ᠰᠤᠷᠪᠤᠯᠵᠢᠯᠠᠭ᠍ᠴᠢ 27 ᠤ᠋ ᠡᠳᠦᠷ ᠤᠯᠤᠰ᠎ᠤᠨ ᠠᠯᠪᠠᠲᠠᠨ᠎ᠤ ᠲᠣᠪᠴᠢᠶ᠎ᠠ᠎ᠡᠴᠡ ᠣᠢᠯᠠᠭᠠᠭ᠍ᠰᠠᠨ᠎ᠢᠶᠠᠷ᠂ 2026 ᠣᠨ᠎ᠤ ᠲᠥᠪ᠎ᠦᠨ ᠠᠯᠪᠠᠨ ᠪᠠᠢᠭᠤᠯᠭ᠎ᠠ᠎ᠶ᠋ᠢᠨ ᠠᠯᠪᠠᠲᠠᠨ᠎ᠢ ᠢᠯᠡ᠎ᠪᠡᠷ ᠱᠢᠯᠢᠨ ᠰᠣᠩᠭᠣᠬᠤ ᠪᠠ ᠰᠣᠩᠭᠣᠨ ᠲᠤᠮᠢᠯᠠᠬᠤ ᠰᠢᠯᠭᠠᠯᠲᠠ᠎ᠶᠢᠨ ᠨᠡᠷ᠎ᠡ ᠮᠡᠳᠡᠭᠦᠯᠬᠦ ᠠᠵᠢᠯ 10 ᠰᠠᠷ᠎ᠠ᠎ᠶ᠋ᠢᠨ 28᠎ᠤ᠋ ᠡᠳᠦᠷ᠎ᠦᠨ 8᠄ 00 ᠴᠠᠭ ᠡᠴᠡ ᠡᠭᠢᠯᠡᠪᠡ᠂ ᠱᠢᠯᠭᠠᠭᠤᠯᠤᠭ᠍ᠴᠢ 11 ᠰᠠᠷ᠎ᠠ᠎ᠶ᠋ᠢᠨ 6᠎ᠤ᠋ ᠡᠳᠦᠷ᠎ᠦᠨ 18᠄ 00 ᠴᠠᠭ ᠪᠣᠯᠲᠠᠯ᠎ᠠ 《2026 ᠣᠨ᠎ᠤ ᠲᠥᠪ᠎ᠦᠨ ᠠᠯᠪᠠᠨ ᠪᠠᠢᠭᠤᠯᠭ᠎ᠠ᠎ᠶ᠋ᠢᠨ ᠠᠯᠪᠠᠲᠠᠨ ᠢᠯᠡ᠎ᠪᠡᠷ ᠱᠢᠯᠢᠨ ᠰᠣᠩᠭᠣᠬᠤ ᠪᠠ ᠰᠣᠩᠭᠣᠨ ᠲᠤᠮᠢᠯᠠᠬᠤ ᠲᠤᠰᠭᠠᠶ ᠰᠦᠯᠵᠢᠶ᠎ᠡ》 (http᠄ / / subb.scs.gov.cn / lx2026) ᠳᠡᠭᠡᠷ᠎ᠡ ᠨᠡᠷ᠎ᠡ ᠮᠡᠳᠡᠭᠦᠯᠵᠦ᠍ ᠪᠣᠯᠤᠨ᠎ᠠ᠂ ᠪᠢᠷ᠎ᠦᠨ ᠱᠢᠯᠭᠠᠯᠲᠠ᠎ᠶ᠋ᠢ 11 ᠰᠠᠷ᠎ᠠ᠎ᠶ᠋ᠢᠨ 29᠎ᠤ᠋ ᠡᠳᠦᠷ ᠪᠥᠬᠥ᠌ ᠤᠯᠤᠰ᠎ᠤᠨ ᠡᠯ᠎ᠡ ᠰᠢᠭᠤᠳ ᠬᠠᠷᠢᠶ᠎ᠠ ᠬᠤᠲᠠ᠂ ᠮᠤᠵᠢ᠎ᠶᠢᠨ ᠲᠦᠪ ᠪᠠ ᠥᠪᠡᠷᠲᠡᠭᠡᠨ ᠵᠠᠰᠠᠬᠤ ᠤᠷᠤᠨ᠎ᠤ ᠲᠦᠪ᠎ᠲᠦ ᠵᠡᠷᠭᠡ᠎ᠪᠡᠷ ᠶᠠᠪᠤᠭᠳᠠᠭᠤᠯᠤᠨ᠎ᠠ᠃
ᠣᠢᠯᠠᠭᠠᠭ᠍ᠰᠠᠨ᠎ᠢᠶᠠᠷ᠂ ᠲᠣᠰ ᠤᠳᠠᠭᠠᠨ᠎ᠤ ᠢᠯᠡ᠎ᠪᠡᠷ ᠱᠢᠯᠢᠨ ᠰᠣᠩᠭᠣᠬᠤ ᠪᠠ ᠰᠣᠩᠭᠣᠨ ᠲᠤᠮᠢᠯᠠᠬᠤ ᠲᠥᠪ᠎ᠤᠨ ᠪᠠᠢᠭᠤᠯᠭ᠎ᠠ᠎ᠳᠤ ᠨᠡᠢᠲᠡ 35 ᠰᠠᠯᠠᠭ᠎ᠠ ᠮᠥᠴᠢᠷ ᠣᠷᠣᠯᠴᠠᠵᠤ᠂ 279 ᠬᠥᠮᠦᠨ᠎ᠢ ᠱᠢᠯᠢᠨ ᠰᠣᠩᠭᠣᠬᠤ᠎ᠪᠠᠷ ᠲᠥᠯᠥᠪᠯᠡᠵᠦ᠍ ᠪᠠᠢᠨ᠎ᠠ᠃ ᠡᠭᠦᠨ᠎ᠳᠦ᠂ ᠢᠯᠡ᠎ᠪᠡᠷ ᠱᠢᠯᠢᠨ ᠰᠣᠩᠭᠣᠬᠤ ᠲᠤᠱᠢᠶᠠᠯ᠎ᠤᠨ ᠪᠠᠢᠷᠢ᠎ᠳᠤ ᠭᠠᠵᠠᠷ᠎ᠤᠨ ᠳᠠᠷᠤᠭ᠎ᠠ᠎ᠶ᠋ᠢᠨ ᠲᠤᠱᠢᠶᠠᠯ ᠪᠠ ᠨᠢᠭᠡᠳᠦᠭᠡᠷ ᠳᠡᠰ᠎ᠤᠨ ᠪᠠᠢᠴᠠᠭᠠᠨ ᠰᠤᠳᠤᠯᠤᠭ᠍ᠴᠢ ᠵᠢᠴᠢ ᠲᠡᠭᠦᠨ᠎ᠡᠴᠡ ᠳᠣᠷᠣᠭ᠍ᠰᠢᠬᠢ ᠲᠤᠱᠢᠶᠠᠯ᠎ᠤᠨ ᠲᠠᠰ᠎ᠢ ᠪᠠᠭ᠍ᠲᠠᠭᠠᠵᠤ᠂ 266 ᠬᠥᠮᠦᠨ᠎ᠢ ᠱᠢᠯᠢᠨ ᠰᠣᠩᠭᠣᠬᠤ᠎ᠪᠠᠷ ᠲᠥᠯᠥᠪᠯᠡᠵᠦ᠍ ᠪᠣᠶ; ᠢᠯᠡ᠎ᠪᠡᠷ ᠰᠣᠩᠭᠣᠨ ᠲᠤᠮᠢᠯᠠᠬᠤ ᠲᠤᠱᠢᠶᠠᠯ᠎ᠤᠨ ᠪᠠᠢᠷᠢ ᠨᠢ ᠭᠤᠷᠪᠠᠳᠤᠭᠠᠷ ᠳᠡᠰ᠂ ᠳᠥᠷᠪᠡᠳᠦᠭᠡᠷ ᠳᠡᠰ᠎ᠤᠨ ᠪᠠᠢᠴᠠᠭᠠᠨ ᠰᠤᠳᠤᠯᠤᠭ᠍ᠴᠢ᠎ᠶ᠋ᠢᠨ ᠲᠤᠱᠢᠶᠠᠯ᠎ᠤᠨ ᠳᠡᠰ ᠪᠠᠢᠵᠤ᠂ 13 ᠬᠥᠮᠦᠨ᠎ᠢ ᠰᠣᠩᠭᠣᠨ ᠲᠤᠮᠢᠯᠠᠬᠤ ᠪᠡᠷ ᠲᠥᠯᠥᠪᠯᠡᠵᠦ᠍ ᠪᠠᠢᠨ᠎ᠠ᠃
ᠲᠣᠰ ᠤᠳᠠᠭᠠᠨ᠎ᠤ ᠢᠯᠡ᠎ᠪᠡᠷ ᠱᠢᠯᠢᠨ ᠰᠣᠩᠭᠣᠬᠤ ᠪᠠ ᠰᠣᠩᠭᠣᠨ ᠲᠤᠮᠢᠯᠠᠬᠤ ᠠᠵᠢᠯ᠎ᠳᠤ ᠰᠢ ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠣᠯᠭ᠎ᠠ ᠪᠣᠯᠭᠠᠬᠤ᠎ᠶ᠋ᠢ ᠪᠠᠷᠢᠮᠲᠠᠯᠠᠵᠤ᠂ ᠨᠠᠮ᠎ᠤᠨ ᠬᠣᠷᠢᠳᠤᠭᠠᠷ ᠶᠡᠬᠡ ᠬᠤᠷᠠᠯ ᠪᠠ ᠬᠣᠷᠢᠳᠤᠭᠠᠷ ᠬᠤᠭᠤᠴᠠᠭᠠᠨ᠎ᠤ ᠤᠳᠠᠭ᠎ᠠ ᠪᠦᠷᠢ᠎ᠶ᠋ᠢᠨ ᠪᠥᠬᠥᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ 《ᠪᠥᠬᠥ᠌ ᠤᠯᠤᠰ᠎ᠤᠨ ᠠᠯᠪᠠᠲᠠᠨ᠎ᠤ ᠡᠩᠨᠡᠭᠡ᠎ᠶ᠋ᠢᠨ ᠪᠠᠢᠭᠤᠯᠤᠯᠲᠠ᠎ᠶ᠋ᠢᠨ ᠲᠥᠯᠥᠪᠵᠢᠭᠦᠯᠭᠡ᠎ᠶ᠋ᠢᠨ ᠬᠥᠲᠥᠯᠪᠦᠷᠢ (2024 — 2028 ᠣᠨ)》 ᠶ᠋ᠢᠨ ᠬᠣᠯᠪᠣᠭ᠍ᠳᠠᠯ ᠪᠥᠬᠥᠶ ᠪᠠᠢᠷᠢᠯᠠᠭᠤᠯᠤᠯᠲᠠ ᠱᠠᠭᠠᠷᠳᠠᠯᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠬᠥᠮᠦᠨ ᠰᠣᠩᠭᠣᠨ ᠬᠡᠷᠡᠭ᠌ᠯᠡᠬᠦ᠌ ᠵᠥᠪ ᠤᠳᠤᠷᠢᠳᠤᠮᠵᠢ᠎ᠶ᠋ᠢ ᠢᠯᠡ ᠲᠣᠳᠣ ᠪᠣᠶ ᠪᠣᠯᠭᠠᠵᠤ᠂ ᠱᠢᠨ᠎ᠡ ᠴᠠᠭ ᠦᠶ᠎ᠡ᠎ᠶ᠋ᠢᠨ ᠰᠠᠢᠨ ᠺᠠᠳ᠋ᠷ᠎ᠤᠨ ᠪᠠᠷᠢᠮᠵᠢᠶ᠎ᠠ᠎ᠶ᠋ᠢ ᠪᠠᠷᠢᠮᠲᠠᠯᠠᠵᠤ᠂ ᠤᠯᠤᠰ ᠲᠥᠷᠥ᠎ᠶ᠋ᠢᠨ ᠲᠠᠯ᠎ᠠ ᠪᠠᠷ ᠪᠠᠲᠤ ᠴᠢᠩᠭ᠎ᠠ᠂ ᠵᠣᠷᠢᠭ᠍ᠲᠠᠶ᠎ᠪᠠᠷ ᠬᠠᠷᠢᠭᠤᠴᠠᠯᠭ᠎ᠠ ᠡᠭᠦᠷᠭᠡᠯᠡᠬᠦ᠌᠂ ᠡᠷᠡᠰ ᠱᠢᠭᠤᠷᠬᠠᠶ᠎ᠪᠠᠷ ᠥᠭᠡᠷᠡᠴᠢᠯᠡᠯᠲᠡ ᠬᠢᠬᠦ᠌᠂ ᠪᠣᠳᠠᠲᠤ ᠠᠮᠵᠢᠯᠲᠠ᠎ᠪᠠᠷ ᠲᠣᠪᠣᠢᠮ᠎ᠠ᠂ ᠲᠥᠪ ᠭᠤᠤᠯᠴᠢ ᠠᠷᠢᠭᠤᠨ ᠴᠢᠬᠡᠴᠢ ᠠᠯᠪᠠᠲᠠᠨ᠎ᠢ ᠬᠦᠴᠦᠯᠡᠨ ᠱᠢᠯᠢᠨ ᠳᠡᠪᠱᠢᠭᠦᠯᠬᠦ᠌ ᠬᠡᠷᠡᠭ᠌ᠲᠡᠶ᠃ ᠤᠯᠤᠰ ᠲᠥᠷᠥ᠎ᠶ᠋ᠢᠨ ᠪᠠᠷᠢᠮᠵᠢᠶ᠎ᠠ᠎ᠶ᠋ᠢ ᠳᠣᠪᠣᠢᠯᠭᠠᠵᠤ᠂ ᠨᠡᠷ᠎ᠡ ᠮᠡᠳᠡᠭᠦᠯᠦᠨ ᠲᠠᠨᠢᠯᠴᠠᠭᠤᠯᠬᠤ ᠦᠶ᠎ᠡ᠎ᠳᠦ ᠵᠣᠬᠢᠶᠠᠨ ᠪᠠᠢᠭᠤᠯᠤᠯᠲᠠ᠎ᠶ᠋ᠢᠨ ᠬᠠᠷᠢᠭᠤᠴᠠᠬᠤ ᠬᠠᠷᠢᠭᠤᠴᠠᠯᠭ᠎ᠠ᠎ᠶ᠋ᠢ ᠪᠣᠳᠠᠲᠠᠢᠵᠢᠭᠤᠯᠵᠤ᠂ ᠱᠢᠯᠭᠠᠯᠲᠠ᠎ᠶ᠋ᠢᠨ ᠳᠤᠮᠳᠠ ᠨᠠᠮ᠎ᠤᠨ ᠱᠢᠨ᠎ᠡ ᠡᠭᠦᠳᠦᠯᠲᠡ᠎ᠶᠢᠨ ᠣᠨᠣᠯ᠎ᠢᠶᠠᠷ ᠵᠢᠯᠣᠭᠣᠳᠤᠨ ᠵᠠᠳᠠᠯᠬᠤ ᠪᠠ ᠠᠰᠠᠭᠤᠳᠠᠯ᠎ᠢ ᠱᠢᠶ᠋ᠳᠪᠦᠷᠢᠯᠡᠬᠦ᠌ ᠴᠢᠳᠠᠪᠤᠷᠢ᠎ᠶ᠋ᠢ ᠭᠤᠤᠯᠳᠠᠯᠭ᠎ᠠ᠎ᠲᠠᠶ ᠱᠢᠯᠭᠠᠨ ᠪᠠᠢᠴᠠᠭᠠᠵᠤ᠂ ᠱᠢᠯᠭᠠᠨ ᠪᠠᠢᠴᠠᠭᠠᠬᠤ ᠳᠤᠮᠳᠠ ᠵᠢᠱ᠌ᠢᠭ᠌ᠳᠡᠭ᠌ᠴᠢ᠎ᠶ᠋ᠢᠨ ᠤᠯᠤᠰ ᠲᠥᠷᠥ᠎ᠶ᠋ᠢᠨ ᠪᠣᠭᠣᠮᠲᠠ᠂ ᠵᠠᠩ ᠰᠤᠷᠲᠠᠯ᠎ᠤᠨ ᠪᠣᠭᠣᠮᠲᠠ᠂ ᠴᠢᠳᠠᠪᠤᠷᠢ᠎ᠶ᠋ᠢᠨ ᠪᠣᠭᠣᠮᠲᠠ᠂ ᠰᠤᠷᠲᠠᠯ᠎ᠤᠨ ᠪᠣᠭᠣᠮᠲᠠ᠂ ᠠᠷᠢᠭᠤᠨ ᠴᠢᠬᠡᠴᠢ᠎ᠶ᠋ᠢᠨ ᠪᠣᠭᠣᠮᠲᠠ᠎ᠶ᠋ᠢ ᠴᠢᠩᠭ᠎ᠠ ᠠᠳᠭᠤᠬᠤ ᠬᠡᠷᠡᠭ᠌ᠲᠡᠶ᠃ ᠬᠥᠮᠦᠨ ᠣᠷᠣᠭᠤᠯᠬᠤ ᠠᠷᠭ᠎ᠠ ᠵᠠᠮ᠎ᠢ ᠥᠷᠭᠡᠳᠭᠡᠵᠦ᠍᠂ ᠠᠯᠪᠠᠳᠠᠨ᠎ᠤ ᠬᠠᠤᠯᠢ᠎ᠪᠠᠷ ᠲᠣᠭ᠍ᠲᠠᠭᠠᠭ᠍ᠰᠠᠨ ᠠᠵᠢᠯ᠎ᠡᠴᠡ ᠪᠠᠭᠤᠬᠤ ᠨᠠᠰᠤ᠎ᠶ᠋ᠢ ᠠᠭᠠᠵᠢᠮ᠎ᠢᠶᠠᠷ ᠤᠷᠲᠤᠳᠭᠠᠬᠤ ᠬᠣᠯᠪᠣᠭ᠍ᠳᠠᠯ ᠪᠦᠬᠦᠢ ᠲᠦᠷᠦ᠍᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠬᠦ᠌ ᠱᠠᠭᠠᠷᠳᠠᠯᠭ᠎ᠠ ᠶᠣᠰᠣᠭᠠᠷ᠂ ᠢᠯᠡ᠎ᠪᠡᠷ ᠱᠢᠯᠢᠨ ᠰᠣᠩᠭᠣᠬᠤ ᠪᠠ ᠰᠣᠩᠭᠣᠨ ᠲᠤᠮᠢᠯᠠᠬᠤ ᠨᠠᠰᠤᠨ᠎ᠤ ᠨᠥᠬᠥᠴᠡᠯ᠎ᠢ ᠵᠣᠬᠢᠰᠲᠠᠢ᠎ᠪᠠᠷ ᠠᠭᠤᠵᠢᠭᠤ ᠪᠣᠯᠭᠠᠵᠤ ᠂ ᠬᠥᠮᠦᠨ ᠰᠣᠩᠭᠣᠬᠤ ᠬᠠᠷᠠᠭ᠎ᠠ ᠪᠠ ᠬᠡᠪᠴᠢᠶ᠎ᠡ᠎ᠶ᠋ᠢ ᠤᠯᠠᠮ ᠨᠢᠭᠡ ᠠᠯᠬᠤᠮ ᠥᠷᠭᠡᠳᠭᠡᠨ᠎ᠡ᠃ ᠦᠨᠳᠦᠰᠦᠨ ᠱᠠᠲᠤ᠎ᠪᠠᠷ ᠤᠳᠤᠷᠢᠳᠤᠮᠵᠢ ᠪᠣᠯᠭᠠᠬᠤ ᠪᠠ ᠡᠩᠨᠡᠭᠡ᠎ᠶ᠋ᠢ ᠲᠣᠭ᠍ᠲᠠᠭᠤᠨ ᠪᠠᠢᠯᠭᠠᠬᠤ᠎ᠶ᠋ᠢ ᠬᠠᠷᠢᠯᠴᠠᠨ ᠨᠢᠭᠡᠳᠭᠡᠬᠦ᠌᠂ ᠵᠣᠬᠢᠶᠠᠨ ᠪᠠᠢᠭᠤᠯᠤᠯᠲᠠ᠎ᠡᠴᠡ ᠲᠠᠨᠢᠯᠴᠠᠭᠤᠯᠬᠤ ᠪᠠ ᠥᠷᠢᠰᠥᠯᠳᠦᠭᠦᠯᠦᠨ ᠱᠢᠯᠢᠳᠡᠭ᠎ᠢ᠎ᠨᠢ ᠰᠣᠩᠭᠣᠬᠤ᠎ᠶ᠋ᠢ ᠬᠠᠷᠢᠯᠴᠠᠨ ᠤᠶᠠᠯᠳᠤᠭᠤᠯᠬᠤ᠎ᠶ᠋ᠢ ᠪᠠᠷᠢᠮᠲᠠᠯᠠᠵᠤ᠂ ᠵᠣᠬᠢᠬᠤ ᠬᠡᠪᠴᠢᠶ᠎ᠡ᠎ᠶ᠋ᠢ ᠪᠠᠷᠢᠮᠲᠠᠯᠠᠨ᠂ ᠳᠡᠭᠡᠳᠦ ᠱᠠᠲᠤᠨ᠎ᠤ ᠪᠠᠢᠭᠤᠯᠭ᠎ᠠ᠎ᠶ᠋ᠢᠨ ᠡᠩᠨᠡᠭᠡ᠎ᠶ᠋ᠢᠨ ᠪᠦᠲᠦᠴᠡ᠎ᠶ᠋ᠢ ᠱᠢᠯᠢᠳᠡᠭ᠌ᠵᠢᠭᠦᠯᠬᠦ᠌ ᠪᠠ ᠦᠨᠳᠦᠰᠦᠨ ᠱᠠᠲᠤᠨ᠎ᠤ ᠡᠩᠨᠡᠭᠡ᠎ᠶ᠋ᠢ ᠲᠣᠭ᠍ᠲᠠᠭᠤᠨ ᠪᠠᠢᠯᠭᠠᠬᠤ᠎ᠶ᠋ᠢ ᠬᠠᠮᠲᠤᠳᠤᠨᠢ ᠬᠠᠷᠠᠭᠠᠯᠵᠠᠬᠤ ᠬᠡᠷᠡᠭᠲᠡᠢ᠃
ᠤᠯᠤᠰ᠎ᠤᠨ ᠠᠯᠪᠠᠲᠠᠨ᠎ᠤ ᠲᠣᠪᠴᠢᠶ᠎ᠠ ᠡᠴᠡ᠂ ᠲᠣᠰ ᠤᠳᠠᠭᠠᠨ᠎ᠤ ᠱᠢᠯᠭᠠᠯᠲᠠ᠎ᠳᠤ ᠵᠢᠭᠠᠨ ᠵᠢᠯᠣᠭᠣᠳᠭᠤ ᠨᠣᠮ ᠪᠢᠴᠢᠭ᠎ᠢ ᠵᠢᠭᠠᠨ ᠲᠣᠭ᠍ᠲᠠᠭᠠᠬᠤ ᠥᠬᠡᠶ᠂ ᠶᠠᠮᠠᠷᠪᠠ ᠪᠠᠢᠭᠤᠯᠤᠮᠵᠢ ᠪᠤᠶᠤ ᠬᠤᠪᠢ ᠬᠥᠮᠦᠨ᠎ᠳᠦ ᠨᠠᠢᠳᠠᠨ ᠬᠠᠪᠰᠤᠷᠤᠨ ᠵᠢᠯᠣᠭᠣᠳᠭᠤ ᠪᠣᠯᠪᠠᠰᠤᠷᠠᠯ᠎ᠤᠨ ᠠᠩᠭᠢ ᠡᠷᠭᠢᠯᠡᠬᠦ᠌ ᠥᠬᠡᠶ᠃ ᠨᠡᠢᠭᠡᠮ ᠳᠡᠭᠡᠷᠡᠬᠢ ᠠᠯᠪᠠᠲᠠᠨ᠎ᠤ ᠱᠢᠯᠭᠠᠯᠲᠠ ᠪᠣᠯᠪᠠᠰᠤᠷᠠᠯ᠂ ᠰᠦᠯᠵᠢᠶ᠎ᠠ ᠪᠤᠶᠤ ᠬᠡᠪᠯᠡᠭ᠌ᠳᠡᠬᠦᠨ ᠵᠡᠷᠭᠡ᠎ᠳᠦ ᠥᠷᠭᠡᠨ ᠣᠯᠠᠨ ᠱᠢᠯᠭᠠᠭᠤᠯᠤᠭ᠍ᠴᠢ ᠰᠣᠨᠣᠷ ᠰᠡᠷᠡᠮᠵᠢ ᠪᠡᠨ ᠳᠡᠭᠡᠭ᠌ᠰᠢᠯᠡᠭᠦᠯᠵᠦ᠍᠂ ᠣᠶᠤᠨᠴᠢ᠎ᠪᠠᠷ ᠬᠠᠨᠳᠤᠵᠤ᠂ ᠮᠡᠬᠡᠯᠡᠭ᠌ᠳᠡᠬᠦ᠌ᠡᠴᠡ ᠵᠠᠢᠯᠠᠰᠭᠢᠵᠦ᠍᠂ ᠡᠷᠬᠡ ᠠᠱᠢᠭ ᠬᠣᠬᠢᠷᠠᠯ᠎ᠳᠤ ᠤᠴᠠᠷᠠᠬᠤ᠎ᠡᠴᠡ ᠰᠡᠷᠭᠡᠢᠯᠡᠭᠡᠷᠡᠶ ᠭᠡᠵᠦ ᠲᠥᠪ ᠴᠢᠩᠭ᠎ᠠ᠎ᠪᠠᠷ ᠰᠠᠨᠠᠭᠤᠯᠪᠠ᠃
(ᠱᠢᠨᠬᠤᠸᠠ ᠬᠣᠷᠢᠶ᠎ᠠ᠎ᠶᠢᠨ ᠪᠡᠭᠡᠵᠢᠩ᠎ᠦᠨ 10 ᠰᠠᠷ᠎ᠠ᠎ᠶ᠋ᠢᠨ 27᠎ᠤ᠋ ᠴᠠᠬᠢᠯᠭᠠᠨ ᠮᠡᠳᠡᠭᠡ)