ᠤᠬᠢᠶᠠᠯᠭ᠎ᠠ᠎ᠶᠢᠨ ᠡᠳ᠋᠎ᠢ ᠲᠤᠲᠠᠭᠤ ᠬᠡᠷᠡᠭᠯᠡᠠ᠂ ᠭᠠᠲᠠᠭᠰᠢ ᠭᠠᠷᠬᠤ᠎ᠳᠠᠭᠠᠨ ᠴᠠᠭ ᠠᠭᠠᠷ᠎ᠢ ᠰᠠᠶ᠋ᠢᠲᠤᠷ ᠠᠩᠬᠠᠷᠴᠤ᠂ ᠨᠠᠷᠠᠨ᠎ᠳᠤ ᠢᠯᠡᠬᠥᠭᠡᠨ ᠡᠭᠡᠬᠦ ᠨᠢ ᠬᠠᠷᠰᠢᠮᠠᠳᠠᠭᠠᠢ ᠴᠢᠨᠠᠷᠳᠡᠢ ᠡᠪᠡᠳᠴᠢᠨ᠎ᠢ ᠰᠡᠷᠬᠡᠢᠯᠡᠠ ᠵᠡᠰᠡᠬᠤ 《ᠪᠤᠬᠢᠷᠲᠤᠯ ᠦᠭᠡᠢ ᠲᠦᠰᠣᠯ》 ᠪᠤᠯᠤᠨ᠎ᠠ᠃
ᠤᠶ᠋ᠢᠷ᠎ᠠ᠎ᠶᠢᠨ ᠵᠢᠯ ᠡᠴᠠ ᠨᠠᠭᠠᠰᠢ ᠬᠠᠷᠰᠢᠮᠠᠲᠠᠭᠠᠢ ᠴᠢᠨᠡᠷᠳᠡᠢ ᠡᠪᠡᠳᠴᠢᠨ ᠶᠠᠪᠤᠬᠤ ᠲᠤᠲᠤᠮ ᠤᠯᠠᠰᠢᠷᠠᠵᠠᠢ᠃ ᠢᠯᠠᠩᠭᠤᠶ᠎ᠠ ᠨᠠᠮᠤᠷ᠎ᠤᠨ ᠬᠤᠩᠭᠤᠷ ᠰᠠᠯᠬᠢᠨ᠎ᠳᠤ ᠦᠯᠢᠶᠡᠭᠲᠡᠬᠥ᠌ ᠰᠢᠷᠠᠯᠵᠢ᠂ ᠵᠦᠷᠬᠡᠢ ᠵᠡᠷᠭᠡ ᠤᠷᠭᠤᠮᠠᠯ ᠡᠴᠠ ᠴᠡᠴᠡᠭ᠎ᠤᠨ ᠲᠣᠭᠣᠰᠣ ᠲᠡᠭᠲᠡᠬᠥ᠌ ᠪᠠᠷ ᠡᠨᠡ ᠬᠥ᠌ ᠡᠪᠡᠳᠴᠢᠨ᠎ᠤ ᠡᠬᠥᠰᠬᠥ᠌ ᠨᠤᠷᠮ᠎ᠠ ᠤᠯᠠᠮ ᠶᠡᠬᠡ ᠪᠤᠯᠵᠤ ᠤᠷᠬᠢᠯ᠎ᠤᠨ ᠦᠶᠡᠳᠦᠣᠷᠣᠳᠠᠭ ᠪᠠᠶ᠋ᠢᠨ᠎ᠠ᠃ ᠡᠬᠥᠨ ᠡᠴᠠ ᠪᠤᠯᠵᠤ ᠬᠠᠷᠰᠢᠯ ᠲᠠᠢ ᠬᠥᠮᠦᠰ ᠨᠢᠳᠦ ᠵᠠᠭᠠᠲᠤᠨᠠᠬᠤ᠂ ᠬᠠᠮᠠᠷ ᠪᠥᠭᠯᠡᠷᠡᠬᠦ᠌᠂ ᠨᠠᠶ᠋ᠢᠲᠠᠭᠠᠬᠤ᠂ ᠬᠠᠨᠢᠶᠠᠬᠤ ᠵᠡᠷᠭᠡ ᠠᠯᠢ ᠣᠯᠠᠨ ᠡᠪᠡᠳᠴᠢᠨ᠎ᠦ ᠢᠯᠡᠷᠡᠯ᠎ᠳᠦ ᠠᠪᠲᠠᠨ᠂ ᠠᠮᠢᠲᠤᠷᠠᠯ᠎ᠤᠨ ᠲᠠᠯ᠎ᠠ᠎ᠪᠠᠷ ᠬᠦᠨᠲᠤ᠌ ᠶᠡᠬᠡ ᠲᠡᠭᠡᠭᠡᠷ᠎ᠡ ᠲᠠᠷᠤᠭᠠᠰᠤ ᠲᠠᠢ ᠪᠤᠯᠵᠤ᠂ ᠨᠠᠮᠤᠷ᠎ᠢ ᠦᠩᠭᠡᠷᠡᠬᠥᠯᠬᠥᠳᠦ ᠲᠡᠰᠪᠤᠷᠢᠯᠡᠬᠥᠶᠡ ᠪᠡᠷᠬᠡ ᠪᠠᠢᠵᠤ᠂ ᠪᠡᠶ᠎ᠡ ᠰᠡᠳᠬᠢᠯ᠎ᠢ ᠲᠠᠷᠴᠢᠯᠠᠭᠠᠳᠠᠭ ᠪᠠᠶ᠋ᠢᠨ᠎ᠠ᠃
ᠡᠢᠮᠦ ᠡᠴᠠ 2016 ᠣᠨ᠎ᠳᠤ ᠪᠡᠭᠡᠵᠢᠩ᠎ᠦᠨ ᠰᠢᠶᠧ ᠾᠧ ᠡᠮᠨᠡᠯᠭᠡ᠎ᠶᠢᠨ ᠬᠣᠷᠢᠶ᠎ᠠ ᠪᠤᠯᠤᠨ ᠳᠤᠮᠳᠠᠳᠤ ᠤᠯᠤᠰ᠎ᠤᠨ ᠡᠮᠴᠢ᠎ᠶᠢᠨ ᠨᠡᠶ᠋ᠢᠭᠡᠮᠯᠢᠭ᠎ᠦᠨ ᠬᠤᠪᠢᠷᠠᠮᠠᠯ ᠤᠷᠪᠠᠯ᠎ᠤᠨ ᠡᠮᠴᠢ᠎ᠶᠢᠨ ᠬᠤᠪᠢᠶᠠᠷᠢ ᠨᠡᠶ᠋ᠢᠭᠡᠮᠯᠢᠭ᠎ᠡᠴᠡ ᠣᠯᠠᠨ ᠰᠠᠯᠠᠭ᠎ᠠ ᠮᠦᠴᠢᠷ ᠲᠠᠢ ᠬᠠᠮᠲᠤᠷᠠᠨ᠂ ᠵᠢᠯ ᠪᠦᠷᠢ᠎ᠶᠢᠨ ᠨᠠᠢ᠍ᠮᠡᠳ᠋ᠤᠭᠠᠷ ᠰᠠᠷ᠎ᠠ᠎ᠶᠢᠨ 2 ᠳ᠋ᠤᠭᠠᠷ ᠭᠠᠷᠠᠭ᠎ᠢ ᠳᠤᠮᠳᠠᠳᠤ ᠤᠯᠤᠰ᠎ᠤᠨ ᠬᠠᠷᠰᠢᠮᠠᠲᠠᠭᠠᠶ ᠴᠢᠨᠡᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ ᠭᠠᠷᠠᠭ ᠪᠣᠯᠭᠠᠬᠤ᠎ᠪᠠᠷ ᠲᠤᠷᠠᠲᠤᠭᠰᠠᠨ ᠪᠠᠢᠨ᠎ᠠ᠃ 2025 ᠣᠨ᠎ᠳᠤ ᠮᠠᠨ᠎ᠤ ᠤᠯᠤᠰ᠎ᠤᠨ ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ ᠭᠠᠷᠠᠭ᠎ᠤᠨ ᠠᠵᠢᠯ ᠨᠢ ᠨᠢᠭᠡᠨᠲᠡ10 ᠳ᠋ᠤᠭᠠᠷ ᠵᠢᠯᠪᠤᠯᠵᠤ᠂ 《ᠠᠭᠤᠷ ᠠᠮᠢᠰᠬᠤᠯ᠂ ᠣᠷᠴᠢᠨ ᠲᠣᠭᠣᠷᠢᠨ ᠬᠢᠭᠡᠳ ᠡᠷᠡᠭᠦᠯ ᠮᠡᠨᠳᠦ᠂ ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ ᠪᠣᠬᠢᠷᠲᠤᠯ ᠥᠬᠡᠶ ᠰᠢᠢᠳᠪᠦᠷᠢᠯᠡᠬᠦ᠌ ᠲᠥᠰᠦᠯ᠎ᠢ ᠰᠦᠪᠡᠭᠴᠢᠯᠡᠬᠥ᠌》 ᠪᠡᠷ ᠡᠨᠡ ᠵᠢᠯ᠎ᠦᠨ ᠵᠢᠠᠨ ᠭᠤᠣᠯ ᠰᠠᠲᠤᠪ ᠪᠤᠯᠭᠠᠭᠰᠠᠨ ᠪᠠᠶ᠋ᠢᠨ᠎ᠠ᠃ ᠪᠥᠬᠥ᠌ ᠤᠯᠤᠰ᠎ᠤᠨ ᠵᠠᠭᠤ ᠭᠠᠷᠤᠶ ᠡᠮᠨᠡᠯᠭᠡ᠎ᠶᠢᠨ ᠬᠤᠷᠢᠶᠠᠨ᠎ᠤ ᠬᠡᠳᠦᠨ ᠵᠠᠭᠤᠨ ᠬᠤᠪᠢᠷᠠᠮᠠᠯ ᠤᠷᠪᠠᠯ᠎ᠤᠨ ᠰᠠᠯᠠᠭᠠᠨ᠎ᠤ ᠡᠮᠴᠢ ᠵᠢᠨ ᠠᠯᠬᠤᠮ ᠠᠯᠬᠤᠮ᠎ᠢᠶᠠᠷ ᠰᠦᠪᠡᠭᠴᠢᠯᠡᠨ ᠭᠠᠷᠭᠠᠭᠰᠠᠨ 《ᠪᠣᠬᠢᠷᠲᠤᠯ ᠥᠬᠡᠶ ᠲᠥᠰᠦᠯ》 ᠨᠢ ᠬᠠᠷᠰᠢᠮᠠᠳᠠᠭᠠᠢ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ ᠰᠢᠨ᠎ᠡ ᠲᠥᠰᠦᠯ ᠪᠣᠯᠤᠬᠰᠡᠡ ᠪᠠᠶ᠋ᠢᠨ᠎ᠠ᠃
ᠠᠭᠤᠷ ᠠᠮᠢᠰᠬᠤᠯ ᠬᠣᠲᠠᠴᠢᠯᠠᠯᠲᠠ ᠵᠡᠷᠭᠡ ᠨᠢ ᠬᠠᠷᠰᠢᠮᠠᠳᠠᠭᠠᠢ ᠴᠢᠨᠠᠷᠳᠡᠢ ᠡᠪᠡᠳᠴᠢᠨ᠎ᠤ ᠣᠷᠭᠢᠯ᠎ᠤᠨ ᠬᠤᠭᠤᠴᠠᠭ᠎ᠠ᠎ᠶᠢ ᠲᠠᠰᠤᠷᠠᠯᠲᠠ ᠦᠭᠡᠢ ᠤᠷᠲᠤᠳᠬᠠᠪᠠ
《ᠥᠩᠭᠡᠷᠡᠭᠰᠡᠨ ᠵᠢᠯ᠎ᠦᠳ᠎ᠦᠨ ᠲᠤᠷᠰᠢᠯᠭ᠎ᠠ᠎ᠶᠢ ᠦᠨᠳᠦᠰᠦᠯᠡᠪᠡᠯ᠂ ᠮᠠᠨ᠎ᠤ ᠤᠯᠤᠰ᠎ᠤᠨ ᠤᠮᠠᠷᠠᠲᠤ᠌ ᠣᠷᠣᠨ ᠨᠢ ᠨᠠᠢ᠍ᠮᠡᠳ᠋ᠤᠭᠠᠷ ᠰᠠᠷ᠎ᠠ᠎ᠶᠢᠨ ᠰᠡᠭᠦᠯᠴᠢ᠎ᠡᠴᠡ ᠶᠢᠰᠤᠳ᠋ᠤᠭᠡᠷ ᠰᠠᠷ᠎ᠠ᠎ᠶᠢᠨ ᠡᠬᠢ ᠪᠣᠯᠲᠠᠯ᠎ᠠ ᠵᠠᠯᠭᠠᠭ᠎ᠠ᠎ᠪᠠᠷ ᠵᠣᠨ ᠨᠠᠮᠤᠷ᠎ᠤᠨ ᠤᠯᠠᠷᠢᠯ᠎ᠤᠨ ᠬᠠᠷᠰᠢᠯ᠎ᠤᠨ ᠣᠷᠭᠢᠯ᠎ᠤᠨ ᠬᠤᠭᠤᠴᠠᠭᠠᠨ᠎ᠳᠤ ᠣᠷᠣᠳᠠᠭ᠃ ᠡᠨᠡ ᠵᠢᠯ ᠤᠮᠠᠷᠠᠲᠤ᠌ ᠣᠷᠣᠨ᠎ᠳᠤ ᠪᠤᠷᠤᠭᠠᠨ ᠬᠤᠷ᠎ᠠ ᠦᠷᠬᠥᠯᠵᠢᠯᠡᠭᠰᠡᠨ ᠵᠢᠡᠷ ᠮᠠᠰᠢ ᠣᠯᠠᠨ ᠭᠠᠵᠠᠷ ᠣᠷᠣᠨ᠎ᠤ ᠨᠠᠮᠤᠷ᠎ᠤᠨ ᠤᠯᠠᠷᠢᠯ᠎ᠤᠨ ᠬᠠᠷᠰᠢᠯ᠎ᠤᠨ ᠣᠷᠭᠢᠯ᠎ᠤᠨ ᠬᠤᠭᠤᠴᠠᠭ᠎ᠠ ᠨᠢ ᠪᠠᠷᠤᠭ ᠨᠢᠭᠡ ᠭᠠᠷᠠᠭ ᠬᠣᠶ᠋ᠢᠰᠢᠯᠠᠵᠠᠶ》᠃ ᠪᠡᠭᠡᠵᠢᠩ᠎ᠦᠨ ᠰᠢᠶᠧ ᠾᠧ ᠡᠮᠨᠡᠯᠭᠡ᠎ᠶᠢᠨ ᠬᠣᠷᠢᠶᠠᠨ᠎ᠤ ᠬᠤᠪᠢᠷᠠᠮᠠᠯ ᠤᠷᠪᠠᠯ᠎ᠤᠨ ᠰᠠᠯᠠᠭᠠᠨ᠎ᠤ ᠡᠷᠬᠢᠯᠡᠭᠴᠢ ᠡᠮᠴᠢ ᠢ ᠵᠢᠶᠠ ᠲᠠᠨᠢᠯᠴᠠᠭᠤᠯᠬᠤᠳ᠋ᠠᠭᠠᠨ᠄ 《ᠠᠭᠤᠷ ᠠᠮᠢᠰᠬᠤᠯ᠎ᠤᠨ ᠬᠤᠪᠢᠷᠠᠯᠲᠠ ᠪᠤᠯᠤᠨ ᠠᠮᠢᠳᠤᠷᠠᠯ᠎ᠤᠨ ᠠᠷᠭ᠎ᠠ ᠮᠠᠶᠢᠭ᠎ᠤᠨ ᠬᠤᠪᠢᠷᠠᠯᠲᠠ ᠨᠢ ᠴᠡᠴᠡᠭ᠎ᠦᠨ ᠲᠣᠭᠣᠰᠣᠨ᠎ᠳᠤ ᠬᠠᠷᠰᠢᠬᠤ ᠣᠷᠭᠢᠯ᠎ᠤᠨ ᠬᠤᠭᠤᠴᠠᠭ᠎ᠠ᠎ᠶᠢ ᠲᠠᠰᠤᠷᠠᠯᠲᠠ ᠥᠬᠡᠶ ᠤᠷᠲᠤᠳᠬᠠᠵᠤ᠂ ᠴᠥᠭᠡᠨ ᠪᠤᠰᠤ ᠡᠪᠡᠳᠴᠢᠲᠡᠨ ᠠᠷᠪᠠᠳ᠋ᠤᠭᠠᠷ ᠰᠠᠷ᠎ᠠ᠎ᠶᠢᠨ ᠡᠬᠢ ᠪᠣᠯᠲᠠᠯ᠎ᠠ ᠮᠥᠨ ᠯᠡ ᠬᠢᠷᠬᠢᠷ᠎ᠡ᠎ᠳᠦ ᠨᠦᠯᠤᠭᠡᠯᠡᠭᠲᠡᠨ᠂ ᠬᠠᠷᠰᠢᠮᠠᠲᠠᠭᠠᠶ ᠴᠢᠨᠠᠷᠳᠡᠢ ᠡᠪᠡᠳᠴᠢᠨ᠎ᠦ ᠢᠯᠡᠷᠡᠯ ᠨᠢ ᠴᠢᠨᠠᠭᠰᠢᠯᠠᠪᠠᠯ ᠬᠢᠷᠠᠭᠤ ᠤᠨᠠᠬᠤ ᠦᠶ᠎ᠡ ᠬᠦᠷᠲᠡᠯ᠎ᠡ ᠦᠷᠬᠥᠯᠵᠢᠯᠡᠬᠥ᠌ ᠪᠤᠯᠤᠨ᠎ᠠ》ᠭᠡᠵᠡᠢ᠃ ᠶᠡᠷᠤ ᠨᠢ ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠨᠢᠭᠡ ᠵᠤᠶ᠋ᠢᠯ᠎ᠤᠨ 《ᠬᠣᠲᠠ᠎ᠶᠢᠨ ᠡᠪᠡᠳᠴᠢᠨ》ᠭᠡᠵᠦ᠍ ᠦᠵᠡᠬᠥ᠌ ᠪᠤᠯᠤᠭᠰᠠᠨ ᠪᠠᠶ᠋ᠢᠨ᠎ᠠ᠃ ᠢ ᠵᠢᠶᠠ ᠡᠮᠴᠢ᠎ᠶᠢᠨ ᠠᠩᠬᠠᠷᠤᠭᠰᠠᠨ᠎ᠢᠶᠠᠷ᠂ ᠬᠦᠮᠤᠨ ᠠᠮᠠ ᠤᠯᠠᠨᠳᠡᠢ ᠬᠤᠲᠠᠨ ᠳ᠋ᠠᠬᠢ ᠬᠠᠷᠰᠢᠮᠠᠲᠠᠭᠠᠶ ᠴᠢᠨᠠᠷᠳᠡᠢ ᠡᠪᠡᠳᠴᠢᠨ᠎ᠦ ᠡᠭᠦᠰᠬᠦ᠌ ᠨᠣᠷᠮ᠎ᠠ ᠶᠡᠷᠦᠳ᠋ᠡᠬᠡᠨ ᠨᠡᠯᠢᠶᠡᠳ ᠥᠨᠳᠥᠷ ᠪᠠᠶ᠋ᠢᠵᠤ᠂ ᠲᠡᠷᠡ ᠮᠦᠷᠲᠡᠭᠡᠨ ᠡᠪᠡᠳᠴᠢᠯᠡᠬᠦ᠌ ᠨᠠᠰᠤ ᠨᠢ ᠴᠦ᠍ ᠤᠯᠠᠮ ᠵᠠᠯᠠᠭᠤᠵᠢᠬᠤ ᠬᠠᠨᠳᠤᠰᠢ᠎ᠲᠠᠶ ᠪᠤᠯᠵᠣ ᠪᠠᠶ᠋ᠢᠨ᠎ᠠ᠃ ᠤᠲᠤ᠌ ᠬᠤᠪᠢᠷᠠᠮᠠᠯ ᠤᠷᠪᠠᠯ᠎ᠤᠨ ᠰᠠᠯᠠᠭᠠᠨ᠎ᠤ ᠡᠭᠦᠳᠡᠨ ᠡᠮᠨᠡᠯᠭᠡ᠎ᠳᠦ ᠴᠡᠴᠡᠭ᠎ᠦᠨ ᠲᠣᠭᠣᠰᠣᠨ᠎ᠳᠤ ᠬᠠᠷᠰᠢᠬᠤ ᠪᠠ ᠢᠳᠡᠭᠡᠨ᠎ᠳᠦ ᠬᠠᠷᠰᠢᠬᠤ ᠬᠡᠤᠬᠡᠳ ᠤᠯᠠᠮ᠎ᠠᠴᠠ ᠤᠯᠠᠮ ᠪᠠᠢᠩᠭᠤ ᠬᠠᠷᠠᠭᠲᠠᠬᠤ ᠪᠤᠯᠵᠠᠢ᠃ ᠮᠠᠨ᠎ᠤ ᠤᠯᠤᠰ᠎ᠤᠨ ᠤᠮᠠᠷᠠᠲᠤ᠌ ᠤᠷᠤᠨ᠎ᠢᠶᠠᠷ ᠬᠡᠲᠤᠨ ᠮᠢᠩᠭᠠᠨ ᠵᠢᠯ᠎ᠦᠨ ᠲᠤᠷᠰᠢ ᠤᠷᠭᠤᠭᠰᠠᠭᠠᠷ ᠢᠷᠡᠭᠰᠡᠨ ᠰᠢᠷᠠᠯᠵᠢ᠂ ᠵᠦᠷᠬᠡᠢ ᠵᠡᠷᠭᠡ ᠬᠡᠭᠡᠷ᠎ᠡ᠎ᠶᠢᠨ ᠡᠪᠡᠰᠦ ᠤᠷᠭᠤᠮᠠᠯ ᠨᠢ ᠣᠶ᠋ᠢᠷ᠎ᠠ᠎ᠶᠢᠨ ᠵᠢᠯ᠎ᠳᠦ ᠬᠥᠮᠦᠰ᠎ᠦᠨ ᠠᠩᠬᠠᠷᠤᠯ᠎ᠢ ᠲᠠᠲᠠᠵᠤ᠂ ᠬᠠᠷᠰᠢᠮᠠᠳᠠᠭᠠᠢ ᠴᠢᠨᠠᠷᠳᠡᠢ ᠡᠪᠡᠳᠴᠢᠨᠡᠬᠥᠰᠬᠥᠶᠢᠨ ᠦᠨᠲᠤᠰᠤ ᠰᠢᠯᠲᠠᠭᠠᠨ ᠪᠤᠯᠤᠭᠰᠠᠨ ᠪᠠᠶ᠋ᠢᠨ᠎ᠠ᠃ ᠢᠯᠠᠩᠭᠤᠶ᠎ᠠ ᠲᠤᠶ᠋ᠢᠯ᠎ᠤᠨ ᠠᠭᠤᠷ ᠠᠮᠢᠰᠬᠤᠯ ᠤ᠋ᠨ ᠪᠠᠶ᠋ᠢᠨ ᠳᠠᠬᠢᠨ ᠢᠯᠡᠷᠡᠬᠦ᠌᠎ᠶᠢ ᠳᠠᠭᠠᠯᠳᠤᠨ᠂ ᠪᠣᠷᠣᠭᠠᠨ ᠣᠷᠣᠬᠤ ᠨᠢ ᠬᠡᠭᠡᠷ᠎ᠡ᠎ᠶᠢᠨ ᠡᠪᠡᠰᠦᠤᠷᠭᠤᠮᠠᠯᠤᠨ ᠤᠷᠭᠤᠴᠠ᠎ᠶᠢ ᠲᠦᠷᠭᠡᠳᠬᠡᠵᠤ᠂ ᠲᠡᠬᠥᠨᠴᠢᠯᠡᠨ ᠠᠶᠤᠩᠭ᠎ᠠ ᠨᠢᠷᠬᠢᠵᠤ ᠭᠢᠯᠪᠢᠭᠡᠨ ᠴᠠᠬᠢᠯᠬᠤ ᠨᠢ ᠠᠭᠠᠷᠲᠠᠬᠢ ᠠᠯᠭᠤᠷ ᠠᠭᠠᠵᠢᠮ᠎ᠢᠶᠠᠷ ᠳᠡᠭᠡᠭᠰᠢᠯᠡᠬᠦ᠌ ᠴᠡᠴᠡᠭ᠎ᠦᠨ ᠲᠣᠭᠣᠰᠣ᠎ᠶᠢ ᠲᠣᠭ᠎ᠠ ᠲᠣᠮᠰᠢ ᠦᠭᠡᠢ ᠤᠯᠠᠨ ᠬᠡᠮᠬᠡᠳᠡᠭ ᠪᠣᠯᠭᠠᠨ ᠵᠠᠳᠠᠷᠠᠭᠤᠯᠳᠠᠭ ᠪᠠᠶ᠋ᠢᠨ᠎ᠠ᠃ ᠡᠲᠡᠭᠡᠷ ᠵᠢᠵᠢᠭ ᠬᠡᠮᠬᠡᠳᠡᠭ ᠨᠢ ᠰᠠᠯᠬᠢᠨ᠎ᠳᠤ ᠦᠯᠢᠶᠡᠭᠲᠡᠨ ᠬᠣᠲᠠ᠎ᠶᠢᠨ ᠡᠯ᠎ᠡ ᠥᠨᠴᠥᠭ ᠪᠤᠯᠤᠩ᠎ᠢᠶᠡᠷ ᠲᠠᠷᠬᠠᠭᠠᠭᠲᠠᠨ᠂ ᠬᠢᠯᠪᠡᠷᠬᠠᠨ᠎ᠢᠶᠠᠷ ᠬᠠᠷᠰᠢᠮᠠᠳᠠᠭᠠᠢ ᠴᠢᠨᠠᠷᠲᠠᠢ ᠡᠪᠡᠳᠴᠢᠲᠡᠨ᠎ᠦ ᠬᠠᠮᠠᠷ᠎ᠤᠨ ᠬᠥᠨᠳᠡᠶ᠎ᠳᠦ ᠣᠷᠣᠵᠤ᠂ ᠬᠡᠪᠴᠢᠶᠡᠵᠢᠯ ᠨᠢ ᠤᠯᠠᠮ ᠦᠷᠭᠡᠵᠢᠨ ᠬᠦᠨᠳᠦ ᠨᠣᠴᠢᠲᠠᠶᠪᠣᠯᠵᠤ᠂ ᠬᠡᠳᠦᠨ ᠵᠠᠭᠤ ᠡᠴᠠ ᠴᠢᠨᠠᠭᠰᠢᠯᠠᠭᠠᠳ ᠬᠡᠲᠤᠨ ᠮᠢᠩᠭᠠᠨ ᠬᠥᠮᠦᠨ ᠳ᠋ᠦ᠍ ᠴᠤ᠌ ᠠᠮᠢᠰᠬᠤᠯ᠎ᠤᠨ ᠰᠢᠰᠲᠸᠮ᠎ᠦᠨ ᠴᠢᠨᠠᠷᠲᠠᠢ 《ᠠᠶᠤᠩᠭᠠᠲᠤ᠌ ᠬᠢᠷᠬᠢᠷ᠎ᠡ》 ᠵᠢ ᠡᠬᠥᠰᠭᠡᠬᠥ᠌ ᠪᠤᠯᠭᠠᠵᠠᠢ᠃
ᠪᠤᠬᠢᠷᠲᠤᠯ ᠦᠭᠡᠢ ᠲᠦᠰᠤᠯ ᠨᠢ 《ᠶᠡᠬᠡ ᠪᠤᠷᠤᠭᠠᠨ᠎ᠢ ᠠᠷᠭᠠᠴᠠᠭᠠᠬᠤ ᠰᠢᠬᠥᠷ》 ᠪᠤᠯᠤᠨ᠎ᠠ
ᠥᠩᠭᠡᠷᠡᠭᠰᠡᠨ ᠠᠷᠪᠠᠨ ᠵᠢᠯ᠎ᠳᠦ᠂ ᠤᠯᠤᠰ᠎ᠤᠨ ᠳᠣᠲᠣᠭᠠᠳᠤ᠎ᠶᠢᠨ ᠡᠮ ᠡᠮᠨᠡᠯᠭᠡ᠎ᠶᠢᠨ ᠡᠷᠲᠡᠮᠲᠡᠨ ᠮᠡᠷᠭᠡᠳ᠎ᠤᠨ ᠬᠠᠷᠰᠢᠮᠠᠲᠠᠭᠠᠶ ᠴᠢᠨᠠᠷᠲᠠᠶ ᠡᠪᠡᠳᠴᠢᠨ ᠡᠮᠭᠡᠭ᠎ᠢ ᠰᠡᠷᠭᠡᠶ᠋ᠢᠯᠡᠨ ᠵᠠᠰᠠᠬᠤ ᠲᠤᠬᠠᠶ ᠬᠢᠭᠰᠡᠨ ᠬᠠᠶ᠋ᠢᠨ ᠰᠥᠪᠡᠭᠴᠢᠯᠡᠯᠲᠡ ᠨᠢ ᠶᠠᠭ ᠯᠡ 《ᠵᠠᠮ ᠬᠠᠶ᠋ᠢᠬᠤ᠎ᠶᠢᠨ ᠳᠠᠭᠠᠤ ᠣᠷᠤᠭᠰᠢᠯᠠᠭᠰᠠᠨ》 ᠰᠢᠭ᠋ ᠪᠠᠶ᠋ᠢᠪᠠ᠃ 2017 ᠣᠨ᠎ᠳᠤ 《ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ᠂ ᠵᠥᠪ ᠣᠨᠣᠪᠴᠢᠲᠠᠶ ᠣᠨᠣᠰᠢᠯᠠᠬᠤ᠂ ᠰᠢᠰᠲᠸᠮ ᠲᠠᠢᠡᠮᠨᠡᠨ ᠵᠠᠰᠠᠬᠤ》 ᠵᠢ ᠳᠤᠮᠳᠠᠳᠤ ᠤᠯᠤᠰ᠎ᠤᠨ ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ ᠭᠠᠷᠠᠭ᠎ᠤᠨ ᠭᠤᠤᠯ ᠰᠡᠳᠦᠪ᠎ᠢᠶᠠᠷ ᠲᠤᠭᠲᠠᠭᠠᠬᠤ᠎ᠶᠢᠨ ᠳᠠᠭᠠᠤ ᠡᠭᠦᠨ᠎ᠢ ᠡᠳᠦᠷ ᠲᠤᠲᠤᠮ᠎ᠤᠨ ᠵᠥᠪᠯᠡᠬᠦ᠌ ᠵᠦᠢᠯ᠎ᠳᠡᠭᠡᠨ ᠣᠷᠣᠭᠤᠯᠪᠠ᠃ 2018 ᠣᠨ᠎ᠳᠤ 《ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠵᠤ ᠦᠨᠳᠦᠰᠦᠨ ᠱᠠᠲᠤᠨ᠎ᠳᠤ ᠭᠦᠨᠵᠡᠭᠡᠶ᠋ᠢᠷᠡᠬᠦ᠌᠂ ᠡᠷᠡᠭᠦᠯ ᠡᠩᠬᠡ ᠳᠤᠮᠳᠠᠳᠤ ᠤᠯᠤᠰ᠎ᠤᠨ ᠠᠶᠠᠯᠠᠯ》 ᠨᠢ ᠨᠡᠢᠬᠡᠮ᠎ᠤᠨ ᠭᠤᠤᠯ ᠬᠦᠭ ᠠᠶᠠᠰ ᠪᠤᠯᠵᠤ᠂ ᠪᠡᠭᠡᠵᠢᠩ᠎ᠦᠨ ᠰᠢᠶᠧ ᠾᠧ ᠡᠮᠨᠡᠯᠭᠡ᠎ᠶᠢᠨ ᠬᠣᠷᠢᠶ᠎ᠠ ᠬᠢᠭᠡᠳ ᠱ᠌ᠢ ᠵᠶ᠋ᠢ ᠲᠠᠨ ᠡᠮᠨᠡᠯᠭᠡ᠎ᠶᠢᠨ ᠬᠣᠷᠢᠶ᠎ᠠ ᠵᠢᠨ ᠬᠢᠨ ᠲᠤᠰ ᠲᠤᠰ ᠱᠠᠨᠰᠢ ᠮᠤᠵᠢ᠎ᠶᠢᠨ ᠢᠦᠶ ᠯᠢᠨ ᠪᠤᠯᠤᠨ ᠥᠪᠥᠷ ᠮᠤᠩᠭᠤᠯ ᠵᠢᠠᠷ ᠬᠦᠷᠴᠤ᠌᠂ ᠦᠨᠳᠦᠰᠦᠨ ᠱᠠᠲᠤᠨ᠎ᠤ ᠡᠮᠨᠡᠯᠭᠡ᠎ᠶᠢᠨ ᠬᠣᠷᠢᠶ᠎ᠠ᠎ᠳᠤ ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ ᠲᠤᠭᠲᠠᠯᠴᠠᠭ᠎ᠠ᠎ᠶᠢ ᠬᠠᠶ᠋ᠢᠨ ᠰᠦᠪᠡᠭᠴᠢᠯᠡᠨ᠂ ᠪᠥᠬᠥ᠌ ᠤᠯᠤᠰ᠎ᠤᠨ ᠣᠯᠠᠨ ᠭᠠᠵᠠᠷ᠎ᠲᠤ᠌ ᠴᠡᠴᠡᠭ᠎ᠦᠨ ᠲᠣᠭᠣᠰᠣ᠎ᠶᠢ ᠬᠢᠨᠠᠨ ᠬᠡᠮᠵᠢᠬᠦ᠌ ᠥᠷᠲᠡᠭᠡ ᠪᠠᠶ᠋ᠢᠭᠤᠯᠵᠤ᠂ ᠡᠬᠡᠯ ᠠᠷᠠᠳ ᠲᠤ᠌ 《ᠠᠭᠤᠷ ᠠᠮᠢᠰᠬᠤᠯ᠎ᠤᠨ ᠬᠤᠪᠢᠷᠠᠯᠲᠠ᠎ᠪᠠᠷ ᠦᠪᠡᠷ᠎ᠢ᠎ᠪᠡᠨ ᠠᠵᠢᠭᠯᠠᠬᠤ》 ᠪᠤᠯᠤᠯᠴᠠᠭᠠᠲᠣ ᠴᠢᠨᠠᠷ᠎ᠢ ᠪᠤᠢ ᠪᠤᠯᠭᠠᠪᠠ᠃
2019 ᠣᠨ᠎ᠳᠤ ᠬᠠᠷᠰᠢᠬᠤ᠎ᠶᠢ ᠰᠡᠷᠭᠡᠶ᠋ᠢᠯᠡᠨ ᠵᠠᠰᠠᠬᠤ ᠭᠠᠷᠠᠭ᠎ᠤᠨ ᠠᠵᠢᠯᠯᠠᠭ᠎ᠠ᠎ᠨᠢ 《ᠢᠳᠡᠭᠡᠨ᠎ᠦ ᠬᠠᠷᠰᠢᠯ᠎ᠳᠤ ᠠᠩᠬᠠᠷᠤᠯ᠎ᠢᠶᠠᠨ ᠲᠥᠪᠯᠡᠷᠡᠭᠦᠯᠬᠦ᠌》᠎ᠳ᠋ᠤ ᠬᠦᠴᠤ᠌ ᠲᠠᠯᠪᠢᠨ ᠠᠳᠬᠤᠵᠤ᠂ ᠢᠳᠡᠭᠡᠨ ᠤᠮᠳᠠᠭᠠᠨ᠎ᠤ ᠠᠵᠢᠯ ᠲᠥᠷᠥᠯ᠎ᠦᠨ ᠬᠢᠨ ᠳ᠋ᠤ ᠬᠠᠷᠰᠢᠯ᠎ᠤᠨ ᠤᠭᠢ ᠲᠤᠳᠤᠷᠬᠠᠶ᠋ᠢᠯᠠᠬᠤ ᠲᠠᠯ᠎ᠠ᠎ᠪᠠᠷ ᠤᠷᠢᠶᠠᠯᠠᠭ᠎ᠠ ᠭᠠᠷᠭᠠᠵᠠᠢ᠃ 2020 ᠣᠨ᠎ᠳᠤ《ᠨᠠᠷᠢᠯᠢᠭ ᠤᠨᠤᠪᠴᠢᠲᠠᠢ ᠤᠨᠤᠰᠢᠯᠠᠨ ᠲᠤᠲᠤᠯᠠᠵᠣ᠂ ᠤᠨᠤᠪᠴᠢᠲᠠᠢ ᠰᠡᠷᠭᠡᠶ᠋ᠢᠯᠡᠨ ᠵᠠᠰᠠᠬᠤ》 ᠪᠠᠷ ᠭᠤᠤᠯ ᠪᠤᠯᠭᠠᠨ᠂ ᠡᠪᠡᠳᠴᠢᠲᠡᠨ᠎ᠳᠤ ᠣᠨᠣᠪᠴᠢᠲᠠᠶ ᠪᠠᠶ᠋ᠢᠴᠠᠭᠠᠯᠲᠠ ᠬᠢᠬᠦ᠌ ᠪᠡᠷ ᠳᠡᠮᠵᠢᠨ ᠬᠠᠷᠰᠢᠯ᠎ᠤᠨ ᠡᠬᠢ ᠰᠤᠷᠪᠤᠯᠵᠢ᠎ᠳᠤ ᠪᠠᠢᠷᠢ ᠲᠤᠭᠲᠠᠭᠠᠯᠲᠠ ᠬᠢᠬᠥ᠌ ᠪᠠ ᠡᠪᠡᠳᠴᠢᠲᠡᠨ᠎ᠢ ᠬᠠᠷᠰᠢᠯ᠎ᠤᠨ ᠡᠬᠢ ᠰᠤᠷᠪᠤᠯᠵᠢ᠎ᠠᠴᠠ ᠰᠠᠨᠠᠭᠠᠴᠢᠯᠠᠭ᠎ᠠ᠎ᠠᠴᠠ᠎ᠪᠠᠨ ᠬᠤᠯᠠᠬᠠᠨ ᠪᠠᠶ᠋ᠢᠯᠭᠠᠬᠤ ᠶ᠋ᠢ ᠤᠷᠢᠶᠠᠯᠠᠨ᠂ ᠬᠠᠷᠰᠢᠬᠤ᠎ᠶᠢ ᠰᠠᠷᠭᠡᠶ᠋ᠢᠯᠡᠨ ᠵᠠᠰᠠᠬᠤ ᠪᠠ ᠠᠷᠢᠯᠭᠠᠬᠤ ᠵᠢ ᠠᠭᠠᠵᠢᠮ᠎ᠢᠶᠠᠷ ᠲᠡᠯᠭᠡᠷᠡᠬᠥᠯᠤᠨ ᠤᠬᠠᠭᠤᠯᠵᠠᠢ᠂ ᠡᠨᠡ ᠨᠢ ᠮᠦᠨ ᠴᠤ᠌ ᠦᠨᠤᠬᠡᠨ ᠪᠤᠯᠲᠠᠯ᠎ᠡ᠎ᠬᠢ ᠬᠠᠷᠰᠢᠮᠠᠲᠠᠭᠠᠢ ᠴᠢᠨᠠᠷᠲᠠᠢ ᠡᠪᠡᠳᠴᠢᠲᠠᠨᠢ ᠪᠠᠶ᠋ᠢᠭᠠᠯᠢᠯᠢᠭ᠎ᠢᠶᠠᠷ ᠵᠠᠰᠠᠬᠤ ᠴᠣᠷ᠎ᠤᠨ ᠭᠠᠭᠴᠠ ᠡᠮᠴᠢᠯᠡᠬᠡᠨᠦ ᠠᠷᠭ᠎ᠠ ᠪᠠᠷᠢᠯ ᠪᠣᠯᠤᠭᠰᠠᠭᠠᠷ ᠢᠷᠡᠭᠰᠡᠨ ᠪᠠᠶ᠋ᠢᠨ᠎ᠠ᠃ 2022 ᠡᠴᠠ 2023 ᠣᠨ᠎ᠳᠤ ᠭᠤᠤᠯ ᠰᠡᠳᠦᠪ᠎ᠢᠶᠡᠨ ᠴᠦᠮ ᠣᠷᠴᠢᠨ ᠲᠣᠭᠣᠷᠢᠨ᠎ᠤ ᠲᠠᠯ᠎ᠠ᠎ᠳᠤ ᠲᠥᠪᠯᠡᠷᠡᠭᠦᠯᠵᠠᠢ᠂ ᠲᠠᠷᠤᠢ 《ᠣᠷᠴᠢᠨ ᠲᠣᠭᠣᠷᠢᠨ᠎ᠢ ᠠᠩᠬᠠᠷᠴᠤ᠌᠂ ᠠᠮᠢᠰᠬᠤᠭ᠎ᠠ᠎ᠪᠠᠨ ᠰᠢᠯᠤᠭᠤᠳᠬᠠᠬᠤ》 ᠪᠠ 《ᠠᠭᠤᠷ ᠠᠮᠢᠰᠬᠤᠯ᠂ ᠣᠷᠴᠢᠨ ᠲᠣᠭᠣᠷᠢᠨ ᠬᠢᠭᠡᠳ ᠠᠮᠢᠳᠤᠷᠠᠯ᠎ᠤᠨ ᠠᠷᠭ᠎ᠠ ᠮᠠᠶᠢᠬ᠎ᠤᠨ ᠬᠤᠪᠢᠷᠠᠯᠲᠠ᠎ᠶᠢ ᠠᠩᠬᠠᠷᠴᠤ᠌᠂ ᠬᠠᠷᠰᠢᠯᠢ ᠤᠷᠢᠳᠴᠢᠯᠠᠨ ᠰᠡᠷᠭᠡᠶ᠋ᠢᠯᠡᠬᠦ᠌》 ᠪᠠᠷ ᠭᠤᠤᠯᠲᠠᠯᠭ᠎ᠠ ᠪᠤᠯᠭᠠᠭᠰᠠᠨ ᠪᠠᠢᠨ᠎ᠠ᠃ ᠶᠠᠭ ᠢ᠌ᠢᠮᠤᠡᠴᠨ ᠠᠭᠤᠷ ᠠᠮᠢᠰᠬᠤᠯ᠂ ᠣᠷᠴᠢᠨ ᠲᠣᠭᠣᠷᠢᠨ᠂ ᠠᠮᠢᠳᠤᠷᠠᠯ᠎ᠤᠨ ᠠᠷᠭ᠎ᠠ ᠮᠠᠶᠢᠬ ᠳᠠᠬᠢᠨ ᠳᠠᠪᠲᠠᠨ ᠲᠤᠷᠠᠲᠤᠭᠲᠠᠬᠤ ᠪᠤᠯᠵᠤ᠂ ᠪᠣᠬᠢᠷᠲᠤᠯ ᠥᠬᠡᠶ ᠲᠥᠰᠦᠯ᠎ᠦᠨ ᠲᠤᠬᠠᠶ ᠬᠠᠶ᠋ᠢᠨ ᠰᠥᠪᠡᠭᠴᠢᠯᠡᠯᠲᠡ ᠬᠢᠬᠥ᠌ ᠨᠢ ᠪᠦᠷ ᠴᠤ᠌ ᠪᠠᠴᠢᠮ ᠲᠤᠯᠭᠠᠮ ᠪᠤᠯᠤᠭᠰᠡᠨ ᠪᠠᠢᠨ᠎ᠠ᠃
ᠢ ᠵᠢᠶᠠ᠎ᠶᠢᠨ ᠦᠵᠡᠬᠦ᠌᠎ᠪᠡᠷ᠂ ᠣᠳᠣᠬᠠᠨ᠎ᠳᠤ ᠬᠠᠷᠰᠢᠮᠠᠲᠠᠭᠠᠶ ᠴᠢᠨᠠᠷᠳᠡᠢ ᠡᠪᠡᠳᠴᠢᠨ᠎ᠢ ᠰᠡᠷᠭᠡᠶ᠋ᠢᠯᠡᠨ ᠵᠠᠰᠠᠬᠤ ᠲᠠᠯ᠎ᠠ᠎ᠪᠠᠷ ᠬᠢ ᠬᠠᠮᠤᠭ᠎ᠤᠨ ᠶᠡᠬᠡ ᠬᠦᠴᠢᠷᠳᠡᠯ ᠪᠣᠯ ᠴᠠᠭ ᠠᠭᠤᠷ᠎ᠤᠨ ᠭᠠᠮᠰᠢᠭ᠎ᠢ ᠣᠮᠲᠣᠭᠠᠶ᠋ᠢᠯᠠᠬᠤ ᠪᠠ ᠪᠠᠶ᠋ᠢᠭᠠᠯᠢ᠎ᠠᠴᠠ ᠤᠯᠠᠮᠢᠯᠡᠬᠦᠤ ᠵᠠᠶ᠋ᠢᠳᠠᠭᠰᠠᠨ ᠬᠣᠲᠠᠴᠢᠯᠠᠯᠲᠠ᠎ᠶᠢᠨ ᠠᠮᠢᠳᠤᠷᠠᠯ᠎ᠤᠨ ᠠᠷᠭ᠎ᠠ ᠮᠠᠶᠢᠭ ᠪᠣᠯᠬᠤ ᠶᠣᠮ᠃ ᠲᠡᠷᠡ ᠪᠠᠰᠠ ᠪᠢᠳᠡ ᠪᠦᠬᠥᠨᠤ ᠳᠤᠢᠯ᠎ᠤᠨ ᠴᠠᠭ ᠠᠭᠤᠷ᠎ᠢ ᠤᠮᠳᠤᠭᠠᠢᠯᠠᠵᠤ ᠭᠠᠲᠠᠭᠰᠢ ᠭᠠᠷᠬᠤ ᠪᠠ ᠪᠠᠶ᠋ᠢᠩᠭᠤ ᠭᠠᠲᠠᠨ᠎ᠠ ᠡᠴᠠ ᠬᠣᠭᠣᠯᠠ ᠲᠠᠭᠤᠲᠠᠵᠤ ᠢᠲᠡᠬᠥ᠌ ᠲᠡᠷᠡᠴᠢᠯᠡᠨ ᠡᠲᠤᠷ ᠲᠤᠲᠣᠮᠤᠨ ᠠᠮᠢᠲᠤᠷᠠᠯ ᠲᠤᠮᠳᠡᠤᠬᠢᠶᠠᠯᠭᠠᠶᠢᠨ ᠡᠳ᠋᠎ᠢ ᠦᠷᠭᠡᠨ᠎ᠢᠶᠡᠷ ᠬᠡᠷᠡᠭᠯᠡᠵᠣ ᠪᠠᠶ᠋ᠢᠭ᠎ᠠ ᠨᠢ ᠬᠠᠷᠰᠢᠮᠠᠲᠠᠭᠠᠢ ᠴᠢᠨᠠᠷᠲᠠᠢ ᠡᠪᠡᠳᠴᠢᠲᠠᠨᠤ 《ᠠᠶᠤᠩᠭᠠᠲᠤ᠌ ᠬᠢᠷᠬᠢᠷ᠎ᠡ》 ᠡᠭᠦᠰᠬᠦ᠌ ᠦᠶ᠎ᠡ᠎ᠳᠤ ᠶᠠᠭ ᠯᠠ ᠶᠡᠬᠡ ᠪᠣᠷᠣᠭᠠᠨ᠎ᠳᠤ ᠰᠢᠬᠦᠷ᠎ᠢᠶᠡᠨ ᠮᠠᠷᠲᠠᠭᠰᠠᠨ ᠵᠠᠮ᠎ᠤᠨ ᠬᠥᠮᠦᠨ ᠰᠢᠭ ᠤᠷᠤᠬᠣ ᠭᠠᠵᠠᠷ ᠦᠭᠡᠢ ᠪᠤᠯᠲᠡᠯ᠎ᠡ ᠪᠠᠯᠠᠭ ᠠᠯᠳᠠᠳᠠᠭ ᠲᠠᠢ ᠨᠢᠭᠡᠨ ᠠᠳᠠᠯᠢ ᠬᠡᠮᠡᠨ ᠦᠯᠢᠭᠡᠷᠴᠢᠯᠡᠨ ᠶᠠᠷᠢᠵᠤ ᠪᠢᠯᠡ᠃ ᠡᠨᠡ ᠵᠢᠯ᠎ᠦᠨ ᠳᠤᠷᠠᠳᠤᠭᠰᠠᠨ 《ᠪᠣᠬᠢᠷᠲᠤᠯ ᠥᠬᠡᠶ ᠲᠥᠰᠦᠯ》 ᠨᠢ ᠳᠠᠷᠤᠶ ᠬᠠᠷᠰᠢᠮᠠᠲᠠᠭᠠᠶ ᠴᠢᠨᠠᠷᠲᠠᠶ ᠡᠪᠡᠳᠴᠢᠳᠠᠨ᠎ᠳᠤ ᠪᠡᠯᠡᠳᠬᠡᠭᠰᠡᠨ 《ᠶᠡᠬᠡ ᠪᠣᠷᠣᠭᠠᠨ᠎ᠳᠤ ᠠᠷᠭᠠᠴᠠᠭᠠᠬᠤ ᠰᠢᠬᠦᠷ》 ᠪᠤᠯᠤᠭᠰᠠᠨ ᠪᠠᠢᠨ᠎ᠠ᠃ ᠡᠢᠮᠦ ᠡᠴᠠ ᠬᠠᠷᠰᠢᠮᠠᠲᠠᠭᠠᠶ ᠴᠢᠨᠠᠷᠲᠠᠶ ᠡᠪᠡᠳᠴᠢᠨ ᠡᠮᠭᠡᠭ᠎ᠦᠨ ᠦᠷᠪᠢᠰᠤᠯ ᠲᠡᠯᠭᠡᠷᠡᠬᠥ᠌ ᠪᠠᠶ᠋ᠢᠲᠠᠯ᠎ᠢ ᠣᠶ᠋ᠢᠯᠠᠭᠠᠵᠤ᠂ ᠤᠯᠠᠨ᠎ᠢᠶᠠᠷ᠎ᠢᠶᠠᠨ ᠡᠳᠦᠷ ᠲᠤᠲᠤᠮ᠎ᠤᠨ ᠠᠮᠢᠳᠤᠷᠠᠯ ᠳᠤᠮᠳᠠ ᠪᠣᠬᠢᠷᠲᠤᠯ ᠥᠬᠡᠶ᠂ ᠡᠷᠡᠭᠦᠯ ᠰᠠᠷᠠᠭᠤᠯ ᠠᠮᠢᠳᠤᠷᠠᠯ᠎ᠤᠨ ᠠᠷᠭ᠎ᠠ ᠬᠡᠯᠪᠡᠷᠢ᠎ᠶᠢ ᠡᠷᠬᠢᠮᠯᠡᠪᠡᠯ ᠰᠠᠶᠢ ᠪᠢᠳᠡ ᠬᠠᠷᠰᠢᠮᠠᠲᠠᠭᠠᠶ ᠴᠢᠨᠠᠷᠲᠠᠶ ᠡᠪᠡᠳᠴᠢᠨ᠎ᠦ ᠥᠷᠢᠰᠥᠯᠳᠦᠭᠡᠨ᠎ᠢ ᠨᠠᠩ ᠰᠠᠶ᠋ᠢᠲᠤᠷ ᠠᠷᠭᠠᠴᠠᠭᠠᠵᠤ ᠴᠢᠲᠠᠬᠤ ᠪᠤᠯᠤᠨ᠎ᠠ᠃
ᠠᠷᠭᠠᠴᠠᠭᠠᠬᠤ ᠠᠷᠭ᠎ᠠ ᠪᠣᠳᠣᠯᠭ᠎ᠠ ᠨᠢ ᠡᠳᠦᠷ ᠲᠤᠲᠤᠮ᠎ᠤᠨ ᠠᠮᠢᠳᠤᠷᠠᠯ᠎ᠳᠤ ᠨᠢᠭᠤᠭᠳᠠᠵᠤ ᠪᠤᠢ
ᠬᠠᠷᠰᠢᠮᠠᠳᠠᠭᠠᠢ ᠴᠢᠨᠠᠷᠳᠡᠢ ᠡᠪᠡᠳᠴᠢᠨ᠎ᠢ ᠦᠨᠡᠨ ᠬᠦ᠌ ᠬᠤᠷᠢᠭᠯᠠᠨ ᠵᠤᠭᠰᠤᠭᠠᠬᠤ᠎ᠳᠤ ᠪᠠᠶ᠋ᠢᠭᠠᠯᠢᠯᠢᠭ᠎ᠢᠶᠠᠷ ᠵᠠᠰᠠᠬᠤ ᠠᠷᠭ᠎ᠠ᠎ᠶᠢ ᠰᠣᠩᠭᠣᠬᠤ᠎ᠠᠴᠠ ᠭᠠᠳᠠᠨ᠎ᠠ᠂ ᠢ ᠵᠢᠶᠨ ᠡᠮᠴᠢ᠎ᠶᠢᠨ ᠦᠵᠡᠬᠥ᠎ᠪᠡᠷ᠂ 《ᠪᠣᠬᠢᠷᠲᠤᠯ ᠥᠬᠡᠶ ᠲᠥᠰᠦᠯ》 ᠭᠡᠬᠦ᠌ 《ᠰᠢᠬᠦᠷ》 ᠢ᠋ ᠡᠩ᠎ᠦᠨ ᠬᠦᠮᠤᠰᠲᠤ᠌ ᠬᠡᠷᠬᠢᠨ ᠰᠠᠶ᠋ᠢᠲᠤᠷ ᠬᠡᠷᠡᠭᠯᠡᠬᠦᠯᠬᠦ ᠲᠤᠬᠠᠢ᠂ ᠲᠠᠷᠤᠢᠠᠷᠭᠠᠴᠠᠭᠠᠬᠤ ᠠᠷᠭ᠎ᠠ ᠪᠣᠳᠣᠯᠭ᠎ᠠ ᠨᠢ ᠠᠮᠢᠳᠤᠷᠠᠯ᠎ᠤᠨ ᠨᠠᠷᠢᠨ ᠵᠤᠢᠯᠠᠰᠲᠦ᠍ ᠨᠢᠭᠤᠭᠳᠠᠵᠤ ᠪᠠᠶ᠋ᠢᠳᠠᠭ᠎ᠢ ᠮᠡᠳᠡᠬᠦᠯᠬᠦ ᠶᠠᠪᠤᠳᠠᠯ ᠪᠤᠯᠦᠨ᠎ᠠ᠃
ᠤᠬᠢᠶᠠᠯᠭ᠎ᠠ᠎ᠶᠢᠨ ᠡᠳ᠋᠎ᠢ ᠳᠤᠲᠠᠭᠤ ᠬᠡᠷᠡᠭᠯᠡᠬᠥ᠌᠃ ᠤᠬᠢᠶᠠᠯᠭ᠎ᠠ᠎ᠶᠢᠨ ᠡᠳ᠋᠂ ᠪᠢᠴᠢᠯ ᠰᠦᠯᠢᠶᠣᠣ ᠵᠡᠷᠭᠡ᠎ᠨᠢ ᠬᠥᠮᠦᠨ᠎ᠦ ᠪᠡᠶ᠎ᠡ᠎ᠶᠢᠨ ᠥᠩᠭᠡᠨ ᠬᠠᠯᠢᠰᠣᠨᠤ ᠡᠰ᠎ᠦᠨ ᠬᠠᠯᠬᠠᠪᠴᠢ᠎ᠶᠢ ᠡᠪᠳᠡᠵᠦ᠍᠂ ᠬᠥᠮᠦᠨ᠎ᠦ ᠪᠡᠶ᠎ᠡ᠎ᠶᠢᠨ ᠡᠬᠡᠯᠢᠯᠡᠬᠡᠶᠢᠨ ᠲᠡᠩᠴᠡᠭᠦᠷᠢ᠎ᠶᠢ ᠠᠯᠳᠠᠭᠤᠯᠵᠤ᠂ ᠬᠠᠷᠰᠢᠯᠢ ᠲᠦᠷᠭᠡᠳᠬᠡᠨ᠎ᠡ᠃ ᠬᠠᠷᠰᠢᠯᠢ ᠰᠡᠷᠭᠡᠶ᠋ᠢᠯᠡᠬᠦ᠌᠎ᠶᠢᠨ ᠲᠥᠯᠥᠭᠡ ᠬᠥᠮᠦᠰ ᠠᠮᠢᠳᠤᠷᠠᠯ ᠳᠤᠮᠳᠠ᠎ᠪᠠᠨ ᠤᠬᠢᠶᠠᠯᠭ᠎ᠠ᠎ᠶᠢᠨ ᠡᠳ᠋ ᠬᠡᠷᠡᠭᠯᠡᠬᠦ᠌᠎ᠪᠡᠨ ᠪᠠᠭᠠᠰᠬᠠᠵᠤ᠂ ᠨᠢᠭᠡ ᠡᠳᠦᠷ ᠬᠡᠲᠦ᠍ ᠤᠳᠠᠭ᠎ᠠ ᠪᠡᠶ᠎ᠡ ᠤᠬᠢᠶᠠᠬᠤ ᠵᠡᠷᠭᠡ ᠬᠡᠲᠦᠷᠬᠡᠶ ᠶᠡᠬᠡ ᠠᠷᠢᠭᠤᠨ ᠴᠡᠪᠡᠷ ᠠᠮᠢᠳᠤᠷᠠᠯ᠎ᠤᠨ ᠠᠷᠭ᠎ᠠ ᠮᠠᠶᠢᠭ᠎ᠠᠴᠠ ᠵᠠᠶ᠋ᠢᠯᠠᠰᠬᠢᠵᠦ᠍᠂ ᠰᠠᠪᠤᠩ᠎ᠢᠶᠠᠷ ᠤᠬᠢᠶᠠᠯᠭ᠎ᠠ᠎ᠶᠢᠨ ᠡᠳ᠋᠎ᠢ ᠣᠷᠣᠯᠠᠭᠤᠯᠵᠤ ᠪᠣᠯᠤᠨ᠎ᠠ᠃
ᠪᠠᠶ᠋ᠢᠭᠠᠯᠢᠯᠢᠭ ᠢᠳᠡᠭᠡᠨ᠎ᠢ ᠰᠣᠩᠭᠣᠬᠤ᠃ ᠪᠠᠶ᠋ᠢᠭᠠᠯᠢᠯᠢᠭ ᠢᠳᠡᠭᠡᠨ᠎ᠢ ᠢᠯᠡᠬᠥᠭᠡᠨ ᠢᠳᠡᠵᠦ᠍᠂ ᠠᠯᠢ ᠴᠢᠲᠠᠬᠤ᠎ᠪᠠᠷ ᠭᠠᠳᠠᠨ᠎ᠠ ᠡᠴᠠ ᠬᠤᠭᠣᠯᠠ ᠲᠠᠭᠤᠲᠠᠵᠤ ᠢᠲᠡᠬᠥ᠌ ᠦᠬᠡᠢ᠂ ᠡᠳ᠋ᠰᠢᠭᠦᠯᠦᠭᠰᠡᠨ ᠢᠳᠡᠭᠡᠨ᠎ᠢ ᠪᠠᠭ᠎ᠠ ᠢᠳᠡᠵᠦ᠍᠂ ᠢᠯᠵᠢᠷᠡᠬᠦ᠌ᠶᠢ ᠰᠡᠷᠭᠡᠶ᠋ᠢᠯᠡᠬᠦ᠌ ᠡᠳ᠋ ᠪᠤᠶᠤ ᠨᠡᠮᠡᠯᠲᠡ ᠡᠳ᠋ ᠬᠡᠳᠤ ᠶᠡᠬᠡ ᠠᠭᠤᠯᠤᠭᠰᠠᠨ ᠢᠳᠡᠭᠡᠨ᠎ᠢ ᠢᠳᠡᠬᠦ᠌ ᠡᠴᠠ ᠪᠤᠯᠭᠤᠮᠵᠢᠯᠠᠬᠤ ᠬᠡᠷᠡᠭᠲᠡᠶ᠃
ᠪᠡᠶ᠎ᠡ᠎ᠶᠢᠨ᠎ᠢᠶᠡᠨ ᠡᠬᠡᠯᠢᠯᠡᠬᠦ ᠴᠢᠳᠠᠯ᠎ᠢ ᠳᠡᠭᠡᠭᠰᠢᠯᠡᠭᠦᠯᠬᠦ᠃ ᠬᠥᠮᠦᠨ᠎ᠦ ᠪᠡᠶ᠎ᠡ ᠴᠤᠭᠴᠠ᠎ᠶᠢᠨ ᠡᠬᠡᠯᠢᠯᠡᠬᠦ ᠴᠢᠳᠠᠯ ᠮᠠᠭᠤᠲᠠᠬᠤ᠎ᠳᠤ ᠬᠦᠷᠪᠡᠯ ᠭᠠᠳᠠᠨ᠎ᠠ᠎ᠠᠴᠠ ᠣᠷᠣᠵᠤ ᠢᠷᠡᠬᠥ᠌ ᠴᠡᠴᠡᠭ᠎ᠦᠨ ᠲᠣᠭᠣᠰᠣ ᠵᠡᠷᠭᠡ ᠪᠣᠳᠠᠰ᠎ᠢ ᠠᠷᠭᠠᠴᠠᠭᠠᠬᠤ ᠴᠢᠲᠠᠪᠤᠷᠢ ᠠᠯᠲᠠᠭᠲᠠᠵᠤ᠂ ᠤᠯᠠᠮ᠎ᠢᠶᠠᠷ ᠪᠦᠬᠦ᠌ ᠪᠡᠶᠡᠳᠦ ᠦᠷᠪᠢᠰᠦᠯ᠎ᠦᠨ ᠤᠷᠪᠠᠯ ᠡᠬᠥᠰᠭᠡᠵᠤ ᠬᠠᠷᠰᠢᠮᠠᠲᠠᠭᠠᠢ ᠴᠢᠨᠠᠷᠲᠠᠢ ᠪᠤᠯᠭᠠᠵᠤ ᠮᠡᠳᠡᠨ᠎ᠡ᠃ ᠬᠠᠷᠰᠢᠯ᠎ᠠᠴᠠ ᠰᠡᠷᠭᠡᠢᠯᠡᠬᠦ᠌᠎ᠶᠢᠨ ᠲᠥᠯᠥᠭᠡ ᠸᠢᠲ᠋ᠠᠮᠢᠨ ᠨᠥᠬᠥᠪᠥᠷᠢᠯᠡᠵᠦ᠍᠂ ᠨᠡᠷᠡᠨ᠎ᠳᠦ ᠰᠠᠶ᠋ᠢᠲᠤᠷ ᠡᠬᠡᠭᠡᠬᠥ᠌᠂ ᠢᠯᠡᠭᠦᠦ ᠬᠥᠳᠡᠯᠭᠡᠭᠡᠨ ᠬᠢᠬᠥ᠎ᠪᠡᠷ ᠲᠡᠮᠵᠢᠨ ᠮᠠᠬᠠᠪᠤᠳ ᠪᠡᠶ᠎ᠡ᠎ᠶᠢᠨ᠎ᠢᠶᠡᠨ ᠦᠯᠦ᠍ ᠬᠠᠯᠳᠠᠭᠠᠬᠤ ᠴᠢᠳᠠᠪᠤᠷᠢ᠎ᠶᠢ ᠲᠡᠭᠡᠭᠰᠢᠯᠡᠬᠥᠯᠬᠥ᠌ ᠬᠡᠷᠡᠭᠲᠠᠢ᠃
ᠠᠮᠢᠳᠤᠷᠠᠯ᠎ᠤᠨ ᠨᠠᠷᠢᠨ ᠵᠤᠢᠯᠠᠰᠢ ᠠᠩᠬᠠᠷᠬᠤ᠃ ᠬᠣᠭ ᠲᠤᠭᠤᠰᠤ ᠬᠠᠴᠢᠭ ᠬᠤᠷᠤᠬᠠᠢ᠎ᠳᠤ ᠬᠠᠷᠰᠢᠬᠤ ᠡᠪᠡᠳᠴᠢᠲᠡᠨ ᠬᠡᠷ᠎ᠲᠡᠬᠡᠨ ᠰᠠᠯᠬᠢ ᠵᠢᠪᠠᠷ ᠨᠡᠪᠲᠡᠷᠡᠭᠦᠯᠬᠦ᠌᠎ᠶᠢ ᠪᠠᠲᠤᠯᠠᠬᠤ ᠬᠡᠷᠡᠭᠲᠡᠶ᠂ ᠴᠢᠳᠠᠬᠤ᠎ᠶᠢᠨ ᠳᠣᠲᠣᠷ᠎ᠠ ᠪᠥᠰ ᠤᠷᠠᠯᠠᠯ᠎ᠤᠨ ᠪᠦᠲᠦᠭᠡᠭᠳᠡᠬᠦᠨ ᠬᠡᠷᠡᠭᠯᠡᠵᠦ᠍ ᠪᠣᠯᠬᠤ ᠥᠬᠡᠶ;ᠴᠡᠴᠡᠭ᠎ᠤᠨ ᠲᠣᠭᠣᠰᠣᠨ᠎ᠳᠤ ᠬᠠᠷᠰᠢᠬᠤ ᠡᠪᠡᠳᠴᠢᠲᠡᠨ ᠲᠤᠬᠠᠶ᠎ᠶᠢᠨ ᠭᠠᠵᠠᠷ ᠤᠷᠤᠨ᠎ᠤ᠎ᠪᠠᠨ ᠴᠠᠭ ᠠᠭᠤᠷ᠎ᠤᠨ ᠪᠠᠶ᠋ᠢᠳᠠᠯ᠎ᠢ ᠰᠠᠶ᠋ᠢᠨ ᠠᠩᠬᠠᠷᠬᠤ ᠬᠡᠷᠡᠭᠲᠡᠢ;ᠬᠥᠭᠡᠴᠦ᠎ᠳᠦ ᠬᠠᠷᠰᠢᠬᠤ ᠡᠪᠡᠳᠴᠢᠲᠡᠨ ᠭᠡᠷ ᠳᠣᠲᠣᠷᠠᠬᠢ ᠴᠢᠭᠢᠭ᠎ᠦᠨ ᠬᠡᠮᠵᠢᠶ᠎ᠡ᠎ᠶᠢ ᠬᠢᠵᠠᠭᠠᠷᠯᠠᠵᠤ᠂ ᠰᠠᠯᠬᠢ ᠨᠡᠪᠲᠡᠷᠡᠭᠦᠯᠬᠦ᠌᠎ᠶᠢ ᠪᠠᠲᠤᠯᠠᠵᠤ᠂ ᠥᠷᠭᠦᠭᠡ ᠭᠡᠷ᠎ᠲᠡᠬᠡᠨ ᠴᠡᠴᠡᠭ ᠬᠤᠸᠠᠷ ᠲᠡᠵᠢᠭᠡᠨ ᠠᠷᠠᠴᠢᠯᠠᠵᠤ ᠪᠣᠯᠬᠣ ᠦᠭᠡᠢ; ᠴᠡᠴᠡᠭ᠎ᠦᠨ ᠲᠣᠭᠣᠰᠣ ᠪᠠ ᠢᠳᠡᠭᠡᠨ ᠤᠮᠳᠠᠭᠠᠨ᠎ᠳᠤ ᠰᠣᠯᠪᠢᠴᠠᠨ ᠬᠠᠷᠰᠢᠬᠤ ᠡᠪᠡᠳᠴᠢᠲᠡᠨ 《ᠢᠳᠡᠭᠡᠨ᠎ᠦ ᠠᠮᠢᠳᠤᠷᠠᠯ᠎ᠤᠨ ᠡᠳᠦᠷ᠎ᠦᠨ ᠲᠡᠮᠳᠡᠭᠯᠡᠯ》 ᠬᠢᠵᠤ ᠪᠣᠯᠤᠨ᠎ᠠ᠂ ᠶᠠᠮᠠᠷ ᠵᠦᠢᠯ᠎ᠦᠨ ᠴᠡᠴᠡᠭ ᠦᠨ ᠲᠣᠭᠣᠰᠣ ᠳᠡᠯᠭᠡᠷᠡᠬᠦ᠌ ᠦᠶ᠎ᠡ᠎ᠳᠦ ᠶᠠᠮᠠᠷ ᠵᠦᠢᠯ᠎ᠦᠨ ᠢᠳᠡᠭᠡᠨ ᠢᠳᠡᠪᠡᠯ ᠬᠣᠭᠣᠯᠠᠶ ᠵᠠᠭᠠᠲᠤᠨᠠᠬᠤ ᠵᠡᠷᠭᠡ ᠠᠰᠠᠭᠤᠳᠠᠯ ᠭᠠᠷᠴᠤ᠌ ᠪᠠᠶ᠋ᠢᠪᠠᠯ ᠬᠣᠵᠢᠮ ᠲᠡᠷᠡ ᠢᠳᠡᠭᠡᠨ᠎ᠢᠶᠡᠨ ᠢᠳᠡᠬᠦ᠌᠎ᠡᠴᠡ ᠪᠤᠯᠭᠤᠮᠵᠢᠯᠠᠬᠤ ᠬᠡᠷᠡᠭᠲᠡᠶ᠃
ᠤᠷᠤᠨ ᠰᠠᠭᠤᠴᠠ᠎ᠶᠢᠨ ᠤᠷᠴᠢᠨ ᠲᠤᠭᠤᠷᠢᠨ᠎ᠤ ᠨᠤᠭᠤᠭᠠᠷᠠᠭᠤᠯᠤᠯᠲᠠ᠎ᠶᠢ ᠰᠤᠩᠭᠤᠯᠲᠠ ᠲᠠᠢ ᠰᠠᠶ᠋ᠢᠨ ᠬᠢᠬᠥ᠌᠃ ᠠᠭᠤᠷ ᠠᠮᠢᠰᠬᠤᠯ᠎ᠤᠨ ᠬᠤᠪᠢᠷᠡᠯᠲᠡ ᠨᠢ ᠬᠠᠷᠰᠢᠮᠠᠲᠠᠭᠠᠢ ᠴᠢᠨᠠᠷᠲᠠᠢ ᠡᠪᠡᠳᠴᠢᠨ᠎ᠢ ᠲᠦᠷᠭᠡᠨ ᠨᠡᠮᠡᠭᠲᠡᠬᠥᠯᠬᠥᠶᠢᠨ ᠴᠢᠬᠤᠯᠠ ᠰᠢᠯᠲᠠᠭᠠᠨ ᠪᠤᠯᠵᠤ ᠪᠠᠶ᠋ᠢᠲᠠᠭ᠂ ᠡᠨᠡ ᠨᠢ ᠪᠤᠬᠢᠷᠲᠤᠯ ᠦᠭᠡᠢ ᠰᠢ᠌ᠳᠪᠤᠷᠢᠯᠡᠬᠥ᠌ ᠲᠦᠰᠤᠯ ᠨᠢ 《ᠲᠡᠯᠡᠬᠡᠢ᠎ᠶᠢᠨ ᠪᠦᠮᠪᠤᠷᠴᠡᠭᠢ ᠪᠤᠬᠢᠷᠲᠤᠯ ᠦᠭᠡᠢ᠎ᠪᠠᠷ ᠡᠭᠡᠬᠥᠯᠤᠨ ᠪᠤᠴᠠᠭᠠᠬᠤ》 ᠶᠤᠰᠤ ᠤᠴᠢᠷ᠎ᠢ ᠬᠠᠷᠠᠭᠤᠯᠵᠤ ᠪᠠᠶ᠋ᠢᠨ᠎ᠠ᠃ ᠬᠠᠷᠰᠢᠮᠠᠲᠠᠭᠠᠶ ᠴᠢᠨᠠᠷᠲᠠᠢ ᠡᠪᠡᠳᠴᠢᠲᠡᠨ ᠤᠷᠭᠤᠮᠠᠯ᠎ᠤᠨ ᠪᠦᠷᠬᠥᠪᠴᠢ᠎ᠪᠠᠷ ᠰᠠᠶ᠋ᠢᠨ ᠭᠠᠵᠠᠷ ᠤᠷᠤᠨ ᠢ᠋ ᠰᠤᠩᠭᠤᠨ ᠠᠮᠢᠲᠤᠷᠠᠬᠤ ᠡᠰᠡᠬᠥᠯᠡ ᠲᠤᠬᠠᠢ᠎ᠶᠢᠨ ᠭᠠᠵᠠᠷ ᠨᠤᠲᠤᠭ᠎ᠲᠠᠭᠠᠨ ᠤᠯᠠᠨ ᠲᠦᠷᠤᠯ᠎ᠤᠨ ᠮᠤᠲᠣ ᠲᠠᠷᠢᠵᠤ ᠪᠤᠯᠤᠨ᠎ᠠ᠃ ᠤᠷᠭᠤᠮᠠᠯ᠎ᠤᠨ ᠬᠤᠴᠢᠯᠠᠭᠠᠰᠠᠶ᠋ᠢᠲᠠᠢ ᠭᠠᠵᠠᠷ ᠤᠷᠤᠨ ᠨᠢ ᠨᠡᠩ ᠤᠯᠠᠨ ᠪᠢᠯᠢᠭ ᠬᠦᠴᠢᠯᠲᠦ᠋ᠷᠦᠭᠴᠢᠲᠦ᠍ ᠢᠶᠤᠨ᠎ᠢ ᠢᠯᠭᠠᠷᠠᠭᠤᠯᠵᠤ᠂ ᠨᠡᠬᠥᠷᠡᠰᠤᠲᠦ᠋ᠷᠤᠭ᠌ᠴᠢᠶᠢᠨ ᠲᠠᠪᠬᠤᠷ ᠢᠰᠤᠯ ᠪᠤᠯᠤᠨ ᠠᠭᠠᠷ ᠮᠠᠨᠲᠣᠯᠤᠨ ᠪᠤᠬᠢᠷᠲᠤᠯ᠎ᠢ ᠪᠠᠭᠠᠰᠬᠠᠨ᠂ ᠬᠦᠮᠤᠰ᠎ᠤᠨ ᠠᠮᠢᠲᠤᠷᠠᠯ᠎ᠤᠨ ᠤᠷᠴᠢᠨ ᠨᠦᠬᠥᠴᠡᠯ ᠪᠤᠯᠤᠨ ᠠᠮᠢᠲᠤᠷᠠᠯ᠎ᠤᠨ ᠶᠠᠰᠤ ᠴᠢᠨᠠᠷ᠎ᠢ ᠲᠡᠭᠡᠭᠰᠢᠯᠡᠬᠥᠯᠤᠨ᠂ ᠨᠡᠩ ᠦᠷᠭᠡᠨ ᠲᠠᠪᠬᠤᠷᠭ᠎ᠠ ᠡᠴᠠ ᠬᠠᠷᠰᠢᠬᠤ᠎ᠶᠢ ᠤᠷᠢᠳᠴᠢᠯᠠᠨ ᠰᠡᠷᠭᠡᠶ᠋ᠢᠯᠡᠵᠤ ᠴᠢᠲᠠᠬᠤ ᠪᠤᠯᠭᠠᠨ᠎ᠠ᠃
(《ᠡᠷᠡᠬᠥᠯ ᠮᠡᠨᠲᠣ ᠴᠠᠭ᠎ᠤᠨ ᠰᠤᠨᠢᠨ》 ᠡᠴᠠ ᠤᠷᠴᠢᠭᠤᠯᠤᠨ ᠨᠠᠢᠷᠠᠭᠤᠯᠪᠠ)