​ᠮᠠᠯᠵᠢᠬᠤ ᠲᠠᠷᠢᠶᠠᠯᠠᠬᠤ ᠤᠷᠤᠨ ᠤ᠋ ᠱᠢᠯᠢᠳᠡᠭ ᠰᠠᠢᠨ ᠦᠢᠯᠡᠰ ᠪᠤᠰᠭᠠᠬᠤ ᠲᠦᠷᠦᠯ ᠵᠦᠢᠯ ᠵᠢᠴᠢ ᠴᠢᠳᠠᠪᠤᠷᠢᠲᠠᠨ ᠤ᠋ ᠲᠤᠬᠠᠢ ᠰᠢᠷᠢᠰ ᠮᠡᠳᠡᠬᠡᠯᠡᠯ ② ​—ᠮᠦᠷᠬᠦ ᠵᠢᠭᠠᠰᠤ 《ᠱᠤᠮᠪᠠᠯᠳᠤᠭᠰᠠᠨ》 ᠬᠤᠵᠢᠷᠯᠢᠭ ᠭᠠᠵᠠᠷ ᠤ᠋ᠨ ᠲᠠᠳᠠᠭᠠᠯ
2025-10-31 11:56:20
ᠵᠣᠬᠢᠶᠠᠭ᠍ᠴᠢ᠄
​ ᠼᠠᠢ ᠬᠤᠡᠭ
ᠣᠩᠱᠢᠭ᠍ᠰᠠᠨ ᠣᠳᠠᠭ᠎ᠠ᠄
★★★☆☆

—  ᠬᠠᠲᠤᠨ ᠭᠤᠤᠯ ᠳᠠᠭᠠᠤ ᠶ᠋ᠢᠨ ᠬᠤᠵᠢᠷᠯᠢᠭ ᠭᠠᠵᠠᠷ ᠢ᠋ ᠵᠠᠰᠠᠬᠰᠠᠨ 《ᠲᠢᠶᠠᠨ ᠶᠢᠤ ᠶ᠋ᠢᠨ ᠵᠠᠭᠪᠤᠷ》 ᠢ᠋ ᠲᠡᠮᠲᠡᠭᠯᠡᠪᠡ


266 ᠲᠤᠮᠤ ᠬᠡᠯᠪᠡᠷᠢ ᠶ᠋ᠢᠨ ᠲᠡᠵᠢᠭᠡᠨ ᠦᠷᠡᠵᠢᠭᠦᠯᠬᠦ ᠬᠦᠨᠦᠭ ᠲᠤ᠌ ᠠᠵᠤ ᠦᠢᠯᠡᠳᠪᠦᠷᠢᠴᠢᠯᠡᠨ ᠴᠡᠪᠡᠷᠰᠢᠭᠦᠯᠦᠭᠰᠡᠨ ᠤᠰᠤ ᠲᠠᠰᠤᠷᠠᠯᠲᠠ ᠦᠭᠡᠢ ᠡᠷᠬᠢᠯᠳᠦᠨ ᠤᠷᠴᠢᠵᠤ᠂ ᠬᠠᠳᠤᠨ ᠭᠤᠤᠯ ᠤ᠋ᠨ ᠤᠯᠠᠭᠠᠨ ᠰᠡᠭᠦᠯᠳᠦ ᠮᠦᠷᠬᠦ ᠵᠢᠭᠠᠰᠤ ᠤᠰᠤᠨ ᠡᠴᠡ ᠪᠠᠢᠨ ᠪᠠᠢᠨ ᠦᠰᠦᠷᠬᠢᠯᠡᠨ ᠭᠠᠷᠴᠤ ᠪᠤᠴᠠᠨ ᠱᠤᠩᠪᠠᠨ᠎ᠠ᠃

ᠡᠨᠡ ᠪᠤᠯ ᠬᠠᠲᠤᠨ ᠭᠤᠤᠯ ᠤ᠋ᠨ ᠬᠣᠢᠲᠤ ᠡᠷᠭᠢ ᠳ᠋ᠡᠬᠢ ᠲᠢᠶᠠᠨ ᠶᠢᠤ ᠠᠮᠢ ᠠᠬᠤᠶ ᠶ᠋ᠢᠨ ᠵᠢᠭᠠᠰᠤᠨ ᠲᠠᠯᠠᠪᠠᠶ ᠶ᠋ᠢᠨ ᠦᠵᠡᠭᠳᠡᠯ ᠪᠤᠯᠤᠨ᠎ᠠ ᠃ ᠲᠤᠰ ᠵᠢᠭᠠᠰᠤᠨ ᠲᠠᠯᠠᠪᠠᠢ ᠨᠢ ᠪᠤᠭᠤᠲᠤ ᠬᠣᠲᠠ ᠶ᠋ᠢᠨ ᠵᠢᠦᠶᠤᠸᠠᠨ ᠲᠣᠭᠣᠷᠢᠭ ᠤ᠋ᠨ ᠬᠣᠶᠠᠷᠬᠤᠳᠳᠤᠭ ᠪᠠᠯᠭᠠᠰᠤ ᠶ᠋ᠢᠨ ᠳᠠᠪᠤᠰᠤᠲᠠᠢ ᠲᠤᠰᠬᠤᠨ ᠳ᠋ᠤ ᠪᠠᠢᠷᠢᠰᠢᠵᠤ᠂ ᠤᠤᠯ ᠳ᠋ᠠᠭᠠᠨ 《ᠲᠠᠷᠢᠶᠠᠯᠠᠩ ᠤ᠋ᠨ ᠬᠤᠷᠢᠭᠠᠳᠤ ᠤᠷᠤᠨ》 ᠬᠡᠮᠡᠭᠳᠡᠭᠰᠡᠨ ᠬᠤᠵᠢᠷᠯᠢᠭ ᠭᠠᠵᠠᠷ ᠪᠠᠢᠵᠠᠢ᠃


QQ20251031-115259.png


ᠨᠠᠷᠠᠨ ᠬᠤᠸᠠᠷ ᠲᠠᠷᠢᠯ᠎ᠠ



QQ20251031-115320.png


ᠬᠠᠳᠤᠨ ᠭᠤᠤᠯ ᠤ᠋ᠨ ᠮᠦᠷᠬᠦ ᠵᠢᠭᠠᠰᠤ


QQ20251031-115331.png


ᠲᠢᠶᠠᠨ ᠶᠢᠤ ᠠᠮᠢ ᠠᠬᠤᠶ ᠶ᠋ᠢᠨ ᠵᠢᠭᠠᠰᠤᠨ ᠲᠠᠯᠠᠪᠠᠶ


ᠪᠤᠭᠤᠲᠤ ᠬᠤᠲᠠ ᠶ᠋ᠢᠨ ᠲᠢᠶᠠᠨ ᠶᠢᠤ ᠠᠮᠢ ᠠᠬᠤᠢ ᠶ᠋ᠢᠨ ᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠶ᠋ᠢᠨ ᠬᠢᠨ 《 ᠵᠢᠭᠠᠰᠤ ᠪᠡᠷ ᠬᠤᠵᠢᠷ ᠢ᠋ ᠵᠠᠰᠠᠬᠤ》 ᠰᠡᠳᠬᠢᠮᠵᠢ ᠪᠡᠷ 30 ᠭᠠᠷᠤᠢ ᠵᠢᠯ ᠬᠦᠴᠦᠯᠡᠨ ᠴᠢᠷᠮᠠᠢᠵᠤ᠂ ᠡᠳᠦᠭᠡ ᠨᠢᠭᠡᠨᠳᠡ 《ᠮᠦᠷᠬᠦᠴᠡ ᠪᠤᠢᠵᠢᠭᠤᠯᠬᠤ — ᠠᠮᠢ ᠠᠬᠤᠢ ᠶ᠋ᠢᠨ ᠲᠡᠵᠢᠭᠡᠨ ᠦᠷᠡᠵᠢᠭᠦᠯᠬᠦ —  ᠲᠦᠬᠦᠭᠡᠷᠴᠤ ᠪᠤᠷᠤᠯᠠᠭᠤᠯᠬᠤ — ᠵᠢᠭᠤᠯᠴᠢᠯᠠᠨ ᠰᠡᠯᠡᠭᠦᠴᠡᠬᠦ 》 ᠪᠦᠬᠦ ᠠᠵᠤ ᠦᠢᠯᠡᠰ ᠤ᠋ᠨ ᠬᠡᠯᠬᠢᠶ᠎ᠠ ᠪᠦᠬᠦᠢ 《ᠲᠦᠬᠦᠭᠡᠷᠦᠮᠵᠢᠳᠦ ᠵᠢᠭᠠᠰᠤᠨ ᠤ᠋ ᠦᠢᠯᠡᠰ + ᠤᠶᠤᠨᠴᠢᠯᠠᠭᠰᠠᠨ ᠲᠡᠵᠢᠭᠡᠨ ᠦᠷᠡᠵᠢᠭᠦᠯᠬᠦ  +  ᠬᠤᠵᠢᠷᠯᠢᠭ ᠭᠠᠵᠠᠷ ᠢ᠋ ᠶᠡᠷᠦᠩᠬᠡᠢᠯᠡᠨ ᠵᠠᠰᠠᠬᠤ + ᠬᠠᠳᠤᠨ ᠭᠤᠤᠯ ᠤ᠋ᠨ ᠮᠦᠷᠬᠦ ᠵᠢᠭᠠᠰᠤ ᠶ᠋ᠢ ᠪᠦᠬᠦ ᠠᠵᠤ ᠦᠢᠯᠡᠰ ᠤ᠋ᠨ ᠬᠡᠯᠬᠢᠶ᠎ᠠ ᠪᠡᠷ ᠨᠡᠭᠡᠭᠡᠯᠳᠡ ᠬᠢᠬᠦ 》 ᠪᠤᠬᠢᠷᠳᠦᠯ ᠦᠭᠡᠢ ᠡᠷᠬᠢᠯᠳᠡᠳᠦ ᠬᠦᠭᠵᠢᠯᠳᠡ ᠶ᠋ᠢᠨ ᠵᠠᠭᠪᠤᠷ ᠢ᠋ ᠪᠦᠷᠢᠯᠳᠦᠭᠦᠯᠵᠤ ᠂ ᠦᠪᠡᠷᠳᠡᠭᠡᠨ ᠵᠠᠰᠠᠬᠤ ᠤᠷᠤᠨ ᠤ᠋ ᠵᠠᠭᠪᠤᠷ ᠶ᠋ᠢᠡᠷ ᠬᠠᠮᠤᠭ ᠤ᠋ᠨ ᠪᠦᠷᠢᠨ᠂ ᠬᠡᠪᠴᠢᠶ᠎ᠠ ᠪᠡᠷ ᠬᠠᠮᠤᠭ ᠤ᠋ᠨ ᠶᠡᠬᠡ ᠤᠳᠤ ᠦᠶ᠎ᠠ ᠶ᠋ᠢᠨ ᠲᠦᠬᠦᠭᠡᠷᠦᠮᠵᠢᠳᠦ ᠵᠢᠭᠠᠰᠤᠨ ᠤ᠋ ᠦᠢᠯᠡᠰ ᠤ᠋ᠨ ᠰᠠᠭᠤᠷᠢᠨ ᠪᠤᠯᠤᠭᠰᠠᠨ ᠪᠦᠭᠡᠳ ᠪᠦᠬᠦ ᠤᠯᠤᠰ ᠤ᠋ᠨ ᠬᠤᠵᠢᠷᠯᠢᠭ ᠭᠠᠵᠠᠷ ᠤ᠋ᠨ ᠤᠰᠤᠨ ᠤ᠋ ᠭᠠᠷᠤᠯᠳᠠ ᠶ᠋ᠢ ᠲᠡᠵᠢᠭᠡᠨ ᠦᠷᠡᠵᠢᠭᠦᠯᠬᠦ ᠨᠡᠢᠳᠡᠯᠢᠭ ᠵᠢᠱ᠌ᠢᠶ᠎ᠠ᠂ ᠪᠦᠬᠦ ᠤᠯᠤᠰ ᠤ᠋ᠨ ᠤᠰᠤᠨ ᠤ᠋ ᠭᠠᠷᠤᠯᠳᠠ ᠶ᠋ᠢ ᠪᠤᠬᠢᠷᠳᠦᠯ ᠦᠭᠡᠢ ᠡᠷᠡᠭᠦᠯ ᠶ᠋ᠢᠡᠷ ᠲᠡᠵᠢᠭᠡᠨ ᠦᠷᠡᠵᠢᠭᠦᠯᠬᠦ ᠮᠡᠷᠭᠡᠵᠢᠯ ᠢ᠋ ᠳᠡᠯᠭᠡᠷᠡᠭᠦᠯᠬᠦ 《ᠳᠠᠪᠤᠨ ᠠᠵᠢᠯᠯᠠᠭ᠎ᠠ ᠶ᠋ᠢᠨ ᠭᠤᠤᠯᠯᠠᠬᠤ ᠰᠠᠭᠤᠷᠢᠨ》 ᠵᠡᠷᠭᠡ ᠠᠯᠳᠠᠷ ᠢ᠋ ᠬᠦᠷᠳᠡᠵᠦ ᠶᠠᠪᠤᠨ᠎ᠠ᠃

ᠲᠢᠶᠠᠨ ᠶᠢᠤ ᠺᠤᠮᠫᠠᠨᠢ ᠶ᠋ᠢᠨ ᠬᠢᠨ ᠳᠤᠮᠳᠠᠳᠤ ᠤᠯᠤᠰ ᠤ᠋ᠨ ᠴᠠᠬᠢᠯᠭᠠᠨ ᠬᠣᠯᠪᠣᠭ᠎ᠠ ᠲᠠᠢ ᠬᠠᠮᠲᠤᠷᠠᠨ ᠠᠵᠢᠯᠯᠠᠬᠤ ᠪᠡᠷ ᠳᠠᠮᠵᠢᠨ ᠲᠤᠰ ᠭᠠᠵᠠᠷ ᠲᠤ᠌ ᠲᠤᠮᠳᠠᠳᠤ ᠤᠯᠤᠰ ᠤ᠋ᠨ ᠤᠮᠠᠷᠠᠲᠤ ᠤᠷᠤᠨ ᠤ᠋ ᠬᠠᠬᠢᠷ ᠬᠦᠢᠲᠡᠨ ᠬᠤᠵᠢᠷᠯᠢᠭ ᠭᠠᠵᠠᠷ ᠲᠡᠬᠢ ᠠᠡᠭᠬᠠᠳᠠᠭᠴᠢ ᠬᠡᠪᠴᠢᠶᠡᠵᠢᠭᠰᠡᠨ ᠤᠶᠤᠨᠴᠢ ᠵᠢᠭᠠᠰᠤᠨ ᠤ᠋ ᠦᠢᠯᠡᠰ ᠤ᠋ᠨ ᠰᠢᠰᠲᠸᠮ ᠵᠢᠴᠢ  《 ᠵᠢᠭᠠᠰᠤ ᠪᠡᠷ ᠬᠤᠵᠢᠷ ᠢ᠋ ᠪᠠᠭᠠᠰᠬᠠᠨ ᠬᠤᠵᠢᠷ ᠢ᠋ ᠵᠠᠰᠠᠬᠤ 》 ᠂ 《 ᠳᠠᠯᠠᠩ ᠳ᠋ᠤᠨᠢ ᠲᠠᠷᠢᠶ᠎ᠠ ᠲᠠᠷᠢᠵᠤ ᠳᠠᠳᠠᠭᠠᠯ ᠳ᠋ᠤᠨᠢ ᠵᠢᠭᠠᠰᠤ ᠲᠡᠵᠢᠭᠡᠬᠦ 》 ᠵᠡᠷᠭᠡ ᠬᠤᠵᠢᠷᠯᠢᠭ ᠭᠠᠵᠠᠷ ᠢ᠋ ᠵᠠᠰᠠᠬᠤ ᠮᠡᠷᠭᠡᠵᠢᠯ ᠢ᠋ ᠡᠭᠦᠳᠤᠨ ᠬᠡᠷᠡᠭᠵᠢᠭᠦᠯᠪᠡ᠃ ᠡᠭᠦᠨ ᠳ᠋ᠤ ᠤᠶᠤᠨᠴᠢ ᠵᠢᠭᠠᠰᠤᠨ ᠤ᠋ ᠦᠢᠯᠡᠰ ᠤ᠋ᠨ ᠰᠢᠰᠲ᠋ᠧᠮ ᠨᠢ ᠲᠡᠭ ᠡᠴᠡ ᠳᠤᠷᠤᠭᠰᠢ 40 ᠼᠧᠯᠰ ᠭᠷᠠᠳᠦ᠋ᠰ ᠤ᠋ᠨ ᠬᠠᠬᠢᠷ ᠬᠦᠢᠲᠡᠨ ᠤᠷᠴᠢᠨ ᠳ᠋ᠤ ᠳᠤᠭᠳᠠᠭᠤᠨ ᠶ᠋ᠢᠡᠷ ᠠᠵᠢᠯᠯᠠᠵᠤ ᠪᠤᠯᠬᠤ ᠤᠰᠤᠨ ᠤ᠋ ᠴᠢᠨᠠᠷ ᠢ᠋ ᠰᠡᠷᠡᠨ ᠳᠠᠮᠵᠢᠭᠤᠯᠬᠤ ᠲᠦᠬᠦᠭᠡᠷᠦᠮᠵᠢ ᠵᠢᠴᠢ ᠨᠦᠯᠦᠭᠡᠯᠡᠯ ᠢ᠋ ᠰᠡᠷᠭᠡᠢᠯᠡᠬᠦ 5G ᠶ᠋ᠢᠨ ᠵᠦᠪᠯᠡᠯᠴᠡᠭᠡᠷ ᠶ᠋ᠢᠡᠷ ᠳᠠᠮᠵᠢᠨ ᠲᠡᠵᠢᠭᠡᠨ ᠦᠷᠡᠵᠢᠭᠦᠯᠬᠦ ᠰᠠᠭᠤᠷᠢᠨ ᠤ᠋ ᠤᠷᠴᠢᠨ ᠲᠤᠭᠤᠷᠢᠨ ᠢ᠋ ᠬᠢᠨᠡᠨ ᠡᠵᠡᠮᠳᠡᠬᠦ ᠪᠠ ᠤᠰᠤᠨ ᠤ᠋ ᠴᠢᠨᠠᠷ ᠢ᠋ ᠬᠢᠨᠠᠨ ᠰᠢᠯᠭᠠᠬᠤ ᠶ᠋ᠢ ᠠᠦ᠋ᠲ᠋ᠤ᠋ ᠪᠡᠷ ᠬᠠᠮᠢᠶᠠᠷᠤᠨ ᠡᠵᠡᠮᠳᠡᠵᠤ᠂ ᠵᠢᠭᠠᠰᠤ ᠶ᠋ᠢ ᠠᠦ᠋ᠲ᠋ᠤ᠋ ᠪᠡᠷ ᠲᠡᠵᠢᠭᠡᠬᠦ᠂ ᠤᠨᠴᠠᠭᠠᠢ ᠪᠠᠢᠳᠠᠯ ᠢ᠋ ᠤᠶᠤᠨᠴᠢ ᠪᠡᠷ ᠰᠡᠷᠡᠮᠵᠢᠯᠡᠭᠦᠯᠬᠦ ᠴᠢᠳᠠᠮᠵᠢ ᠶ᠋ᠢ ᠪᠦᠷᠢᠳᠦᠭᠦᠯᠦᠨ᠂ ᠤᠨᠴᠠᠭᠠᠢ ᠴᠠᠭ ᠠᠭᠤᠷ ᠤ᠋ᠨ ᠵᠢᠭᠠᠰᠤᠨ ᠤ᠋ ᠦᠢᠯᠡᠰ ᠲᠤ᠌ ᠦᠵᠡᠭᠦᠯᠬᠦ ᠨᠦᠯᠦᠭᠡ ᠶ᠋ᠢ ᠶᠡᠬᠡ ᠪᠡᠷ ᠪᠠᠭᠤᠷᠠᠭᠤᠯᠬᠤ ᠶ᠋ᠢᠨ ᠬᠠᠮᠳᠤ ᠵᠢᠭᠠᠰᠤ ᠶ᠋ᠢ ᠪᠦᠲᠦᠨ ᠵᠢᠯ ᠶ᠋ᠢᠡᠷ ᠲᠡᠵᠢᠭᠡᠵᠤ ᠳᠡᠢᠯᠬᠦ ᠪᠤᠯᠭᠠᠵᠤ᠂ ᠤᠯᠠᠮᠵᠢᠯᠠᠯᠳᠦ ᠴᠦᠬᠦᠷᠦᠮ ᠢ᠋ ᠪᠤᠳᠤᠪᠠᠯ ᠭᠠᠷᠤᠯᠳᠠ ᠨᠢ 3 ᠳᠠᠬᠢᠨ ᠨᠡᠮᠡᠭᠳᠡᠵᠠᠢ᠃

ᠲᠤᠰ ᠺᠤᠮᠫᠠᠨᠢ 《ᠳᠠᠳᠠᠭᠠᠯ ᠮᠠᠯᠳᠠᠵᠤ ᠳᠠᠯᠠᠩ ᠪᠤᠰᠬᠠᠨ ᠲᠠᠷᠢᠶ᠎ᠠ ᠲᠠᠷᠢᠬᠤ》 ᠵᠠᠭᠪᠤᠷ ᠶ᠋ᠢᠡᠷ ᠬᠤᠵᠢᠷᠯᠢᠭ ᠭᠠᠵᠠᠷ ᠤ᠋ᠨ ᠭᠠᠵᠠᠷ ᠳᠤᠤᠷᠠᠬᠢ ᠤᠰᠤ ᠶ᠋ᠢ ᠵᠢᠭᠠᠰᠤ ᠲᠡᠵᠢᠭᠡᠬᠦ ᠬᠦᠨᠦᠭ ᠲᠡᠭᠡᠨ ᠳᠠᠳᠠᠨ ᠠᠪᠴᠤ ᠵᠢᠭᠠᠰᠤ ᠲᠡᠵᠢᠭᠡᠬᠦ ᠶ᠋ᠢᠨ ᠵᠡᠷᠭᠡ ᠪᠡᠷ ᠡᠵᠡᠮᠳᠡᠵᠦ ᠪᠤᠯᠬᠤ ᠰᠢᠮᠡᠳᠭᠡᠬᠦ ᠮᠡᠷᠭᠡᠵᠢᠯ ᠶ᠋ᠢᠡᠷ ᠤᠰᠤ ᠶ᠋ᠢ ᠨᠢ ᠡᠷᠬᠢᠨ ᠲᠤᠭᠤᠷᠢᠨ ᠤ᠋ ᠲᠠᠷᠢᠶᠠᠨ ᠭᠠᠵᠠᠷ ᠲᠤ᠌ ᠲᠠᠯᠪᠢᠵᠤ ᠪᠠᠢᠨ᠎ᠠ᠃ ᠡᠨᠡ ᠬᠦ᠌ ᠶᠠᠪᠤᠴᠠ ᠳ᠋ᠤ ᠵᠢᠭᠠᠰᠤᠨ ᠤ᠋ ᠢᠯᠭᠠᠳᠠᠰᠤ ᠨᠢ ᠮᠢᠺᠷᠤᠪ ᠪᠤᠳᠠᠰ ᠤ᠋ᠨ ᠵᠠᠳᠠᠷᠠᠭᠤᠯᠬᠤ ᠴᠢᠳᠠᠮᠵᠢ ᠪᠡᠷ ᠤᠷᠭᠠᠨᠢᠭ ᠬᠦᠴᠢᠯ ᠪᠤᠯᠤᠨ ᠬᠤᠪᠢᠷᠠᠵᠤ ᠬᠦᠷᠦᠰᠦ ᠰᠢᠷᠤᠢ ᠶ᠋ᠢᠨ ᠱᠦᠯᠳᠦᠯᠢᠭ ᠴᠢᠨᠠᠷ ᠢ᠋ ᠪᠠᠭᠤᠷᠠᠭᠤᠯᠳᠠᠭ᠃ ᠡᠭᠦᠨ ᠤ᠋ ᠵᠡᠷᠭᠡ ᠪᠡᠷ ᠤᠰᠤᠨ ᠴᠤᠭᠴᠠ ᠶ᠋ᠢᠨ ᠡᠷᠬᠢᠯᠳᠡᠳᠦ ᠤᠷᠴᠢᠯ ᠨᠢ ᠪᠠᠰᠠ ᠬᠦᠷᠦᠰᠦ ᠰᠢᠷᠤᠢ ᠳ᠋ᠡᠬᠢ ᠳᠠᠪᠤᠰᠤ ᠬᠤᠵᠢᠷ ᠢ᠋ ᠲᠠᠰᠤᠷᠠᠯᠳᠠ ᠦᠭᠡᠢ ᠤᠬᠢᠶᠠᠵᠤ ᠠᠷᠢᠯᠭᠠᠳᠠᠭ ᠡᠴᠡ ᠲᠦᠷᠦᠯ ᠵᠦᠢᠯ ᠤ᠋ᠨ ᠤᠷᠤᠨ ᠤ᠋ ᠬᠦᠷᠦᠰᠦ ᠰᠢᠷᠤᠢ ᠶ᠋ᠢᠨ ᠬᠤᠵᠢᠷᠯᠢᠭ ᠬᠡᠮᠵᠢᠶ᠎ᠠ ᠨᠢ 5‰ ᠪᠠᠢᠭ᠍ᠰᠠᠨ ᠡᠴᠡ  3‰ ᠤ᠋ᠨ ᠲᠤᠳᠤᠷ᠎ᠠ ᠪᠤᠯᠤᠨ ᠪᠠᠭᠤᠷᠠᠵᠤ᠂ pH ᠬᠡᠮᠵᠢᠭᠳᠡᠯ ᠨᠢ  9.0 ᠡᠴᠡ 8.0 ᠪᠤᠯᠳᠠᠯ᠎ᠠ ᠪᠠᠭᠤᠷᠠᠨ᠂ ᠤᠤᠯ ᠨᠢ ᠶᠡᠷᠦ ᠡᠴᠡ ᠡᠪᠡᠰᠦ ᠤᠷᠭᠤᠳᠠᠭ ᠦᠭᠡᠢ ᠬᠤᠵᠢᠷᠯᠢᠭ ᠭᠠᠵᠠᠷ ᠲᠤ᠌ ᠤᠳᠤ ᠨᠢᠭᠡᠨᠳᠡ ᠪᠤᠷᠤ ᠴᠠᠷᠭᠠᠰᠤ ᠵᠡᠷᠭᠡ ᠲᠠᠷᠢᠮᠠᠯ ᠢ᠋ ᠲᠠᠷᠢᠵᠤ ᠳᠡᠢᠯᠬᠦ ᠪᠤᠯᠵᠤ᠂《ᠵᠢᠭᠠᠰᠤ  —  ᠤᠰᠤ  —  ᠲᠠᠷᠢᠶ᠎ᠠ》 ᠶ᠋ᠢᠨ ᠡᠷᠡᠭᠦᠯ ᠡᠷᠬᠢᠯᠲᠡ ᠵᠢ ᠪᠡᠶᠡᠯᠡᠭᠦᠯᠵᠠᠢ᠃ ᠡᠨᠡ ᠬᠦ᠌ ᠵᠠᠭᠪᠤᠷ ᠨᠢ ᠲᠠᠪᠤᠰᠤᠲᠠᠢ ᠲᠤᠰᠬᠤᠨ ᠤ᠋ 1500 ᠮᠦ᠍ ᠬᠤᠵᠢᠷᠯᠢᠭ ᠭᠠᠵᠠᠷ ᠤ᠋ᠨ ᠮᠥ᠍ ᠪᠦᠷᠢ ᠶ᠋ᠢᠨ ᠶᠡᠷᠦᠩᠬᠡᠢᠯᠡᠭ᠌ᠰᠡᠨ ᠦᠶ᠋ᠯᠡᠳᠬᠦᠨ᠎ᠦ ᠥᠷᠲᠡᠭ ᠢ᠋ ᠲᠦᠮᠡᠨ ᠲᠥᠭᠥᠷᠢᠭ ᠲᠤ᠌ ᠬᠦᠷᠭᠡᠨ᠂ ᠲᠤᠰᠬᠤᠨ ᠤ᠋ 100 ᠭᠠᠷᠤᠢ ᠲᠠᠷᠢᠶᠠᠯᠠᠬᠤ ᠡᠷᠦᠬᠡ ᠳ᠋ᠦ ᠲᠤᠭᠲᠠᠪᠤᠷᠢᠲᠠᠢ ᠠᠵᠢᠯ ᠤ᠋ᠨ ᠪᠠᠢᠷᠢ ᠬᠠᠡᠭᠭᠠᠵᠤ᠂ ᠵᠢᠯ ᠳᠤᠮᠳᠠᠴᠢ ᠶ᠋ᠢᠨ ᠤᠷᠤᠯᠭ᠎ᠠ ᠵᠢ ᠨᠢ  1 —  2  ᠲᠦᠮᠡᠨ ᠲᠦᠬᠦᠷᠢᠭ ᠨᠡᠮᠡᠭᠳᠡᠭᠦᠯᠵᠤ ᠪᠠᠢᠨ᠎ᠠ᠃

ᠲᠢᠶᠠᠨ ᠶᠢᠤ ᠠᠮᠢ ᠠᠬᠤᠶ ᠶ᠋ᠢᠨ ᠵᠢᠭᠠᠰᠤᠨ ᠲᠠᠯᠠᠪᠠᠶ ᠨᠢ ᠤᠳᠤ ᠵᠢᠯ ᠤ᠋ᠨ 300 ᠲᠦᠮᠡᠨ ᠺᠢᠯᠣᠭ᠌ᠷᠠᠮ ᠤ᠋ᠨ ᠴᠢᠨᠠᠷ ᠰᠠᠢᠲᠠᠶ ᠬᠠᠲᠤᠨ ᠭᠤᠤᠯ ᠤ᠋ᠨ ᠮᠥᠷᠭᠥ᠎ᠵᠢᠭᠠᠰᠤ ᠦᠶ᠋ᠯᠡᠳᠪᠦᠷᠢᠯᠡᠵᠤ᠂ ᠬᠠᠲᠠᠭᠤ ᠪᠡᠷᠬᠡ ᠣᠷᠴᠢᠨ ᠨᠥᠬᠥᠴᠡᠯ ᠳ᠋ᠤ ᠨᠠᠷᠢᠯᠢᠭ ᠣᠨᠣᠴᠠᠲᠠᠶ ᠲᠡᠵᠢᠭᠡᠨ ᠦᠷᠡᠵᠢᠭᠦᠯᠬᠦ᠌ ᠦᠢᠯᠡᠰ ᠢ᠋ ᠬᠦᠭᠵᠢᠭᠦᠯᠬᠦ ᠪᠤᠯᠤᠮᠵᠢ ᠵᠢ ᠡᠬᠦᠳᠤᠨ᠂ ᠬᠦᠮᠦᠰ ᠤ᠋ᠨ ᠬᠠᠳᠤᠨ ᠭᠤᠤᠯ ᠳᠠᠭᠠᠤ ᠶ᠋ᠢᠨ ᠠᠳᠠᠷ ᠰᠠᠢᠷᠭᠠᠯ ᠤ᠋ᠨ ᠲᠤᠬᠠᠢ ᠵᠤᠷᠰᠢᠭᠰᠠᠨ ᠲᠠᠨᠢᠯᠳᠠ ᠶ᠋ᠢ ᠰᠠᠮᠭᠡᠨ ᠦᠭᠡᠷᠡᠴᠢᠯᠡᠵᠦ ᠪᠠᠢᠨ᠎ᠠ᠃

ᠬᠠᠲᠤᠨ ᠭᠤᠤᠯ ᠤ᠋ᠨ ᠮᠦᠷᠬᠦ ᠵᠢᠭᠠᠰᠤ ᠪᠤᠯ ᠳᠤᠮᠳᠠᠳᠤ ᠤᠯᠤᠰ ᠤ᠋ᠨ ᠳᠦᠷᠪᠡᠨ ᠨᠡᠷᠡᠲᠦ ᠵᠢᠭᠠᠰᠤ ᠶ᠋ᠢᠨ ᠨᠢᠭᠡ ᠪᠦᠭᠡᠳ ᠨᠢᠭᠡᠨ ᠦᠶ᠎ᠡ ᠮᠦᠬᠦᠬᠦ ᠰᠢᠬᠠᠭᠰᠠᠨ ᠶᠤᠮ᠃ ᠪᠤᠭᠤᠲᠤ ᠬᠤᠲᠠ ᠶ᠋ᠢᠨ ᠲᠢᠶᠠᠨ ᠶᠢᠤ ᠠᠮᠢ ᠠᠬᠤᠢ ᠶ᠋ᠢᠨ ᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ ᠪᠤᠯ ᠬᠠᠲᠤᠨ ᠭᠤᠤᠯ ᠤ᠋ᠨ ᠴᠡᠪᠡᠷ ᠡᠭᠦᠯᠳᠡᠷ ᠤ᠋ᠨ ᠮᠦᠷᠭᠦ ᠵᠢᠭᠠᠰᠤ ᠶ᠋ᠢᠨ ᠳᠦᠷᠪᠡᠨ ᠦᠶ᠎ᠡ ᠶ᠋ᠢᠨ ᠢᠵᠠᠭᠤᠷ ᠪᠡᠶ᠎ᠡ ᠶ᠋ᠢᠨ ᠳᠠᠡᠭᠰᠠ ᠡᠪᠬᠡᠮᠡᠯ ᠢ᠋ ᠬᠠᠳᠠᠭᠠᠯᠠᠭᠰᠠᠨ ᠺᠤᠮᠫᠠᠨᠢ ᠪᠤᠯᠤᠨ᠎ᠠ᠃ ᠲᠡᠷᠡ ᠮᠦᠷᠲᠡᠭᠡᠨ ᠲᠤᠰ ᠺᠤᠮᠫᠠᠨᠢ ᠨᠢ ᠪᠠᠰᠠ ᠪᠠᠷᠠᠭᠤᠨ ᠬᠣᠢᠲᠤ ᠶ᠋ᠢᠨ ᠲᠠᠷᠢᠶᠠᠯᠠᠩ ᠣᠶ ᠱᠢᠭᠤᠶ ᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠶᠡᠬᠡ ᠰᠤᠷᠭᠠᠭᠤᠯᠢ ᠵᠡᠷᠭᠡ ᠪᠠᠢᠭᠤᠯᠤᠮᠵᠢ ᠲᠠᠶ ᠬᠠᠮᠲᠤᠷᠠᠨ ᠠᠵᠢᠯᠯᠠᠬᠤ ᠪᠠᠷ ᠳᠡᠮᠵᠢᠨ BLUP ᠶᠡᠷᠦᠩᠬᠡᠢᠯᠡᠭ᠌ᠰᠡᠨ ᠰᠣᠩᠭᠣᠨ ᠪᠣᠢᠵᠢᠭᠤᠯᠬᠤ ᠮᠡᠷᠭᠡᠵᠢᠯ᠎ᠢ ᠬᠡᠷᠡᠭ᠌ᠯᠡᠵᠤ ᠮᠦᠷᠬᠦ ᠵᠢᠭᠠᠰᠤᠨ ᠤ᠋ ᠰᠢᠨ᠎ᠠ ᠡᠭᠦᠯᠳᠡᠷ ᠢ᠋ ᠪᠤᠢᠵᠢᠭᠤᠯᠵᠤ᠂ ᠱᠢᠨ᠎ᠡ ᠡᠭᠦᠯᠳᠡᠷ ᠤ᠋ᠨ ᠵᠢᠭᠠᠰᠤᠨ ᠤ᠋ ᠦᠰᠦᠯᠲᠡ ᠶ᠋ᠢᠨ ᠬᠤᠷᠳᠤᠴᠠ ᠵᠢ 35% ᠪᠡᠷ ᠳᠡᠭᠡᠭ᠌ᠰᠢᠯᠡᠭᠦᠯᠤᠨ᠂ ᠬᠠᠨᠤᠮᠠᠯ ᠪᠤᠰᠤ ᠥᠭᠡᠬᠦᠨ ᠬᠦᠴᠢᠯ᠎ᠦᠨ ᠠᠭᠤᠯᠤᠭ᠍ᠳᠠᠴᠠ ᠵᠢ ᠨᠢ 12.5% ᠪᠡᠷ ᠨᠡᠮᠡᠭᠳᠡᠭᠦᠯᠵᠡᠢ᠃ ᠺᠤᠮᠫᠠᠨᠢ ᠶ᠋ᠢᠨ ᠠᠮᠢ ᠠᠬᠤᠢ ᠶ᠋ᠢᠨ ᠲᠤᠭᠤᠷᠢᠭ ᠤ᠋ᠨ 1600 ᠲᠡᠭ᠌ᠰᠢ ᠳᠥᠷᠪᠡᠯᠵᠢᠨ ᠮᠸᠲᠷ ᠤ᠋ᠨ ᠲᠠᠯᠠᠪᠠᠢ ᠪᠦᠬᠦᠢ ᠤᠳᠤᠬᠢᠴᠢᠯᠠᠭᠰᠠᠨ ᠨᠡᠪᠴᠢᠭᠦᠯᠬᠦ᠌ ᠲᠥᠪ ᠲᠦ᠍ ᠤᠳᠤ 10 ᠲᠦᠮᠡᠨ ᠵᠢᠩ ᠤ᠋ᠨ ᠴᠢᠨᠠᠷ ᠰᠠᠢᠲᠠᠢ ᠬᠠᠳᠤᠨ ᠭᠣᠣᠯ ᠤ᠋ᠨ ᠮᠥᠷᠭᠥ᠎ᠵᠢᠭᠠᠰᠤ ᠶ᠋ᠢᠨ ᠡᠭᠦᠯᠳᠡᠷ ᠤ᠋ᠨ ᠪᠡᠯᠡᠳᠭᠡᠯ ᠢᠵᠠᠭᠤᠷ ᠵᠢᠭᠠᠰᠤ ᠵᠢ ᠪᠤᠢᠵᠢᠭᠤᠯᠵᠤ ᠪᠤᠢ᠃ ᠡᠨᠡ ᠪᠣᠯ ᠬᠠᠳᠤᠨ ᠭᠣᠣᠯ ᠤ᠋ᠨ ᠰᠠᠪᠠ ᠭᠠᠵᠠᠷ ᠤ᠋ᠨ ᠬᠠᠮᠤᠭ ᠤ᠋ᠨ ᠶᠡᠬᠡ ᠮᠥᠷᠭᠥ᠎ᠵᠢᠭᠠᠰᠤ ᠶ᠋ᠢᠨ ᠡᠬᠢ ᠪᠠᠶᠠᠯᠢᠭ ᠤ᠋ᠨ ᠬᠥᠮᠥᠷᠭᠡ ᠶ᠋ᠢᠨ ᠨᠢᠭᠡ ᠪᠣᠯᠤᠨ᠎ᠠ᠃

ᠲᠢᠶᠠᠨ ᠶᠢᠤ ᠺᠣᠮᠫᠠᠨᠢ ᠪᠤᠬᠢᠷᠳᠤᠯ ᠦᠭᠡᠢ ᠪᠡᠷ ᠲᠡᠵᠢᠭᠡᠨ ᠦᠷᠡᠵᠢᠭᠦᠯᠦᠭᠰᠡᠨ ᠴᠢᠨᠠᠷ ᠰᠠᠢᠲᠠᠢ ᠬᠠᠳᠤᠨ ᠭᠤᠤᠯ ᠤ᠋ᠨ ᠮᠦᠷᠬᠦ ᠵᠢᠭᠠᠰᠤ ᠪᠠᠨ ᠪᠡᠭᠡᠵᠢᠩ ᠲᠢᠶᠠᠨᠵᠢᠨ ᠾᠧᠪᠧᠢ ᠵᠢᠴᠢ ᠬᠦᠬᠡᠬᠤᠳᠠ ᠪᠤᠭᠤᠳᠤ ᠤᠷᠳᠤᠰ ᠵᠡᠷᠬᠡ ᠭᠠᠵᠠᠷ ᠤ᠋ᠨ ᠳᠡᠭᠡᠳᠦ ᠳᠡᠰ ᠤ᠋ᠨ ᠢᠳᠡᠭᠡᠨ ᠤ᠋ ᠦᠢᠯᠡᠰ ᠤ᠋ᠨ ᠠᠵᠤ ᠠᠬᠤᠢᠯᠠᠯ᠂ ᠲᠤᠮᠤ ᠬᠡᠯᠪᠡᠷᠢ ᠶ᠋ᠢᠨ ᠪᠦᠭᠡᠮ ᠶ᠋ᠢᠡᠷ ᠪᠤᠷᠤᠯᠠᠭᠤᠯᠬᠤ ᠵᠠᠬ᠎ᠠ ᠳᠡᠯᠭᠡᠭᠦᠷ ᠲᠦ᠍ ᠪᠤᠷᠤᠯᠠᠭᠤᠯᠬᠤ ᠡᠴᠡ ᠭᠠᠳᠠᠨ᠎ᠠ ᠰᠢᠭᠤᠳ ᠪᠤᠷᠤᠯᠠᠭᠤᠯᠬᠤ ᠳᠡᠯᠭᠡᠭᠦᠷ ᠪᠠ ᠡᠯᠧᠺᠲ᠋ᠷᠤᠨ ᠬᠤᠳᠠᠯᠳᠤᠭ᠎ᠠ ᠪᠡᠷ ᠴᠤ᠌ ᠪᠤᠷᠤᠯᠠᠭᠤᠯᠵᠤ ᠪᠠᠢᠨ᠎ᠠ᠃ ᠵᠠᠬ᠎ᠠ ᠳᠡᠯᠭᠡᠭᠦᠷ ᠤ᠋ᠨ ᠬᠡᠷᠡᠭᠴᠡᠭᠡ ᠱᠠᠭᠠᠷᠳᠠᠯᠭ᠎ᠠ ᠳ᠋ᠦ ᠵᠤᠬᠢᠴᠠᠭᠤᠯᠤᠨ ᠵᠢᠭᠠᠰᠤ ᠪᠡᠨ ᠲᠦᠬᠦᠭᠡᠷᠴᠤ ᠬᠡᠰᠡᠭᠯᠡᠨ᠂ ᠶᠠᠰᠤ ᠪᠡᠷ ᠨᠢ ᠺᠠᠯᠼ ᠡᠯᠪᠡᠭ ᠠᠭᠤᠯᠤᠭᠳᠠᠬᠤ ᠲᠠᠯᠬ᠎ᠠ ᠬᠢᠵᠦ᠍᠂ ᠮᠢᠬ᠎ᠠ ᠪᠡᠷ ᠨᠢ ᠵᠢᠶᠠᠡᠭ ᠪᠤᠴᠠᠯᠭᠠᠨ᠂ ᠬᠠᠢᠷᠰᠤ ᠵᠢ ᠨᠢ ᠴᠢᠨᠠᠵᠤ ᠴᠠᠪᠠᠸ᠋ᠯᠢᠭ ᠤᠭᠤᠷᠠᠭ ᠪᠤᠯᠭᠠᠨ ᠪᠤᠯᠪᠠᠰᠤᠷᠠᠭᠤᠯᠤᠨ ᠪᠤᠷᠤᠯᠠᠭᠤᠯᠵᠤ ᠪᠠᠢᠨ᠎ᠠ᠃ ᠡᠭᠦᠨ ᠳ᠋ᠦ ᠪᠦᠬᠦᠯᠢ ᠪᠡᠷ ᠪᠤᠷᠤᠯᠠᠭᠤᠯᠤᠭᠰᠠᠨ ᠵᠢᠭᠠᠰᠤ ᠨᠢ ᠵᠢᠩ ᠳ᠋ᠡᠭᠡᠨ 15 ᠲᠦᠭᠦᠷᠢᠭ ᠲᠦ᠍ ᠬᠦᠷᠴᠦ ᠪᠠᠢᠪᠠᠯ᠂ ᠨᠠᠷᠢᠯᠢᠭ ᠬᠡᠰᠡᠭᠯᠡᠵᠤ ᠡᠳ᠋ᠰᠢᠭᠦᠯᠦᠭᠰᠡᠨ ᠨᠢ 3 ᠳᠠᠬᠢᠨ ᠦᠨ᠎ᠡ ᠳ᠋ᠦ ᠬᠦᠷᠴᠦ ᠪᠤᠢ᠃ ᠲᠡᠳᠡ ᠪᠠᠰᠠ ᠪᠤᠭᠤᠲᠤ ᠬᠤᠲᠠ ᠶ᠋ᠢᠨ ᠵᠢᠦᠶᠤᠸᠠᠨ ᠲᠤᠭᠤᠷᠢᠭ ᠤ᠋ᠨ ᠬᠤᠶᠠᠷᠬᠤᠤᠳᠳᠠᠭ ᠪᠠᠯᠭᠠᠰᠤᠨ ᠳ᠋ᠦ ᠬᠠᠳᠤᠨ ᠭᠤᠤᠯ ᠤ᠋ᠨ ᠮᠦᠷᠬᠦ ᠵᠢᠭᠠᠰᠤ ᠶ᠋ᠢ ᠠᠮᠲᠠᠯᠠᠭᠤᠯᠬᠤ ᠳᠡᠯᠭᠡᠭᠦᠷ ᠨᠡᠭᠡᠭᠡᠵᠦ᠂ ᠶᠠᠮᠠᠷ ᠴᠤ᠌ ᠠᠮᠳᠠ ᠤᠷᠤᠭᠤᠯᠬᠤ ᠡᠳ᠋ ᠨᠡᠮᠡᠬᠦ ᠦᠭᠡᠢ ᠪᠡᠷ ᠰᠢᠭᠤᠳ ᠤᠰᠤᠨ ᠳ᠋ᠤ ᠴᠢᠨᠠᠭᠰᠠᠨ ᠬᠠᠲᠤᠨ ᠭᠤᠤᠯ ᠤ᠋ᠨ ᠮᠦᠷᠬᠦ ᠵᠢᠭᠠᠰᠤᠨ ᠤ᠋ ᠮᠢᠬ᠎ᠠ ᠨᠢ ᠴᠢᠨᠠᠬᠤ ᠲᠤᠰᠤᠮ ᠶ᠋ᠢᠡᠨ ᠴᠠᠢᠷᠠᠨ᠂ ᠱᠦᠯᠦ ᠨᠢ ᠪᠤᠴᠠᠯᠭᠠᠬᠤ ᠲᠤᠰᠤᠮ ᠶ᠋ᠢᠡᠨ ᠰᠦᠨ ᠴᠠᠭᠠᠨ ᠦᠡᠭᠭᠡ ᠪᠠᠭᠤᠳᠠᠭ ᠶ᠋ᠢᠡᠷ ᠬᠡᠷᠡᠭᠯᠡᠭᠴᠢᠳ ᠤ᠋ᠨ ᠬᠠᠯᠠᠭᠤᠨ ᠬᠦᠷᠢᠶᠡᠯᠡᠯ ᠢ᠋ ᠶᠡᠬᠡᠳᠡ ᠤᠯᠵᠤ ᠪᠠᠢᠨ᠎ᠠ᠃

ᠵᠢᠭᠠᠰᠤᠨ ᠤ᠋ ᠠᠵᠤ ᠦᠢᠯᠡᠰ ᠪᠠ ᠵᠢᠭᠤᠯᠴᠢᠯᠠᠯ ᠤ᠋ᠨ ᠦᠢᠯᠡᠰ ᠢ᠋ ᠠᠭᠤᠰᠤᠯᠴᠠᠭᠤᠯᠬᠤ ᠰᠡᠳᠬᠢᠮᠵᠢ ᠨᠢ ᠪᠠᠰᠠ ᠲᠢᠶᠠᠨ ᠶᠢᠤ ᠺᠣᠮᠫᠠᠨᠢ ᠶ᠋ᠢ ᠰᠠᠨᠠᠭᠠᠨ ᠡᠴᠡ ᠭᠠᠳᠠᠭᠤᠷ ᠠᠮᠵᠢᠯᠳᠠ ᠳ᠋ᠤ ᠬᠦᠷᠭᠡᠵᠠᠢ᠃ ᠲᠤᠰ ᠺᠤᠮᠫᠠᠨᠢ ᠶ᠋ᠢᠨ 2024 ᠤᠨ ᠤ᠋ ᠰᠡᠯᠡᠭᠦᠴᠡᠯ ᠵᠢᠭᠤᠯᠴᠢᠯᠠᠯ ᠤ᠋ᠨ ᠤᠷᠤᠯᠭ᠎ᠠ ᠨᠢ 300 ᠲᠦᠮᠡᠨ ᠲᠦᠭᠦᠷᠢᠭ ᠲᠦ᠍ ᠬᠦᠷᠪᠡ᠃ ᠡᠨᠡ ᠬᠠᠪᠤᠷ ᠤ᠋ᠨ 《 ᠵᠢᠭᠠᠰᠤ ᠠᠮᠳᠠᠯᠠᠬᠤ ᠨᠠᠢᠷ 》 ᠶ᠋ᠢᠡᠷ ᠭᠠᠭ᠍ᠴᠠᠬᠠᠨ ᠡᠳᠦᠷ ᠲᠦ᠍ ᠲᠦᠮᠡ ᠭᠠᠷᠤᠢ ᠵᠢᠭᠤᠯᠴᠢᠯᠠᠭᠴᠢ ᠵᠢ ᠬᠦᠯᠢᠶᠡᠨ ᠠᠪᠴᠤ᠂ ᠠᠮᠢ ᠠᠬᠤᠢ ᠶ᠋ᠢᠨ ᠬᠦᠷᠢᠶᠡᠯᠡᠡᠭ ᠳ᠋ᠤᠨᠢ ᠬᠦᠮᠦᠨ ᠤ᠋ ᠳᠠᠯᠠᠢ ᠪᠤᠯᠤᠭᠰᠠᠨ ᠪᠠᠢᠯ᠎ᠠ᠃

ᠲᠢᠶᠠᠨ ᠶᠢᠤ ᠺᠣᠮᠫᠠᠨᠢ ᠬᠠᠲᠤᠨ ᠭᠤᠤᠯ ᠤ᠋ᠨ ᠮᠦᠷᠬᠦ ᠵᠢᠭᠠᠰᠤ ᠶ᠋ᠢᠨ ᠪᠦᠬᠦ ᠠᠵᠤ ᠦᠢᠯᠡᠰ ᠤ᠋ᠨ ᠬᠡᠯᠬᠢᠶᠡᠨ ᠤ᠋ ᠬᠦᠭᠵᠢᠯᠲᠡ ᠳ᠋ᠦ ᠠᠡᠭᠬᠠᠷᠤᠯ ᠶ᠋ᠢᠡᠨ ᠲᠦᠪᠯᠡᠷᠡᠭᠦᠯᠵᠦ᠂ ᠮᠦᠷᠬᠦᠴᠡ ᠪᠣᠢᠵᠢᠭᠤᠯᠬᠤ᠂ ᠡᠦᠷ᠎ᠠ ᠡᠳ᠋ ᠢ᠋ ᠨᠢ ᠬᠠᠮᠠᠭᠠᠯᠠᠬᠤ᠂ ᠣᠶᠤᠨᠴᠢ ᠵᠢᠭᠠᠰᠤᠨ ᠤ᠋ ᠦᠢᠯᠡᠰ᠂ ᠨᠠᠷᠢᠯᠢᠭ ᠡᠳ᠋ᠰᠢᠭᠦᠯᠵᠦ ᠪᠤᠯᠪᠠᠰᠤᠷᠠᠭᠤᠯᠬᠤ᠂ ᠰᠡᠯᠡᠭᠦᠴᠡᠯ ᠵᠢᠭᠤᠯᠴᠢᠯᠠᠯ ᠤ᠋ᠨ ᠦᠢᠯᠡᠰ ᠵᠡᠷᠭᠡ 16 ᠠᠵᠤ ᠦᠶ᠋ᠯᠡᠰ ᠤ᠋ᠨ ᠲᠤᠭᠤᠷᠢᠭ ᠪᠠᠢᠷᠢᠰᠢᠭᠤᠯᠵᠤ᠂ ᠤᠷᠤᠨ ᠪᠦᠰᠡ ᠶ᠋ᠢᠨ ᠵᠢᠭᠠᠰᠤᠨ ᠤ᠋ ᠦᠢᠯᠡᠰ ᠤ᠋ᠨ ᠪᠦᠬᠦ ᠠᠵᠤ ᠦᠢᠯᠡᠰ ᠤ᠋ᠨ ᠬᠡᠯᠬᠢᠶ᠎ᠠ ᠶ᠋ᠢᠨ ᠵᠢᠯ ᠤ᠋ᠨ ᠶᠡᠷᠦᠡᠭᠬᠡᠢ ᠤᠷᠤᠯᠭ᠎ᠠ ᠵᠢ ᠳᠠᠢᠴᠢᠯᠠᠨ ᠳ᠋ᠦ᠋ᠡᠭᠰᠢᠭᠤᠷ ᠲᠦᠬᠦᠷᠢᠭ ᠢ᠋ ᠳᠠᠪᠠᠭᠤᠯᠪᠠ᠃ ᠲᠡᠳᠡ ᠪᠠᠰᠠ ᠬᠥᠬᠡᠨᠠᠭᠤᠷ᠂ ᠭᠠᠨᠰᠦ᠂ ᠱᠠᠨ ᠰᠢ᠂ ᠱᠠᠨᠰᠢ᠂ ᠾᠧᠨᠠᠨ ᠵᠡᠷᠭᠡ ᠭᠠᠵᠠᠷ ᠤᠷᠤᠨ ᠤ᠋ 18 ᠲᠡᠵᠢᠭᠡᠨ ᠦᠷᠡᠵᠢᠭᠦᠯᠬᠦ᠌ ᠰᠠᠭᠤᠷᠢᠨ ᠯᠤᠭ᠎ᠠ ᠪᠠᠢᠯᠳᠤᠬᠤ ᠪᠣᠳᠣᠯᠭ᠎ᠠ ᠶ᠋ᠢᠨ ᠬᠠᠮᠲᠤᠷᠠᠯᠴᠠᠭ᠎ᠠ ᠪᠠᠢᠭᠤᠯᠵᠤ᠂ ᠬᠠᠲᠤᠨ ᠭᠣᠣᠯ ᠤ᠋ᠨ ᠮᠥᠷᠭᠥ᠎ᠵᠢᠭᠠᠰᠤ ᠶ᠋ᠢᠨ ᠠᠵᠤ ᠦᠢᠯᠡᠰ ᠦ᠋ᠨ ᠭᠤᠤᠯ ᠭᠠᠷᠤᠯᠲᠠ ᠶ᠋ᠢᠨ ᠤᠷᠤᠨ ᠳ᠋ᠡᠬᠢ ᠨᠦᠯᠦᠭᠡ ᠶ᠋ᠢ ᠦᠷᠭᠡᠳᠭᠡᠨ᠂ ᠬᠠᠲᠤᠨ ᠭᠣᠣᠯ ᠤ᠋ᠨ ᠮᠥᠷᠭᠥ ᠵᠢᠭᠠᠰᠤ ᠶ᠋ᠢᠨ ᠬᠡᠪᠴᠢᠶᠡᠵᠢᠭᠰᠡᠨ ᠦᠢᠯᠡᠳᠪᠦᠷᠢᠯᠡᠯ᠂ ᠲᠤᠭᠲᠠᠭᠤᠨ ᠬᠠᠡᠭᠭᠠᠯᠭ᠎ᠠ ᠵᠢ ᠪᠠᠳᠤᠯᠠᠵᠤ᠂ ᠤᠮᠠᠷᠠᠲᠤ ᠶ᠋ᠢᠨ ᠬᠤᠵᠢᠷᠯᠢᠭ ᠭᠠᠵᠠᠷ ᠤ᠋ᠨ ᠬᠦᠳᠡᠭᠡ ᠠᠵᠤ ᠠᠬᠤᠢ ᠶ᠋ᠢᠨ ᠬᠦᠭᠵᠢᠯᠲᠡ ᠳ᠋ᠦ ᠤᠯᠠᠨ ᠡᠰᠢᠵᠢᠭᠰᠡᠨ ᠰᠤᠡᠭᠭᠤᠯᠲᠠ ᠬᠠᠡᠭᠭᠠᠵᠠᠢ᠃ ᠵᠢᠱ᠌ᠢᠯᠳᠠ ᠪᠡᠷ ᠡᠨᠡ ᠵᠢᠯ ᠺᠤᠮᠫᠠᠨᠢ ᠶ᠋ᠢᠨ ᠡᠵᠡᠩᠨᠡᠯᠳᠡ ᠶ᠋ᠢᠨ ᠤᠷᠤᠯᠭ᠎ᠠ 7000 ᠲᠦᠮᠡᠨ ᠲᠦᠭᠦᠷᠢᠭ ᠢ᠋ ᠳᠠᠪᠠᠬᠤ ᠪᠤᠯᠤᠨ᠎ᠠ᠃

(ᠭᠡᠷᠡᠯ ᠵᠢᠷᠤᠭ ᠢ᠋ ᠪᠤᠭᠤᠲᠤ ᠬᠤᠲᠠ ᠶ᠋ᠢᠨ ᠲᠢᠶᠠᠨ ᠶᠢᠤ ᠠᠮᠢ ᠠᠬᠤᠢ ᠶ᠋ᠢᠨ ᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠡᠴᠡ ᠬᠠᠩᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号