡ ᠰᠢᠯᠦᠭᠯᠡᠭᠰᠡᠨ ᠪᠠᠢᠳᠠᠭ᠃ ᠡᠰᠡᠬᠦᠯᠡ ᠠᠯᠮᠠᠩ ᠰᠠᠷᠠᠨ ᠠᠮᠠᠷᠠᠭᠤᠨ ᠬᠠᠷᠠᠴᠠ᠂ ᠭᠡᠭᠡᠨ ᠲᠤᠯᠢ᠂ ᠭᠤᠸᠠ ᠪᠦᠰᠡᠬᠦᠢ ᠁ ᠰᠠᠷᠠᠨ ᠲᠡᠷᠭᠡᠯ ᠰᠦᠨᠢ ᠬᠦᠮᠦᠨᠤ ᠰᠡᠳᠬᠢᠯᠢ ᠬᠦᠭᠡᠷᠦᠬᠦᠯᠦᠨ ᠢᠭᠳᠦᠯᠦᠬᠦᠯᠬᠦ ᠪᠤᠶᠤ ᠤᠩᠭᠤᠳ ᠰᠡᠷᠡᠯ ᠢ ᠪᠠᠭᠤᠯᠭᠠᠬᠤ ᠷᠢᠳᠢ ᠰᠢᠳᠢ ᠲᠠᠢ᠃ 《ᠰᠠᠷᠠ ᠲᠠᠢ ᠰᠦᠨᠢ ᠵᠢᠨ ᠰᠡᠯᠡᠬᠦᠨᠳᠤ ᠰᠠᠢᠬᠠᠨ ᠪᠠᠢᠭᠠᠯᠢ ᠭᠠᠩᠭᠠᠩ ᠪᠠᠢᠨᠠ᠂ ᠰᠠᠯᠤᠭᠠᠳ ᠤᠳᠠᠭᠰᠠᠨ ᠠᠮᠠᠷᠠᠭ ᠵᠢᠡᠨ ᠰᠠᠨᠠᠨ ᠰᠠᠨᠠᠨ ᠲᠠᠭᠤᠯᠠᠵᠦ ᠪᠠᠢᠨᠠ᠁》ᠭᠡᠬᠦ ᠤᠶᠠᠷᠠᠭᠤᠨ ᠰᠠᠢᠬᠠᠨ ᠲᠠᠭᠤᠤ ᠲᠡᠷᠭᠡᠯ ᠰᠠᠷᠠᠨᠤ ᠰᠦᠨ ᠭᠡᠷᠡᠯ ᠰᠢᠭ ᠰᠡᠳᠬᠢᠯᠢ ᠴᠢᠪᠬᠠᠳᠠᠬᠤ ᠠᠨᠤ ᠲᠡᠬᠦᠯᠳᠡᠷ᠃
ᠠᠯᠢ ᠡᠷᠳᠡ ᠡᠴᠡ ᠬᠦᠮᠦᠰ ᠲᠡᠷᠭᠡᠯ ᠰᠠᠷᠠᠶᠢ ᠪᠠᠬᠠᠲᠣᠨ ᠰᠡᠳᠬᠢᠯ ᠲᠣᠬᠲᠣᠯᠣᠨ ᠣᠶᠠᠩᠭᠠᠯᠠᠬᠰᠠᠭᠠᠷ ᠢᠷᠡᠭᠰᠡᠨ ᠶᠣᠮ᠃ ᠣᠲᠣᠬᠠᠨ ᠪᠣᠯᠲᠠᠯᠠ ᠠᠮᠠ ᠲᠠᠮᠵᠢᠨ ᠣᠯᠠᠮᠵᠢᠯᠠᠬᠲᠠᠬᠰᠠᠨ ᠰᠢᠯᠦᠭ ᠲᠠᠭᠣᠯᠠᠯ ᠳ᠋ᠦ ᠦᠯᠡᠮᠵᠢ ᠣᠯᠠᠨ ᠪᠢᠴᠢᠭᠲᠡᠨ ᠮᠡᠷᠭᠡᠳ ᠣᠷᠠ ᠠᠪᠢᠶᠠᠰ ᠶ᠋ᠢᠡᠨ ᠪᠠᠲᠠᠷᠠᠭᠣᠯᠵᠦ᠂ ᠣᠬᠲᠠᠷᠭᠣᠢᠶᠢᠨ ᠲᠡᠷᠭᠡᠯ ᠰᠠᠷᠠᠨ ᠳ᠋ᠦ ᠭᠡᠷᠡᠯᠲᠦ ᠰᠣᠪᠣᠳᠤᠨ ᠮᠦᠬᠦᠯᠢᠭ ᠮᠡᠲᠦ ᠭᠣᠢᠲᠠ ᠲᠠᠭᠣᠲᠠᠯᠭᠠ ᠬᠠᠲᠠᠵᠦ ᠨᠡᠷᠡᠯᠡᠭᠰᠡᠭᠡᠷ ᠢᠷᠡᠭᠰᠡᠨ ᠪᠦᠯᠦᠭᠡ᠃ ᠡᠨᠲᠡ ᠡᠷᠳᠡᠨᠤ ᠰᠢᠯᠦᠭᠴᠢᠳᠤᠨ ᠲᠡᠷᠭᠡᠯ ᠰᠠᠷᠠᠨᠤ ᠲᠣᠬᠠᠢ ᠮᠦᠷ ᠪᠠᠲᠠᠬᠢ ᠰᠡᠢᠷᠡᠬᠦᠯᠵᠦ᠂ ᠨᠠᠢ᠍ᠮᠠᠨ ᠰᠠᠷᠠ ᠵᠢᠨ ᠲᠡᠷᠭᠡᠯ ᠪᠠᠶᠠᠷᠤᠨ ᠵᠣᠭᠠ ᠪᠣᠯᠭᠠᠬᠣᠶᠢ ᠵᠣᠷᠢᠪᠠ᠃

ᠬᠠᠰ ᠲᠠᠣᠯᠠᠢ
ᠠᠰᠠᠷ ᠲᠣᠷ ᠠᠪᠠᠷᠢᠨ ᠬᠠᠰ ᠲᠠᠣᠯᠠᠢᠶᠢ ᠪᠠᠷᠠᠯᠠᠬᠣ ᠬᠡᠮᠡᠬᠦᠢ ᠳ᠋ᠣᠷ
ᠠᠯᠢ ᠠᠪᠣᠭᠠᠢ ᠬᠦᠰᠢᠭᠡ ᠲᠠᠲᠠᠵᠦ ᠬᠠᠯᠬᠠᠯᠠᠬᠰᠠᠨ ᠪᠣᠢ ᠠ᠃
— ᠰᠢᠨ ᠴᠢ ᠵᠢᠢ
ᠬᠠᠰ ᠮᠡᠯᠡᠬᠡᠢ
ᠬᠠᠰ ᠮᠡᠯᠡᠬᠡᠢ ᠲᠠᠯᠠᠢ ᠡᠴᠡ ᠬᠣᠯᠠᠲᠠᠨ ᠠᠶᠠᠷᠯᠠᠬᠣᠶᠠ
ᠬᠠᠷᠢᠨ ᠴᠦ᠍ ᠴᠠᠭᠠᠨ ᠰᠢᠬᠦᠲᠡᠷᠢ ᠴᠡᠴᠡᠭ ᠨᠣᠷᠭᠠᠬᠣ ᠦᠶᠡ ᠪᠣᠯᠠᠢ᠃
— ᠯᠢ ᠪᠠᠢ
ᠬᠦᠮᠦᠰᠭᠡᠨ ᠰᠠᠷᠠᠨ
ᠬᠦᠮᠦᠰᠭᠡᠨ ᠰᠠᠷᠠᠨ ᠱᠸᠨ ᠨᠢᠣᠢ ᠫᠦ ᠡᠴᠡ ᠠᠯᠭᠣᠷᠬᠠᠨ ᠮᠠᠨᠲᠣᠬᠣᠶᠠ
ᠬᠠᠯᠬᠢᠯᠠᠬᠣ ᠲᠣᠯᠬᠢᠶᠠᠨ ᠠᠨᠣ ᠶᠣᠣ ᠨᠢᠶᠠᠩ ᠳ᠋ᠢᠶᠢᠨ ᠣᠷᠣᠰᠬᠠᠯ ᠮᠡᠲᠦ᠃
— ᠪᠠᠢ ᠵᠢᠣᠢ ᠢ
ᠮᠦᠰᠦᠨ ᠬᠦᠷᠲᠦᠨ
ᠬᠠᠰ ᠭᠣᠬᠠᠶᠢ ᠬᠡᠨ ᠬᠦᠮᠦᠨ ᠡᠯᠬᠦᠪᠡ?
ᠮᠦᠰᠦᠨ ᠬᠦᠷᠲᠦᠨ ᠳ᠋ᠦ ᠮᠦᠷ ᠠᠯᠠᠭᠠ᠃
— ᠯᠦ᠍ ᠶᠸᠦ
ᠬᠠᠰ ᠲᠠᠪᠠᠬ
ᠬᠢᠵᠠᠭᠠᠷ ᠦᠭᠡᠢ ᠣᠬᠲᠠᠷᠭᠣᠢ ᠳ᠋ᠣᠷ ᠬᠦᠬᠡ ᠵᠢᠷᠣᠬ ᠲᠠᠪᠢᠰᠦᠷᠦᠨ
ᠬᠠᠯᠬᠠᠯᠠᠬᠣ ᠡᠬᠦᠯᠡᠰᠤᠨ ᠴᠠᠭᠠᠨᠠ ᠡᠴᠡ ᠬᠠᠰ ᠲᠠᠪᠠᠬ ᠴᠣᠬᠣᠢᠮᠣᠢ᠃
— ᠯᠢ ᠴᠢᠶᠦᠢ᠍ᠨ ᠢᠣᠢ
ᠰᠦᠨᠢᠶᠢᠨ ᠭᠡᠷᠡᠯ
ᠰᠦᠨᠢᠶᠢᠨ ᠭᠡᠷᠡᠯ ᠶᠠᠮᠪᠠᠷ ᠣᠪᠠᠲᠢᠰ ᠲᠠᠢ ᠠᠵᠢ?
ᠰᠦᠨᠦᠭᠰᠡᠨᠤ ᠬᠣᠢᠨᠠ ᠠᠬᠢᠭᠠᠳ ᠭᠡᠷᠡᠯᠲᠦᠮᠦᠢ᠃
— ᠴᠢᠣᠢ ᠶᠣᠸᠠᠨ
ᠠᠯᠲᠠᠨ ᠲᠠᠣᠯᠠᠢ
ᠣᠯᠠᠭᠠᠨ ᠴᠢᠪᠬᠠᠲᠠᠰᠣᠨᠤ ᠬᠦᠭᠵᠢᠮ ᠵᠠᠪᠰᠠᠷᠯᠠᠬᠣ ᠳ᠋ᠦ
ᠠᠯᠲᠠᠨ ᠲᠠᠣᠯᠠᠢ ᠶ᠋ᠢᠨ ᠦᠵᠡᠮᠵᠢ ᠨᠡᠩᠲᠡ ᠡᠳᠡᠭᠡᠳ᠃
— ᠯᠦ᠍ ᠲᠦᠩ
ᠴᠠᠭᠠᠨ ᠲᠠᠣᠯᠠᠢ
ᠴᠢᠪ ᠭᠡᠮᠡᠨ ᠴᠠᠭᠠᠨ ᠲᠠᠣᠯᠠᠢᠶᠢ ᠪᠠᠷᠠᠯᠠᠬᠣᠶᠠ
ᠴᠢᠮᠡᠭᠡ ᠦᠭᠡᠢ ᠲᠡᠨᠳᠡ ᠲᠣᠬᠯᠠᠮᠣᠢ᠃
— ᠳ᠋ᠦ᠋ ᠹᠦ
ᠦᠲᠡᠰᠢᠶᠢᠨ ᠲᠠᠣᠯᠠᠢ
ᠴᠣᠩᠬᠣᠨ ᠲᠣᠰᠢᠶᠠ ᠡᠪᠦᠲᠦᠭ ᠲᠡᠪᠡᠷᠢᠨ ᠦᠲᠡᠰᠢᠶᠢᠨ ᠲᠠᠣᠯᠠᠢᠶᠢ ᠬᠠᠷᠠᠵᠦ
ᠴᠢᠬᠢ ᠲᠠᠯᠪᠢᠨ ᠬᠦᠨᠲᠡᠢ ᠭᠡᠷ ᠡᠴᠡ ᠲᠠᠬᠢᠶᠠᠨ ᠲᠠᠭᠣᠨᠢ ᠴᠢᠩᠨᠠᠮᠣᠢ᠃
— ᠯᠦᠸᠸ ᠪᠢᠨ ᠸᠠᠩ
ᠰᠠᠷᠠᠨ ᠲᠠᠣᠯᠠᠢ
ᠪᠠᠷᠠᠭᠣᠨᠰᠢ ᠷᠦᠸᠸ ᠱᠦᠢᠶᠢ ᠪᠠᠷᠠᠯᠠᠬᠣᠶᠠ ᠰᠠᠷᠠᠨ ᠲᠠᠣᠯᠠᠢ ᠲᠠᠢ ᠵᠠᠯᠭᠠᠯᠲᠣᠵᠦ
ᠵᠡᠬᠦᠨᠰᠢ ᠫᠠᠨ ᠲᠣᠣᠶᠢ ᠬᠠᠷᠠᠬᠣᠶᠠ ᠶᠡᠬᠡ ᠲᠠᠯᠠᠢ ᠬᠦᠭᠡᠰᠦᠷᠡᠨ ᠲᠠᠪᠠᠯᠭᠠᠯᠠᠮᠣᠢ᠃
— ᠶᠣᠸᠠᠨ ᠵᠸᠨ
ᠭᠠᠪᠢᠷᠠ ᠮᠡᠯᠡᠬᠡᠢ
ᠬᠠᠭᠠᠯᠭᠠᠶᠢᠨ ᠭᠠᠲᠠᠨᠠ ᠡᠷᠬᠢᠴᠡᠵᠦ ᠲᠡᠷᠢᠬᠦᠨ ᠡᠷᠬᠦᠨ ᠪᠠᠷᠠᠯᠠᠬᠣᠶᠠ
ᠬᠠᠰ ᠣᠷᠲᠣᠨᠤ ᠭᠠᠪᠢᠷᠠ ᠮᠡᠯᠡᠬᠡᠢ ᠲᠠᠯᠵᠢᠢᠵᠦ ᠬᠠᠷᠠᠬᠣ ᠮᠡᠲᠦ᠃
— ᠯᠦᠸᠸ ᠶᠢᠨ
ᠬᠠᠰ ᠬᠣᠨᠢ
ᠬᠠᠰ ᠬᠣᠨᠢ ᠵᠡᠬᠦᠨ ᠬᠣᠢᠨᠠ ᠡᠴᠡ ᠮᠠᠨᠲᠣᠵᠦ
ᠠᠯᠲᠠᠨ ᠪᠠᠷᠰ ᠪᠠᠷᠠᠭᠣᠨ ᠡᠮᠦᠨᠡ ᠲᠠᠰᠢᠮᠣᠢ᠃
— ᠯᠢᠦ ᠰᠢᠶᠣᠣ ᠵᠦᠸᠸ
ᠬᠠᠰ ᠨᠣᠮᠣ
ᠣᠳᠬᠠᠰ ᠦᠭᠡᠰᠢ ᠪᠢᠰᠢᠯᠭᠠᠵᠦ ᠣᠨᠲᠠᠬᠣ ᠨᠣᠢᠷ ᠦᠭᠡᠢ ᠵᠢᠳᠬᠦᠪᠡᠢ
ᠦᠷ ᠴᠠᠢᠵᠦ ᠬᠠᠰ ᠨᠣᠮᠣ ᠲᠡᠭᠷᠢᠶᠢᠨ ᠬᠠᠶᠠᠭᠠᠨ ᠳ᠋ᠦ ᠡᠯᠬᠦᠭᠲᠡᠮᠦᠢ᠃
— ᠯᠢ ᠾᠸ
ᠭᠠᠪᠢᠷᠠ
ᠭᠠᠪᠢᠷᠠᠶᠢᠨ ᠭᠡᠷᠡᠯ ᠰᠠᠴᠣᠷᠠᠨ ᠪᠦᠵᠢᠬᠦᠶᠡ
ᠭᠠᠩᠭᠠᠩ ᠨᠠᠮᠣᠷ ᠲᠣᠩᠭᠠᠯᠠᠬ ᠰᠡᠷᠢᠬᠦᠨ᠃
— ᠰᠦ᠍ ᠱᠢ
ᠬᠠᠰ ᠲᠠᠣᠯᠠᠢ
ᠬᠠᠭᠠᠨ ᠨᠠᠷᠠᠨ ᠮᠠᠨᠲᠣᠬᠣ ᠡᠴᠡ ᠣᠷᠢᠳ
ᠬᠠᠰ ᠲᠠᠣᠯᠠᠢ ᠬᠠᠭᠠᠰ ᠨᠢᠭᠣᠨ ᠲᠠᠯᠲᠠᠯᠠᠵᠣᠬᠣᠢ᠃
— ᠯᠢ ᠪᠠᠢ
ᠬᠠᠰ ᠭᠠᠷᠠᠬᠠ
ᠨᠠᠷᠢᠮᠣ ᠰᠠᠴᠣᠬᠰᠠᠨ ᠰᠢᠬ ᠣᠲᠣᠳ ᠲᠦᠭᠡᠵᠦ
ᠨᠠᠭᠣᠷ ᠲᠦ᠍ ᠣᠢᠬᠰᠠᠨ ᠰᠠᠷᠠᠨ ᠬᠠᠰ ᠭᠠᠷᠠᠬᠠ ᠮᠡᠲᠦ᠃
— ᠪᠠᠢ ᠵᠢᠣᠢ ᠢ
ᠭᠠᠪᠢᠷᠠᠶᠢᠨ ᠬᠦᠷᠲᠦᠨ
ᠭᠠᠪᠢᠷᠠᠶᠢᠨ ᠬᠦᠷᠲᠦᠨ ᠨᠠᠮᠣᠷ ᠬᠣᠭᠣᠰᠯᠠᠵᠦ ᠵᠡᠬᠦᠨ ᠡᠴᠡ ᠮᠠᠨᠲᠣᠬᠣᠶᠠ
ᠱᠠᠭᠠᠵᠠᠭᠠᠢ ᠦᠷᠬᠦᠨ ᠨᠢᠰᠪᠡᠴᠦ ᠰᠦᠨᠢ ᠲᠣᠮᠲᠠ ᠬᠡᠪ ᠶ᠋ᠢᠡᠷ᠃
— ᠹᠠᠩ ᠭᠠᠨ
ᠮᠦᠩᠬᠦᠨ ᠲᠠᠣᠯᠠᠢ
ᠰᠢᠬᠦᠲᠡᠷᠢᠶᠢᠨ ᠮᠦᠬᠦᠯᠢᠭ ᠮᠦᠩᠬᠦᠨ ᠲᠠᠣᠯᠠᠢᠶᠢᠨ ᠰᠡᠬᠦᠲᠡᠷᠢ ᠴᠦᠯᠪᠡᠵᠦ
ᠰᠡᠷᠴᠢᠬᠢᠨᠡᠬᠦ ᠰᠠᠯᠬᠢᠨ ᠭᠠᠪᠢᠷᠠᠶᠢᠨ ᠨᠠᠮᠠᠭᠠᠶᠢ ᠴᠦᠮ ᠦᠯᠢᠶᠡᠮᠦᠢ᠃
— ᠰᠦᠢ ᠶᠠᠩᠳᠢ
ᠬᠠᠰ ᠲᠣᠯᠢ
ᠬᠠᠰ ᠲᠣᠯᠢᠶᠢᠨ ᠰᠡᠬᠦᠲᠡᠷ ᠲᠣᠩᠭᠠᠯᠠᠬ ᠬᠠᠪᠣᠷᠤᠨ ᠵᠢᠭᠡᠬᠦᠨ ᠬᠡᠪ ᠶ᠋ᠢᠡᠷ
ᠬᠣᠪᠢᠯᠭᠠᠨ ᠠᠷᠰᠢᠶᠢᠨ ᠣᠷᠲᠣᠨᠢ ᠴᠢᠮᠡᠭᠰᠡᠨ ᠰᠠᠷᠠᠨᠤ ᠭᠡᠷᠡᠯ ᠦᠯᠡᠮᠵᠢ᠃
— ᠵᠸᠩ ᠬᠦ
ᠬᠠᠰ ᠭᠣᠬᠠ
ᠬᠦᠬᠡ ᠲᠡᠭᠷᠢᠶᠢᠨ ᠦᠭᠡᠷᠴᠢᠨ ᠨᠡᠬᠡᠮᠡᠯᠴᠢᠨ ᠠᠩᠬᠢᠲᠠ ᠰᠠᠯᠵᠦ ᠠᠲᠠᠯᠠ
ᠬᠦᠮᠦᠨᠤ ᠣᠷᠴᠢᠯᠠᠩ ᠳ᠋ᠦ ᠪᠠᠰᠠ ᠬᠠᠰ ᠭᠣᠬᠠᠶᠢ ᠪᠠᠷᠠᠯᠠᠮᠣᠢ᠃
— ᠯᠢ ᠾᠸ
ᠬᠠᠰᠤᠨ ᠬᠦᠷᠲᠦᠨ
ᠬᠠᠰᠤᠨ ᠬᠦᠷᠲᠦᠨ ᠰᠢᠬᠦᠲᠡᠷᠢᠶᠢ ᠲᠠᠷᠣᠵᠦ ᠪᠦᠭᠡᠮ ᠭᠡᠷᠡᠯᠢ ᠨᠣᠷᠭᠠᠯᠤᠭᠠ
ᠣᠭ᠌ᠶᠤᠨ ᠭᠠᠯᠪᠢᠩᠭᠠ ᠬᠠᠷᠢᠯᠴᠠᠨ ᠣᠴᠠᠷᠠᠬᠰᠠᠨ ᠭᠠᠪᠢᠷᠠᠶᠢᠨ ᠦᠨᠦᠷᠲᠦ ᠵᠦᠷᠢᠭ᠃
— ᠯᠢ ᠾᠸ (ᠰᠤᠳᠤᠪᠢᠯᠢᠭ᠌ ᠤᠷᠴᠢᠭᠤᠯᠪᠠ)
ᠰᠠᠷᠠᠨ
ᠭᠠᠬᠴᠠ ᠬᠦᠰᠡᠬᠦ ᠬᠦᠮᠦᠨ ᠦᠨᠢ ᠣᠷᠲᠣᠲᠠ
ᠮᠢᠩᠭᠠᠨ ᠭᠠᠵᠠᠷ ᠡᠴᠡ ᠬᠠᠷᠠᠬᠣ ᠨᠢᠲᠦ ᠪᠠᠨ ᠬᠠᠮᠲᠣᠳᠬᠠᠰᠣ᠃
— ᠰᠦ᠍ ᠱᠢ (ᠰᠤᠳᠤᠪᠢᠯᠢᠭ᠌ ᠤᠷᠴᠢᠭᠤᠯᠪᠠ)
ᠬᠠᠰ ᠬᠣᠪᠢᠩ
ᠬᠠᠰ ᠬᠣᠪᠢᠩᠤᠨ ᠭᠡᠷᠡᠯ ᠰᠠᠴᠣᠷᠠᠨ
ᠯᠣᠣ ᠵᠢᠭᠠᠰᠣ ᠨᠢᠭᠡᠨ ᠰᠦᠨᠢ ᠪᠦᠵᠢᠭᠯᠡᠪᠡ᠃
— ᠰᠢᠨ ᠴᠢ ᠵᠢᠢ
(ᠰᠤᠳᠤᠪᠢᠯᠢᠭ᠌ ᠤᠷᠴᠢᠭᠤᠯᠪᠠ)